ᠡᠭᠡ ᠤᠷᠤᠨ᠎ᠤ᠎ᠪᠠᠨ ᠴᠢᠯᠠᠭᠤᠳᠢ ᠪᠢ ᠵᠦᠪᠭᠡᠨ
ᠬᠦᠭᠡ ᠴᠢᠯᠠᠭᠤᠳ ᠯᠡ ᠭᠡᠵᠦ᠍ ᠰᠠᠨᠠᠭ᠎ᠠ ᠦᠭᠡᠢ
ᠡᠪᠦᠭᠡᠳ᠎ᠤᠨ ᠵᠠᠬᠢᠶ᠎ᠠ ᠦᠪᠯᠡᠭ᠌ᠰᠡᠨ
ᠴᠢᠨᠳᠠᠮᠤᠨᠢ ᠡᠷᠳᠡᠨᠢ ᠭᠡᠮᠡᠨ ᠲᠦᠰᠦᠭᠡᠯᠡᠳᠡᠭ
ᠡᠭᠡ ᠤᠷᠤᠨ᠎ᠤ᠎ᠪᠠᠨ ᠴᠢᠯᠠᠭᠤᠳᠢ ᠪᠢ ᠵᠦᠪᠭᠡᠨ
ᠬᠦᠢᠳᠡᠨ ᠴᠢᠯᠠᠭᠤᠳ ᠯᠡ ᠭᠡᠵᠤ ᠰᠠᠨᠠᠭ᠎ᠠ ᠦᠭᠡᠢ
ᠡᠪ᠎ᠤᠨ ᠲᠡᠭ᠌ᠷᠢ᠎ᠶ᠋ᠢ ᠨᠦᠬᠦᠭ᠌ᠰᠡᠨ
ᠭᠠᠵᠠᠷ᠎ᠤᠨ ᠲᠠᠮᠠᠭ᠎ᠠ ᠭᠡᠮᠡᠨ ᠲᠦᠰᠦᠭᠡᠯᠡᠳᠡᠭ
ᠡᠭᠡ ᠤᠷᠤᠨ᠎ᠤ᠎ᠪᠠᠨ ᠴᠢᠯᠠᠭᠤᠳᠢ ᠪᠢ
ᠠᠳᠤᠭᠤᠳ᠎ᠤᠨ ᠲᠤᠭ᠎ᠠ᠎ᠪᠠᠷ ᠲᠦᠰᠦᠭᠡᠯᠡᠳᠡᠭ
ᠡᠭᠡ ᠭᠠᠵᠠᠷ᠎ᠢᠶᠠᠨ ᠨᠠᠯᠠᠵᠤ ᠴᠢᠩᠨᠠᠭ᠍ᠰᠠᠨ
ᠡᠩᠬᠦᠷᠡᠢ ᠰᠡᠳᠭᠢᠯ ᠭᠡᠵᠤ ᠲᠦᠰᠦᠭᠡᠯᠡᠳᠡᠭ
ᠡᠭᠡ ᠤᠷᠤᠨ᠎ᠤ᠎ᠪᠠᠨ ᠴᠢᠯᠠᠭᠤᠳᠢ ᠪᠢ
ᠲᠤᠷᠮᠤᠯᠵᠠᠬᠤ ᠬᠠᠷ᠎ᠠ ᠨᠢᠳᠦᠨ ᠭᠡᠵᠤ ᠲᠦᠰᠦᠭᠡᠯᠡᠳᠡᠭ
ᠨᠠᠷᠠᠨ᠎ᠤ ᠰᠦ᠎ᠶ᠋ᠢ ᠬᠦᠬᠦᠭ᠌ᠰᠡᠨ
ᠭᠡᠷᠡᠯᠳᠦ ᠲᠤᠳᠤᠭᠠᠳᠤ ᠶᠢᠷᠳᠢᠨᠴᠦ᠍ ᠭᠡᠵᠤ ᠲᠦᠰᠦᠭᠡᠯᠡᠳᠡᠭ
ᠡᠭᠡ ᠤᠷᠤᠨ᠎ᠤ᠎ᠪᠠᠨ ᠴᠢᠯᠠᠭᠤᠳᠢ ᠪᠢ
ᠲᠤᠳᠤᠭᠠᠳᠤ ᠡᠩᠭᠡᠷ᠎ᠲᠠᠢ ᠬᠦᠳᠦᠰᠦᠨ ᠲᠡᠪᠡᠯ ᠭᠡᠵᠤ ᠲᠦᠰᠦᠭᠡᠯᠡᠳᠡᠭ
ᠲᠤᠯᠤᠭᠠᠨ ᠪᠤᠷᠬᠠᠨ᠎ᠤ ᠮᠡᠯᠮᠡᠢ᠎ᠪᠠᠷ ᠦᠨᠦᠰᠦᠬᠦᠯᠦᠭ᠌ᠰᠡᠨ
ᠬᠠᠯᠠᠭᠤᠨ ᠭᠤᠤᠯ᠎ᠲᠠᠢ ᠤᠳᠤᠮ᠎ᠤᠨ᠎ᠬᠢᠨ ᠭᠡᠵᠤ ᠲᠦᠰᠦᠭᠡᠯᠡᠳᠡᠭ
ᠡᠭᠡ ᠤᠷᠤᠨ᠎ᠤ᠎ᠪᠠᠨ ᠴᠢᠯᠠᠭᠤᠳ᠎ᠠᠴᠠ ᠪᠢ
ᠬᠦᠯᠢᠶᠡᠯᠳᠡ᠎ᠶ᠋ᠢᠨ ᠠᠭᠤᠤ ᠶᠡᠭᠡ᠎ᠶ᠋ᠢ ᠮᠡᠳᠡᠷᠡᠳᠡᠭ
ᠡᠯᠢᠭᠡᠨ ᠬᠦᠷᠡᠩ ᠠᠭᠤᠯᠠᠰ᠎ᠤᠨ
ᠡᠳᠡᠭᠡᠳ ᠠᠮᠤᠭᠤᠯᠠᠩ᠎ᠢ ᠮᠡᠳᠡᠷᠡᠳᠡᠭ
ᠡᠭᠡ ᠤᠷᠤᠨ᠎ᠤ᠎ᠪᠠᠨ ᠴᠢᠯᠠᠭᠤᠳ᠎ᠠᠴᠠ ᠪᠢ
ᠬᠦᠴᠦᠷᠭᠡᠭ ᠡᠭᠡᠯ ᠶᠡᠷᠦᠮᠳᠡᠭᠢ ᠮᠡᠳᠡᠷᠡᠳᠡᠭ
ᠬᠦᠷᠦᠯᠴᠡᠭᠡ ᠦᠭᠡᠢ ᠭᠠᠷᠤᠨ ᠬᠤᠷᠤᠭᠤᠳ᠎ᠤᠨ
ᠭᠡᠨ᠎ᠢ ᠪᠦᠯᠢᠶᠡᠨ ᠪᠠᠢᠳᠠᠭ᠎ᠢ ᠮᠡᠳᠡᠷᠡᠳᠡᠭ
ᠡᠭᠡ ᠤᠷᠤᠨ᠎ᠤ ᠮᠢᠨᠢ ᠴᠢᠯᠠᠭᠤᠳ
ᠠᠯᠠᠭᠠᠨ ᠲᠡᠭᠡᠷ᠎ᠡ ᠮᠢᠨᠢ ᠠᠮᠢᠰᠭᠤᠯᠯᠠᠳᠠᠭ
ᠡᠷᠪᠡᠭᠡᠷ ᠰᠡᠷᠪᠡᠭᠡᠷ ᠬᠠᠳᠠ᠎ᠨᠢ
ᠡᠯᠢᠭᠡᠨ ᠢᠯᠴᠢᠨ᠎ᠳᠤ ᠪᠦᠯᠢᠶᠡᠰᠳᠡᠭ
ᠡᠭᠡ ᠤᠷᠤᠨ᠎ᠤ ᠮᠢᠨᠢ ᠴᠢᠯᠠᠭᠤᠳ
ᠦᠨᠳᠦᠰᠦᠨ ᠲᠡᠭᠡᠷ᠎ᠡ᠎ᠪᠠᠨ ᠪᠦᠯᠬᠦᠮᠳᠡᠳᠡᠭ
ᠪᠦᠪᠡᠢ᠎ᠶ᠋ᠢᠨ ᠲᠠᠭᠤᠤ᠎ᠳᠤ ᠤᠶᠠᠷᠠᠵᠤ
ᠦᠷ᠎ᠤᠨ ᠭᠡᠭᠡᠨ᠎ᠳᠤ ᠴᠡᠴᠡᠭ᠌ᠯᠡᠳᠡᠭ
ᠡᠭᠡ ᠤᠷᠤᠨ᠎ᠤ᠎ᠪᠠᠨ ᠴᠢᠯᠠᠭᠤᠳ᠎ᠢᠶᠠᠷ ᠪᠢ
ᠭᠠᠯ ᠴᠠᠬᠢᠭ᠍ᠰᠠᠨᠢᠶᠠᠨ ᠮᠠᠷᠳᠠᠬᠤ ᠦᠭᠡᠢ
ᠡᠭᠡ ᠤᠷᠤᠨ᠎ᠤ᠎ᠪᠠᠨ ᠴᠢᠯᠠᠭᠤᠳ᠎ᠢᠶᠠᠷ ᠪᠢ
ᠭᠡᠷ ᠪᠠᠷᠢᠭ᠍ᠰᠠᠨ᠎ᠢᠶᠠᠨ ᠤᠮᠠᠷᠳᠠᠬᠤ ᠦᠭᠡᠢ
ᠡᠭᠡ ᠤᠷᠤᠨ᠎ᠤ ᠴᠢᠯᠠᠭᠤᠳ
ᠡᠷᠭᠡ ᠴᠢᠯᠦᠭᠡᠨ᠎ᠤ ᠬᠦᠢᠰ ᠬᠦᠢᠰ ᠨᠠᠢᠷᠠᠭ
ᠡᠭᠡ ᠤᠷᠤᠨ᠎ᠤ ᠴᠢᠯᠠᠭᠤᠳ
ᠲᠡᠯᠡᠭᠡᠢᠲᠠᠢᠪᠠᠨ ᠠᠭᠠᠷ ᠨᠢᠭᠡᠨ
ᠴᠢᠰᠤᠨ ᠠᠮᠢᠰᠭᠤᠯ᠎ᠢᠶᠠᠷ
ᠡᠭᠡ ᠤᠷᠤᠨ᠎ᠤ ᠴᠢᠯᠠᠭᠤᠳᠲᠠᠢᠪᠠᠨ
ᠪᠢ ᠬᠤᠯᠪᠤᠭ᠍ᠳᠠᠨ᠎ᠠ
ᠴᠢᠯᠠᠭᠤᠨ ᠵᠡᠪᠰᠡᠭ᠎ᠤᠨ ᠦᠶ᠎ᠡ᠎ᠠᠴᠠ
ᠪᠢ
ᠡᠭᠡ ᠤᠷᠤᠨ᠎ᠲᠠᠢ᠎ᠪᠠᠨ ᠬᠤᠯᠪᠤᠭ᠍ᠳᠠᠨ᠎ᠠ