ᠮᠢᠨᠤ ᠡᠬᠡ ᠤᠷᠤᠨ
2025-09-29 15:34:47
ᠵᠣᠬᠢᠶᠠᠭ᠍ᠴᠢ᠄
ᠨᠠ᠊·ᠬᠦᠬᠡᠱᠢᠭᠤᠢ
ᠣᠩᠱᠢᠭ᠍ᠰᠠᠨ ᠣᠳᠠᠭ᠎ᠠ᠄
★★★☆☆

ᠮᠢᠨᠤ ᠡᠬᠡ ᠤᠷᠤᠨ ᠭᠡᠵᠤ ——

ᠡᠨᠡᠷᠢᠯᠳᠤ ᠡᠵᠢ᠎ᠶ᠋ᠢᠨ ᠮᠢᠨᠢ ᠰᠦ ᠬᠠᠩᠬᠤᠯᠤᠭ᠍ᠰᠠᠨ ᠡᠪᠤᠷ᠎ᠢ ᠬᠡᠯᠡᠨ᠎ᠡ

ᠡᠷᠬᠡ ᠴᠢᠯᠦᠭᠡᠨ᠎ᠤ ᠨᠠᠷᠠ ᠰᠠᠴᠤᠷᠠᠭ᠍ᠰᠠᠨ ᠬᠠᠪᠤᠷ᠎ᠢ ᠬᠡᠯᠡᠨ᠎ᠡ

ᠡᠩᠭᠡ ᠮᠡᠨᠳᠤ᠎ᠶ᠋ᠢᠨ ᠢᠷᠦᠭᠡᠯ ᠱᠢᠩᠭᠡᠭ᠌ᠰᠡᠨ ᠬᠦᠬᠦᠦᠷ᠎ᠢ ᠬᠡᠯᠡᠨ᠎ᠡ

ᠡᠰᠡᠨᠢᠯ ᠬᠦᠭ᠌ᠵᠢᠯ᠎ᠤᠨ ᠲᠦᠷᠦᠬᠡ ᠴᠢᠩᠭᠠᠯᠠᠭ᠍ᠰᠠᠨ ᠵᠢᠭᠦᠷ᠎ᠢ ᠬᠡᠯᠡᠨ᠎ᠡ


ᠮᠢᠨᠤ ᠡᠬᠡ ᠤᠷᠤᠨ ᠭᠡᠵᠤ ——

ᠲᠠᠪᠤᠨ ᠤᠳᠤᠳᠤ ᠤᠯᠠᠭᠠᠨ ᠲᠤᠭ ᠨᠠᠮᠢᠷᠠᠭ᠍ᠰᠠᠨ ᠲᠡᠭ᠌ᠷᠢ᠎ᠶ᠋ᠢ ᠬᠡᠯᠡᠨ᠎ᠡ

ᠲᠠᠩᠰᠤᠭ ᠵᠢᠷᠭᠠᠯᠳᠤ ᠠᠮᠢᠳᠤᠷᠠᠯ ᠴᠠᠯᠬᠢᠯᠠᠭ᠍ᠰᠠᠨ ᠭᠠᠵᠠᠷ᠎ᠢ ᠬᠡᠯᠡᠨ᠎ᠡ

ᠲᠠᠪᠢᠨ ᠵᠢᠷᠭᠤᠭᠠᠨ ᠦᠨᠳᠦᠰᠦᠲᠡᠨ᠎ᠤ ᠬᠠᠯᠠᠭᠤᠨ ᠲᠤᠯᠠᠭᠠᠨ ᠦᠯᠦᠭᠡᠢ᠎ᠶ᠋ᠢ ᠬᠡᠯᠡᠨ᠎ᠡ

ᠲᠠᠪᠢᠯᠠᠩ ᠵᠠᠶᠠᠭ᠎ᠠ᠎ᠪᠠᠨ ᠬᠤᠯᠪᠤᠭ᠍ᠰᠠᠨ ᠬᠠᠢᠷ᠎ᠠ᠎ᠶ᠋ᠢᠨ ᠨᠤᠭᠤᠭᠠᠨ ᠲᠡᠯᠡᠬᠡᠢ᠎ᠶ᠋ᠢ ᠬᠡᠯᠡᠨ᠎ᠡ


ᠮᠢᠨᠤ ᠡᠬᠡ ᠤᠷᠤᠨ ᠭᠡᠵᠤ ——

ᠦᠷᠯᠦᠭᠡ᠎ᠶ᠋ᠢᠨ ᠨᠠᠷᠠ᠎ᠶ᠋ᠢ ᠢᠨᠢᠶᠡᠳᠤ᠎ᠪᠠᠷ ᠤᠭ᠍ᠳᠤᠳᠠᠭ ᠠᠭᠤᠯᠠᠰ᠎ᠢ ᠬᠡᠯᠡᠨ᠎ᠡ

ᠦᠳᠡᠰᠢ᠎ᠶ᠋ᠢᠨ ᠰᠠᠷᠠ᠎ᠶ᠋ᠢ ᠵᠢᠷᠭᠠᠯ᠎ᠢᠶᠠᠷ ᠱᠤᠩᠪᠠᠭᠤᠯᠳᠠᠭ ᠨᠠᠭᠤᠷ᠎ᠢ ᠬᠡᠯᠡᠨ᠎ᠡ

ᠦᠷᠦᠴᠡᠨ᠎ᠤ ᠬᠠᠢᠷ᠎ᠠ᠎ᠶ᠋ᠢ ᠲᠠᠳᠠᠭᠠᠳ ᠪᠠᠢᠳᠠᠭ ᠬᠤᠭᠤᠷ᠎ᠢ ᠬᠡᠯᠡᠨ᠎ᠡ

ᠦᠨᠡᠨ ᠰᠡᠳᠭᠢᠯ᠎ᠢ ᠪᠠᠶᠠᠰᠭᠠᠭᠠᠳ ᠪᠠᠢᠳᠠᠭ ᠠᠮᠢᠳᠤᠷᠠᠯ᠎ᠢ ᠬᠡᠯᠡᠨ᠎ᠡ


ᠮᠢᠨᠤ ᠡᠬᠡ ᠤᠷᠤᠨ ᠭᠡᠵᠤ ——

ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠭ᠌ᠰᠡᠨ ᠠᠷᠠᠳ᠎ᠢ ᠬᠡᠯᠡᠨ᠎ᠡ

ᠠᠢᠷᠠᠭ᠎ᠤᠨ ᠦᠨᠦᠷ ᠱᠢᠭ ᠨᠠᠮᠢᠷᠠᠭ᠎ᠠ ᠬᠤᠷ᠎ᠠ᠎ᠲᠠᠢ ᠨᠤᠳᠤᠭ᠎ᠢ ᠬᠡᠯᠡᠨ᠎ᠡ

ᠠᠯᠠᠭ ᠨᠢᠳᠤ᠎ᠪᠠᠨ ᠱᠢᠭ ᠬᠠᠢᠷᠠᠯᠠᠵᠤ ᠶᠠᠪᠤᠬᠤ ᠠᠭᠤᠯᠠ ᠤᠰᠤ᠎ᠶ᠋ᠢ ᠬᠡᠯᠡᠨ᠎ᠡ

ᠠᠮᠢ ᠨᠠᠰᠤ᠎ᠪᠠᠨ ᠱᠢᠭ᠋ ᠡᠷᠬᠢᠮᠨᠠᠵᠤ ᠶᠠᠪᠤᠬᠤ ᠡᠩᠭᠡ ᠲᠠᠢᠪᠤᠩ᠎ᠢ ᠬᠡᠯᠡᠨ᠎ᠡ


ᠮᠢᠨᠤ ᠡᠬᠡ ᠤᠷᠤᠨ ᠭᠡᠵᠤ ——

ᠬᠠᠢᠷ᠎ᠠ ᠬᠠᠢᠷ᠎ᠠ᠎ᠶ᠋ᠢᠨ ᠬᠠᠮᠤᠭ ᠦᠨᠡᠨᠴᠢ ᠬᠠᠷᠠᠴᠠ᠎ᠶ᠋ᠢ ᠬᠡᠯᠡᠨ᠎ᠡ

ᠬᠠᠢᠯ ᠬᠠᠢᠯ᠎ᠤᠨ ᠬᠠᠮᠤᠭ ᠲᠤᠩᠭᠠᠯᠠᠭ ᠬᠠᠷᠠᠵᠠ᠎ᠶ᠋ᠢ ᠬᠡᠯᠡᠨ᠎ᠡ

ᠬᠠᠪᠤᠷ ᠬᠠᠪᠤᠷ᠎ᠤᠨ ᠬᠠᠮᠤᠭ ᠱᠢᠨ᠎ᠠ ᠰᠦᠶ᠎ᠡ᠎ᠶ᠋ᠢ ᠬᠡᠯᠡᠨ᠎ᠡ

ᠬᠠᠨᠢ ᠬᠠᠨᠢ᠎ᠶ᠋ᠢᠨ ᠬᠠᠮᠤᠭ ᠡᠷᠬᠢᠮ ᠰᠡᠳᠭᠢᠯ᠎ᠢ ᠬᠡᠯᠡᠨ᠎ᠡ


ᠮᠢᠨᠤ ᠡᠬᠡ ᠤᠷᠤᠨ ᠭᠡᠵᠤ ——

ᠡᠵᠡᠨ ᠰᠠᠭᠤᠵᠤ ᠡᠷᠭᠡ ᠮᠡᠳᠡᠭ᠌ᠰᠡᠨ ᠤᠮᠤᠭ᠍ᠰᠢᠯ᠎ᠢ ᠬᠡᠯᠡᠨ᠎ᠡ

ᠡᠷᠬᠡ ᠲᠡᠭ᠌ᠰᠢ ᠵᠢᠷᠭᠠᠯ ᠡᠳ᠋ᠯᠡᠭ᠌ᠰᠡᠨ ᠪᠠᠭ᠍ᠠᠷᠬᠠᠯ᠎ᠢ ᠬᠡᠯᠡᠨ᠎ᠡ

ᠡᠯ᠎ᠡ ᠦᠨᠳᠦᠰᠦᠲᠡᠨ ᠨᠢᠭ᠍ᠲᠠᠷᠠᠨ ᠪᠦᠯᠬᠦᠮᠲᠡᠭ᠌ᠰᠡᠨ ᠲᠠᠭᠤᠯᠠᠯ᠎ᠢ ᠬᠡᠯᠡᠨ᠎ᠡ

ᠡᠷᠢᠨ ᠴᠠᠭ᠎ᠲᠠᠢ ᠵᠡᠷᠭᠡᠴᠡᠨ ᠤᠷᠤᠭ᠍ᠰᠢᠯᠠᠭ᠍ᠰᠠᠨ ᠪᠠᠲᠠᠷᠠᠯ᠎ᠢ ᠬᠡᠯᠡᠨ᠎ᠡ


ᠮᠢᠨᠤ ᠡᠬᠡ ᠤᠷᠤᠨ ᠭᠡᠵᠤ ——

ᠴᠡᠴᠡᠭ᠎ᠤᠨ ᠦᠨᠦᠷ᠎ᠲᠠᠢ ᠠᠷᠢᠭᠤᠨ ᠲᠤᠩᠭᠠᠯᠠᠭ ᠰᠠᠯᠬᠢ᠎ᠶᠢ ᠬᠡᠯᠡᠨ᠎ᠡ

ᠴᠡᠩᠭᠡᠯ᠎ᠤᠨ ᠲᠠᠭᠤᠤ᠎ᠲᠠᠢ ᠠᠵᠠ ᠵᠢᠷᠭᠠᠯᠳᠤ ᠪᠤᠷᠤᠭᠠᠨ᠎ᠢ ᠬᠡᠯᠡᠨ᠎ᠡ

ᠴᠡᠯᠭᠡᠷᠡᠵᠤ ᠪᠠᠢᠭ᠎ᠠ ᠨᠤᠮᠢᠨ ᠨᠤᠭᠤᠭᠠᠨ ᠬᠦᠲᠡᠭᠡ᠎ᠶ᠋ᠢ ᠬᠡᠯᠡᠨ᠎ᠡ

ᠴᠡᠴᠡᠭ᠌ᠯᠡᠵᠤ ᠪᠠᠢᠭ᠎ᠠ ᠨᠤᠳᠤᠭ ᠤᠰᠤᠨ᠎ᠤ ᠬᠦᠭ᠌ᠵᠢᠯ᠎ᠢ ᠬᠡᠯᠡᠨ᠎ᠡ


ᠮᠢᠨᠤ ᠡᠬᠡ ᠤᠷᠤᠨ ᠭᠡᠵᠤ ——

ᠲᠠᠪᠤᠨ ᠮᠢᠩᠭᠠᠨ ᠵᠢᠯ᠎ᠤᠨ ᠦᠦᠬᠡ ᠲᠡᠦᠬᠡ᠎ᠲᠠᠢ ᠰᠤᠶᠤᠯ᠎ᠢ ᠬᠡᠯᠡᠨ᠎ᠡ

ᠲᠠᠲᠠᠭᠤᠷᠠᠰᠢ ᠦᠭᠡᠢ ᠪᠤᠷᠬᠢᠯᠤᠨ ᠤᠷᠤᠰᠤᠭ᠍ᠰᠠᠨ ᠪᠤᠯᠪᠠᠰᠤᠨ᠎ᠢ ᠬᠡᠯᠡᠨ᠎ᠡ

ᠲᠢᠶᠡᠨ ᠠᠨ ᠮᠧᠨ ᠠᠰᠠᠷ᠎ᠠᠴᠠ ᠬᠠᠩᠭᠢᠨᠠᠨ ᠴᠤᠤᠷᠢᠶᠠᠳᠤᠭ᠍ᠰᠠᠨ ᠲᠤᠩᠬᠠᠭ᠎ᠢ ᠬᠡᠯᠡᠨ᠎ᠡ

ᠲᠠᠨ᠎ᠤ᠎ᠪᠠᠨ ᠡᠯᠢᠭᠡᠨ᠎ᠳᠠᠬᠢ ᠵᠠᠩᠭᠢᠳᠤᠭ᠍ᠰᠠᠨ ᠨᠢᠳᠤᠷᠭ᠎ᠠ ᠱᠢᠭ᠋ ᠪᠦᠯᠬᠦᠮᠲᠡᠯ᠎ᠢ ᠬᠡᠯᠡᠨ᠎ᠡ


ᠮᠢᠨᠤ ᠡᠬᠡ ᠤᠷᠤᠨ ᠭᠡᠵᠤ ——

ᠨᠠᠷᠠᠨ ᠵᠦᠪ ᠲᠤᠯᠬᠢᠶᠠᠯᠠᠨ ᠤᠷᠤᠰᠭᠤ ᠬᠦᠬᠡᠮᠦᠢ᠍ᠷᠡᠨ᠎ᠢ ᠬᠡᠯᠡᠨ᠎ᠡ

ᠨᠠᠢ᠍ᠮᠠᠨ ᠵᠦᠭ ᠪᠠᠳᠠᠷᠠᠨ ᠲᠡᠯᠭᠡᠷᠡᠬᠦ᠌ ᠬᠦᠮᠦᠨ ᠠᠷᠠᠳ᠎ᠢ ᠬᠡᠯᠡᠨ᠎ᠡ

ᠨᠠᠮᠤᠷ᠎ᠤᠨ ᠨᠠᠮᠤᠷ ᠲᠤᠷᠠᠰᠤᠨ ᠰᠠᠨᠠᠬᠤ ᠳ᠋ᠧᠪᠡᠵᠠᠨ᠎ᠢ ᠬᠡᠯᠡᠨ᠎ᠡ

ᠨᠠᠢᠷᠠᠭ ᠱᠢᠯᠦᠭ᠎ᠢᠶᠠᠷ ᠤᠶᠠᠩᠭᠠᠯᠠᠨ ᠲᠠᠭᠤᠯᠠᠬᠤ ᠬᠤᠷᠸ᠎ᠠ᠎ᠶ᠋ᠢ ᠬᠡᠯᠡᠨ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号