ᠠᠷᠪᠠᠲᠣᠭᠠᠷ ᠰᠠᠷ᠎ᠠ᠎ᠶᠢᠨ ᠠᠶᠠᠯᠭᠣ
2025-09-29 15:26:20
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠤᠨ ᠴᠠᠬ ᠨᠢᠰᠦᠨ ᠣᠳᠴᠣ᠂ ᠤᠨ ᠴᠠᠬ ᠨᠢᠰᠦᠨ ᠢᠷᠡᠨ᠎ᠠ᠃

ᠨᠠᠮᠣᠷ᠎ᠤᠨ ᠰᠡᠷᠢᠬᠦᠦ ᠣᠷᠣᠵᠦ᠂ ᠪᠣᠴᠠᠬᠣ ᠭᠠᠯᠠᠭᠣᠨ᠎ᠤ ᠭᠠᠩᠭᠠᠷ ᠭᠣᠩᠭᠣᠷ ᠲᠠᠭᠣᠨ ᠬᠣᠯᠠᠲᠠᠨ ᠬᠣᠯᠠᠲᠠᠬᠰᠠᠭᠠᠷ ᠲᠡᠭᠷᠢ᠎ᠶᠢᠨ ᠬᠠᠶᠠᠭᠠᠨ ᠳ᠋ᠦ ᠰᠢᠩᠭᠡᠵᠦ ᠵᠠᠮᠬᠠᠷᠠᠨ᠎ᠠ᠃ ᠰᠢᠷᠭᠠᠯ ᠨᠠᠮᠣᠷ᠎ᠤᠨ ᠬᠣᠩᠭᠣᠷ ᠰᠠᠯᠬᠢ ᠴᠠᠬ᠎ᠤᠨ ᠬᠦᠷᠲᠦ᠎ᠶᠢ ᠪᠦᠮᠪᠦᠷᠢᠬᠦᠯᠦᠭᠰᠡᠭᠡᠷ ᠠᠷᠪᠠᠲᠣᠭᠠᠷ ᠰᠠᠷ᠎ᠠ ᠬᠠᠶᠠᠭᠠᠨ ᠳ᠋ᠦ ᠣᠢᠷᠠᠲᠣᠨ᠎ᠠ᠃ ᠡᠬᠡ ᠲᠡᠯᠡᠬᠡᠢ ᠦᠲᠡᠰᠢ᠎ᠶᠢᠨ ᠲᠣᠯᠣᠩ᠎ᠤᠨ ᠡᠶᠡᠪᠡᠷᠬᠦᠦ ᠪᠦᠪᠡᠢᠯᠡᠯ ᠲᠣᠮᠲᠠ ᠠᠮᠣᠭᠣᠯᠠᠩᠬᠠᠨ ᠨᠣᠢᠷᠰᠣᠵᠦ᠂ ᠡᠷᠬᠢᠭᠡᠳ ᠡᠷᠳᠡ᠎ᠶᠢᠨ ᠨᠠᠷᠠᠨ᠎ᠤ ᠨᠠᠢᠷᠠᠮᠲᠠᠭᠣ ᠢᠨᠢᠶᠡᠮᠰᠦᠭᠯᠡᠯ᠎ᠤᠨ ᠲᠣᠮᠲᠠ ᠲᠠᠢᠪᠣᠭᠣᠬᠠᠨ ᠰᠡᠷᠡᠨᠡᠮ᠃ ᠠᠭᠣᠷ ᠠᠮᠢᠰᠬᠣᠯ ᠨᠢᠭᠡ ᠯᠡ ᠲᠡᠭᠡᠷ᠎ᠡ ᠰᠠᠷᠢᠬᠦᠨ ᠲᠠᠭᠠᠯᠠᠮᠵᠢᠲᠠᠢ ᠪᠣᠯᠣᠬᠰᠠᠨ ᠮᠡᠲᠦ᠃ ᠦᠬᠡ ᠲᠠᠭᠣᠨ ᠦᠭᠡᠢ ᠮᠡᠯᠴᠡᠢᠵᠦ ᠬᠦᠲᠡᠩᠲᠦᠭᠰᠡᠨ ᠬᠡᠭᠡᠷ᠎ᠡ ᠬᠦᠲᠡᠭᠡ ᠮᠢᠨᠢ ᠦᠵᠦᠬᠦᠷ ᠦᠭᠡᠢ ᠬᠣᠯᠠ᠎ᠶᠢ ᠵᠣᠷᠢᠨ ᠬᠠᠩᠬᠢᠨᠠᠬᠰᠠᠨ ᠮᠣᠷᠢᠨ ᠬᠣᠭᠣᠷ᠎ᠤᠨ ᠣᠶᠠᠷᠠᠭᠣᠨ ᠵᠢᠪᠬᠣᠯᠠᠩᠲᠣ ᠠᠶᠠᠰ ᠮᠡᠲᠦ ᠮᠢᠩᠭᠠᠨ ᠵᠢᠯ ᠵᠠᠭᠣᠨ ᠤᠨ᠎ᠤ ᠡᠮᠦᠨᠡᠬᠢ ᠣᠴᠠᠷᠠᠯ ᠬᠣᠪᠢᠰᠣᠯ᠎ᠢ ᠪᠣᠲᠣᠬᠲᠠᠭᠣᠯᠣᠨ᠎ᠠ᠃

ᠡᠬᠡ ᠪᠠᠢᠭᠠᠯᠢ᠎ᠶᠢᠨ ᠠᠷᠪᠠᠲᠣᠭᠠᠷ ᠰᠠᠷ᠎ᠠ ᠡᠯᠪᠡᠭ ᠬᠣᠷᠢᠶᠠᠯᠲᠠ᠎ᠶᠢᠨ ᠬᠡᠰᠢᠭ ᠬᠣᠷᠣᠢᠯᠠᠵᠦ ᠰᠠᠭᠠᠲᠠᠬᠣ ᠳ᠋ᠦ ᠡᠬᠡ ᠣᠷᠣᠨ᠎ᠤ ᠮᠢᠨᠢ ᠠᠷᠪᠠᠲᠣᠭᠠᠷ ᠰᠠᠷ᠎ᠠ ᠡᠰᠡᠨᠢᠯ᠎ᠤᠨ ᠲᠠᠭᠣᠣ ᠲᠠᠢ ᠮᠣᠷᠢᠯᠠᠵᠦ ᠢᠷᠡᠲᠡᠭ ᠶᠣᠮ᠃

ᠠᠷᠪᠠᠲᠣᠭᠠᠷ ᠰᠠᠷ᠎ᠠ ᠠᠵᠠ ᠵᠢᠷᠭᠠᠯ᠎ᠤᠨ ᠠᠮᠲᠠ ᠲᠠᠢ᠂ ᠠᠵᠢᠯ ᠬᠦᠲᠡᠯᠮᠦᠷᠢ᠎ᠶᠢᠨ ᠰᠢᠮ᠎ᠡ ᠲᠠᠢ ᠪᠢᠯᠡ᠃ ᠢᠩᠬᠢᠵᠦ ᠪᠣᠲᠣᠬᠣ ᠲᠣᠰᠣᠮ ᠲᠠᠯᠠᠨ ᠵᠢᠷᠭᠣᠭᠠᠨ ᠵᠢᠯ᠎ᠤᠨ ᠲᠡᠷᠳᠡᠭᠡᠬᠢ ᠠᠷᠪᠠᠲᠣᠭᠠᠷ ᠰᠠᠷ᠎ᠠ ᠲᠡᠦᠬᠡ᠎ᠶᠢᠨ ᠬᠠᠭᠣᠲᠠᠰᠣᠨ ᠡᠴᠡ ᠬᠢᠯᠠᠯᠵᠠᠵᠦ ᠬᠠᠷᠠᠬᠲᠠᠬᠣ ᠪᠣᠯᠣᠨ᠎ᠠ᠃ ᠲᠡᠷᠡ ᠵᠢᠯ᠎ᠤᠨ ᠠᠷᠪᠠᠲᠣᠭᠠᠷ ᠰᠠᠷ᠎ᠠ᠎ᠶᠢᠨ ᠨᠢᠭᠡᠨ ᠳ᠋ᠦ᠂ ᠠᠷᠠᠳ ᠲᠦᠮᠡᠨ ᠮᠢᠨᠢ ᠭᠠᠵᠠᠷ ᠨᠣᠲᠣᠬ᠎ᠤᠨ ᠶ᠋ᠢᠡᠨ ᠡᠵᠡᠨ ᠪᠣᠯᠵᠦ᠂ ᠭᠠᠰᠠᠯᠵᠦ ᠪᠦᠲᠦᠷᠢᠵᠦ ᠶᠠᠪᠣᠬᠰᠠᠨ ᠲᠡᠦᠬᠡ ᠪᠠᠨ ᠡᠴᠦᠰᠯᠡᠬᠦᠯᠵᠦ᠂ 《ᠣᠷᠣᠬᠰᠢ ᠪᠠᠨ᠂ ᠣᠷᠣᠬᠰᠢ ᠪᠠᠨ᠂ ᠣᠷᠣᠬᠰᠢ ᠪᠠᠨ》 ᠭᠡᠵᠦ ᠣᠣᠬᠠᠢ ᠬᠠᠰᠬᠢᠷᠣᠨ ᠣᠷᠴᠢᠯᠠᠩ ᠲᠡᠯᠡᠬᠡᠢ ᠳ᠋ᠦ ᠪᠣᠰᠴᠣ ᠵᠣᠬᠰᠣᠬᠰᠠᠨ ᠶ᠋ᠢᠡᠨ ᠲᠣᠩᠬᠠᠬᠯᠠᠬᠰᠠᠨ ᠪᠢᠯᠡ᠃ ᠶᠠᠭᠣᠲᠠᠢ ᠪᠠᠶᠠᠷ᠂ ᠶᠠᠮᠠᠷ ᠶᠡᠬᠡ ᠵᠠᠪᠰᠢᠶᠠᠨ⁈ ᠬᠦᠮᠦᠨ᠎ᠤ ᠶᠢᠷᠲᠢᠨᠴᠦ᠎ᠶᠢᠨ ᠦᠰᠢᠯ ᠬᠢᠰᠡᠯ᠎ᠤᠨ ᠭᠠᠯ ᠬᠦᠭ ᠪᠣᠯᠣᠬᠰᠠᠨ ᠴᠠᠬ ᠦᠶ᠎ᠡ᠎ᠶᠢᠨ ᠣᠨᠢᠨ ᠲᠡᠭᠡᠷ᠎ᠡ ᠡᠬᠡ ᠣᠷᠣᠨ ᠮᠢᠨᠢ ᠦᠵᠡᠲᠡᠭ ᠦᠭᠡᠢ ᠪᠠᠨ ᠦᠵᠡᠵᠦ ᠶᠠᠪᠣᠬᠰᠠᠨ᠎ᠢ ᠲᠡᠦᠬᠡ ᠬᠦᠣᠷᠨᠢᠨ᠎ᠠ᠃ ᠬᠦᠭᠵᠢᠯ ᠪᠠᠲᠠᠷᠠᠯ᠎ᠤᠨ ᠬᠢᠯᠠᠯᠵᠠᠬᠰᠠᠨ ᠡᠷᠴᠢᠨ ᠲᠡᠭᠡᠷ᠎ᠡ ᠡᠬᠡ ᠣᠷᠣᠨ ᠮᠢᠨᠢ ᠪᠠᠰᠠ ᠰᠢᠯᠭᠠᠯᠲᠠ ᠬᠦᠯᠢᠶᠡᠵᠦ᠂ ᠰᠢᠨᠲᠠᠰᠣ ᠰᠣᠩᠭᠠᠵᠦ ᠶᠠᠪᠣᠭ᠎ᠠ᠎ᠶᠢ ᠪᠢᠲᠡ ᠮᠡᠳᠡᠨ᠎ᠡ᠃ ᠲᠡᠢᠮᠦ ᠡ᠂ ᠠᠷᠪᠠᠲᠣᠭᠠᠷ ᠰᠠᠷ᠎ᠠ ᠠᠭᠣᠣ ᠶᠡᠬᠡ ᠡᠬᠡ ᠣᠯᠣᠰ᠎ᠤᠨ ᠮᠢᠨᠢ ᠮᠡᠨᠲᠦᠯᠡᠭᠰᠡᠨ ᠪᠠᠶᠠᠷ᠎ᠤᠨ ᠡᠳᠦᠷ ᠶ᠋ᠢᠡᠷ ᠬᠦᠰᠢᠭᠡ ᠰᠡᠬᠦᠲᠡᠭ᠃ ᠶᠠᠬ ᠡᠢᠮᠦ ᠡᠴᠡ ᠠᠵᠠ ᠵᠢᠷᠭᠠᠯ᠎ᠤᠨ ᠭᠡᠭᠡᠨ ᠲᠣᠶᠠᠭ᠎ᠠ ᠠᠷᠪᠠᠲᠣᠭᠠᠷ ᠰᠠᠷ᠎ᠠ ᠡᠴᠡ ᠡᠬᠢᠯᠠᠵᠦ ᠰᠠᠴᠣᠷᠠᠬᠰᠠᠨ ᠨᠢ ᠦᠨᠡᠨ᠃

ᠠᠷᠪᠠᠲᠣᠭᠠᠷ ᠰᠠᠷ᠎ᠠ ᠠᠷᠪᠠᠨ ᠵᠦᠢᠯ᠎ᠤᠨ ᠦᠩᠭᠡ ᠪᠡᠷ ᠮᠢᠷᠠᠯᠵᠠᠲᠠᠬ᠃ ᠬᠠᠷᠠᠭ᠎ᠠ ᠰᠣᠩᠭᠠᠬᠰᠠᠨ ᠵᠦᠭ ᠪᠦᠬᠦᠨ ᠳ᠋ᠦ ᠲᠠᠯ᠎ᠠ ᠵᠣ ᠰᠢᠷᠭᠠᠯᠲᠣᠨ᠂ ᠲᠣᠰᠣᠨ ᠪᠣᠲᠣᠬ᠎ᠤᠨ ᠵᠢᠷᠣᠬ ᠰᠢᠬ ᠢᠯᠭᠠᠷᠠᠨ᠎ᠠ᠃ ᠬᠠᠮᠢᠭ᠎ᠠ ᠨᠢᠭᠡ ᠭᠠᠵᠠᠷ ᠠᠮᠣ ᠲᠠᠷᠢᠶ᠎ᠠ ᠬᠠᠯᠢᠭᠣᠷᠠᠵᠦ᠂ ᠬᠦᠲᠡᠯᠮᠦᠷᠢ ᠬᠣᠷᠢᠶᠠᠯᠲᠠ᠎ᠶᠢᠨ ᠪᠠᠬᠠᠲᠣᠯᠲᠣ ᠣᠶᠠᠩᠭ᠎ᠠ ᠬᠠᠩᠬᠢᠨᠠᠨ᠎ᠠ᠃ ᠮᠦᠩᠬᠡ ᠨᠣᠭᠣᠭᠠᠨ ᠨᠠᠷᠠᠰᠣ᠂ ᠭᠠᠴᠣᠷ᠎ᠠ᠂ ᠴᠠᠬ᠎ᠤᠨ ᠠᠶᠠᠰ ᠶ᠋ᠢᠡᠷ ᠲᠦᠮᠡᠨ ᠨᠠᠪᠴᠢ ᠪᠠᠨ ᠰᠢᠷᠭᠠᠯᠲᠣᠭᠣᠯᠣᠨ ᠪᠠᠢᠭ᠎ᠠ ᠬᠣᠰᠣ᠂ ᠣᠯᠢᠶᠠᠰᠣ ᠪᠣᠯᠣᠨ ᠦᠷ᠎ᠡ ᠵᠢᠮᠢᠰ ᠨᠢ ᠣᠯᠠᠢᠵᠦ᠂ ᠨᠠᠪᠴᠢ ᠮᠦᠴᠢᠷ ᠨᠢ ᠬᠦᠷᠡᠩ ᠰᠣᠷ ᠲᠠᠲᠠᠨ ᠪᠠᠢᠭ᠎ᠠ ᠨᠡᠷ᠎ᠡ᠎ᠶᠢ ᠨᠢ ᠦᠯᠦ ᠮᠡᠳᠡᠬᠦ ᠬᠡᠭᠡᠷ᠎ᠡ᠎ᠶᠢᠨ ᠣᠯᠠᠨ ᠵᠢᠮᠢᠰ ᠨᠠᠮᠣᠷ᠎ᠤᠨ ᠲᠣᠩᠭᠠᠯᠠᠬ ᠡᠳᠦᠷ᠎ᠤᠨ ᠨᠠᠷᠠᠨ᠎ᠤ ᠬᠣᠷᠴᠠ ᠭᠡᠷᠡᠯ ᠳ᠋ᠦ ᠦᠩᠭᠡ ᠬᠣᠣᠰᠯᠠᠨ᠂ ᠬᠦᠲᠡᠭᠡ ᠬᠡᠭᠡᠷ᠎ᠡ᠎ᠶᠢᠨ ᠠᠩᠬᠢᠯᠣᠮ᠎ᠠ ᠴᠡᠩᠭᠡᠭ ᠠᠭᠠᠷ᠂ ᠡᠪᠡᠰᠦ ᠨᠣᠭᠣᠭ᠎ᠠ᠂ ᠵᠢᠮᠢᠰ᠎ᠤᠨ ᠦᠨᠦᠷ ᠭᠣᠢᠲᠠ ᠰᠣᠲᠣᠨ ᠰᠣᠯᠣᠩᠭᠠᠷᠠᠨ᠎ᠠ᠃ ᠲᠠᠩᠰᠣᠬ ᠨᠠᠮᠣᠷ᠎ᠤᠨ ᠦᠩᠭᠡ᠎ᠶᠢ ᠪᠠᠬᠠᠲᠣᠨ᠂ ᠦᠨᠦᠷ ᠲᠣᠨᠢ ᠰᠣᠬᠲᠣᠭᠣᠷᠠᠬᠣ ᠳ᠋ᠦ 《ᠨᠠᠮᠣᠷ ᠪᠣᠯ ᠣᠷᠠᠯᠢᠬ᠂ ᠦᠭᠡᠷ᠎ᠡ ᠪᠣᠰᠣᠳ ᠨᠢ ᠣᠯᠠᠷᠢᠯ》 ᠭᠡᠰᠡᠨ ᠬᠡᠨ ᠨᠢᠭᠡᠨ᠎ᠤ ᠬᠡᠯᠡᠭᠰᠡᠨ ᠦᠭᠡ᠎ᠶᠢ ᠡᠷᠬᠡ ᠦᠭᠡᠢ ᠦᠨᠡᠮᠰᠢᠬᠦ ᠶᠣᠮ᠃

ᠠᠭᠣᠲᠠᠮ ᠬᠡᠭᠡᠷ᠎ᠡ᠎ᠶᠢᠨ ᠰᠠᠯᠬᠢ ᠨᠢ ᠬᠦᠷᠲᠡᠯ᠎ᠡ ᠬᠣᠭᠣᠷᠲᠠᠵᠦ ᠴᠢᠲᠠᠲᠠᠬ ᠠᠷᠪᠠᠲᠣᠭᠠᠷ ᠰᠠᠷ᠎ᠠ ᠪᠣᠯ ᠠᠶᠠᠯᠭᠣ ᠲᠠᠭᠣᠣ ᠶᠣᠮᠰᠠᠨ᠃ 《ᠨᠠᠮᠣᠷ᠎ᠤᠨ ᠰᠠᠯᠬᠢᠨ ᠪᠣᠯᠪᠠᠰᠣ ᠶᠠᠭᠠᠬᠢᠬᠣ᠎ᠶᠢᠨ ᠠᠷᠭ᠎ᠠ ᠦᠭᠡᠢ ᠣᠷᠲᠣ᠎ᠶᠢᠨ ᠲᠠᠭᠣᠣ᠎ᠶᠢᠨ ᠬᠣᠪᠢᠯᠪᠣᠷᠢ ᠪᠦᠯᠦᠭᠡ》 ᠭᠡᠰᠡᠨ ᠲᠣᠷᠣᠨᠠᠲ᠋ᠡᠭᠷᠢ᠎ᠶᠢᠨ ᠰᠢᠯᠦᠭ᠎ᠤᠨ ᠪᠠᠲᠠᠬ ᠪᠣᠢ᠃ ᠬᠡᠷᠪᠡ ᠰᠡᠷᠴᠢᠬᠢᠨᠡᠬᠦ ᠰᠠᠯᠬᠢᠨ ᠨᠢ ᠣᠷᠲᠣ᠎ᠶᠢᠨ ᠲᠠᠭᠣᠣ ᠶᠣᠮ ᠪᠣᠯ ᠱᠠᠷᠴᠢᠬᠢᠨᠠᠨ ᠬᠡᠢᠰᠬᠦ ᠨᠠᠪᠴᠢᠰ ᠪᠣᠯ ᠴᠠᠬ ᠮᠦᠴᠡ᠂ ᠠᠮᠢ ᠨᠠᠰᠣᠨ᠎ᠤ ᠠᠶᠠᠯᠭᠣ ᠪᠣᠯᠬᠣ ᠶᠣᠮ᠃ ᠲᠡᠷᠡ ᠲᠠᠭᠣᠣ᠎ᠶᠢ ᠠᠨᠢᠷᠲᠣᠨ ᠴᠢᠩᠨᠠᠪᠠᠰᠣ᠂ ᠠᠭᠣᠯᠠ ᠣᠰᠣ ᠨᠢ ᠲᠠᠭᠣᠯᠠᠵᠦ ᠪᠠᠢᠬᠣ ᠪᠡᠷ᠂ ᠣᠷᠭᠣᠮᠠᠯ ᠠᠮᠢᠲᠠᠨ ᠨᠢ ᠪᠦᠵᠢᠭᠯᠡᠵᠦ ᠪᠠᠢᠬᠣ ᠪᠡᠷ ᠰᠣᠨᠣᠰᠲᠠᠲᠠᠬ ᠶᠣᠮ᠂ ᠬᠠᠷᠠᠬᠲᠠᠲᠠᠬ ᠶᠣᠮ᠃ ᠡᠬᠡ ᠪᠠᠢᠭᠠᠯᠢ᠎ᠶᠢᠨ ᠣᠶᠠᠬᠠᠨ ᠢᠷᠠᠭᠣ ᠬᠣᠭᠣᠯᠠᠢ ᠪᠡᠷ ᠰᠢᠷᠣᠩᠬᠠᠢᠯᠠᠨ ᠲᠠᠭᠣᠯᠠᠬᠰᠠᠨ ᠲᠡᠷᠡ ᠠᠶ᠎ᠠ ᠲᠠᠭᠣᠣ ᠠᠮᠢ ᠨᠠᠰᠣᠨ᠎ᠤ ᠡᠷᠬᠢᠮ ᠴᠣᠬᠠᠬ᠂ ᠠᠷᠢᠭᠣᠨ ᠬᠠᠢᠷ᠎ᠠ᠎ᠶᠢᠨ ᠦᠨ᠎ᠡ ᠴᠠᠨ᠎ᠠ᠎ᠶᠢ ᠬᠦᠮᠦᠰ ᠲᠦ᠍ ᠣᠬᠠᠭᠠᠷᠠᠭᠣᠯᠵᠦ ᠬᠠᠩᠬᠢᠨᠠᠨ᠎ᠠ᠃ ᠬᠠᠪᠣᠷ ᠲᠠᠷᠢᠵᠦ᠂ ᠵᠣᠨ ᠠᠷᠠᠴᠢᠯᠠᠬᠣ᠎ᠶᠢᠨ ᠣᠴᠢᠷ ᠣᠳᠬ᠎ᠠ ᠦᠩᠰᠢᠭ ᠨᠠᠮᠣᠷ᠎ᠤᠨ ᠠᠷᠪᠠᠲᠣᠭᠠᠷ ᠰᠠᠷ᠎ᠠ ᠳ᠋ᠦ ᠵᠣᠷᠢᠭᠣᠯᠣᠬᠲᠠᠲᠠᠬ ᠪᠠᠢᠵᠦ ᠳ᠋ᠠ᠃

ᠠᠶ᠎ᠠ᠂ ᠠᠯᠲᠠᠨ ᠨᠠᠮᠣᠷ᠎ᠤᠨ ᠠᠷᠪᠠᠲᠣᠭᠠᠷ ᠰᠠᠷ᠎ᠠ ᠭᠡᠵᠦ ᠲᠠᠭᠣᠯᠠᠮᠠᠷ᠂ ᠲᠤᠭᠳᠤᠯᠤᠮᠠᠷ᠂ ᠲᠤᠷᠠᠯᠠᠮᠠᠷ ᠰᠠᠢᠬᠠᠨ ᠶᠣᠮ ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号