​ᠠᠷᠪᠠᠳᠣᠭᠠᠷ ᠣᠳᠠᠭᠠᠨ᠎ᠤ 《ᠪᠠᠶᠠᠨ ᠭᠣᠣᠯ᠎ᠤᠨ ᠨᠠᠮᠣᠷ》 ᠢᠷᠠᠭᠣ ᠨᠠᠶ᠋ᠢᠷᠠᠭ᠎ᠤᠨ ᠨᠠᠭᠠᠳᠣᠮ ᠠᠯᠳᠠᠨᠳᠡᠯᠡᠭᠡᠢ ᠬᠣᠳᠠᠨ᠎ᠠ ᠶᠠᠪᠣᠭᠳᠠᠪᠠ
2025-09-28 16:46:14
ᠵᠣᠬᠢᠶᠠᠭ᠍ᠴᠢ᠄
ᠰᠢ᠊ · ᠨᠠᠷᠠᠨ
ᠣᠩᠱᠢᠭ᠍ᠰᠠᠨ ᠣᠳᠠᠭ᠎ᠠ᠄
★★★☆☆

ᠠᠯᠳᠠᠨ ᠨᠠᠮᠣᠷ ᠠᠯᠠᠭ᠎ᠠ᠎ᠪᠠᠨ ᠳᠡᠯᠭᠡᠨ ᠣᠷᠮ᠎ᠠ᠎ᠪᠠᠨ ᠬᠠᠶ᠋ᠢᠷᠠᠯᠠᠭᠰᠠᠨ ᠨᠠᠶ᠋ᠢᠷᠠᠭ᠎ᠤᠨ ᠭᠡᠰᠢᠭ᠎ᠲᠠᠢ ᠡᠨ᠋ᠨ ᠮᠦᠴᠨ᠎ᠪᠠᠷ᠂ ᠬᠥᠬᠡᠨᠠᠭᠤᠷ ᠮᠤᠵᠢ ᠵᠢᠨ ᠬᠠᠶ᠋ᠢᠰᠢ ᠵᠸᠣ᠎ᠶᠢᠨ ᠨᠣᠮ᠎ᠤᠨ ᠰᠠᠡᠭ᠎ᠠᠴᠠ ᠵᠢᠯ ᠪᠦᠷᠢ ᠡᠷᠭᠢᠯᠡᠨ ᠭᠢᠳᠡᠭ 《ᠪᠠᠶᠠᠨ ᠭᠣᠣᠯ᠎ᠤᠨ ᠨᠠᠮᠣᠷ》 ᠢᠷᠠᠭᠣ ᠨᠠᠶ᠋ᠢᠷᠠᠭ᠎ᠤᠨ ᠨᠠᠭᠠᠳᠣᠮ ᠪᠠᠶᠠᠨ ᠭᠣᠣᠯ᠎ᠤᠨ᠎ᠢᠶᠠᠨ ᠭᠦᠪᠡᠭᠡᠨ᠎ᠳᠤ ᠪᠣᠯᠳᠠᠭ ᠶᠣᠰᠣᠭᠠᠷ᠎ᠢᠶᠠᠨ ᠯᠠ ᠪᠤᠯᠵᠤ᠂ ᠡᠨᠡ᠎ᠨᠢ ᠵᠣᠷᠰᠢᠯ ᠭᠡᠯᠳᠡᠢ᠂ ᠭᠦᠯᠢᠶᠡᠯᠲᠡ ᠴᠸ᠋ ᠭᠡᠯᠳᠡᠢ᠃ ᠨᠠᠮᠣᠷ ᠭᠡᠳᠡᠭ ᠣᠯᠠᠷᠢᠯ᠎ᠢ ᠨᠠᠶ᠋ᠢᠷᠠᠭᠴᠢ᠎ᠳᠤ ᠪᠡᠯᠡᠭᠯᠡᠭᠰᠡᠨ ᠶᠤᠮ ᠰᠢᠭ᠋ ᠳᠣᠭᠳᠣᠯᠣᠡᠭᠭᠣᠢ᠃ 


QQ截图20240904155222.png


QQ截图20250828104401.png


2025 ᠣᠨ᠎ᠤ 9 ᠰᠠᠷ᠎ᠠ᠎ᠶᠢᠨ 26 ᠎ᠤ ᠡᠳᠣᠷ ᠠᠷᠪᠠᠳᠣᠭᠠᠷ ᠣᠳᠠᠭᠠᠨ᠎ᠤ 《ᠪᠠᠶᠠᠨ ᠭᠣᠣᠯ᠎ᠤᠨ ᠨᠠᠮᠣᠷ》 ᠪᠠ ᠮᠠᠯᠴᠢᠨ ᠳᠦᠮᠡᠨ ᠡᠪ ᠬᠠᠮᠳᠣ ᠨᠠᠮ᠎ᠢᠶᠠᠨ ᠮᠠᠭᠳᠠᠨ ᠳᠠᠭᠤᠯᠠᠶ᠎ᠠ ᠭᠡᠮᠡᠭᠦ᠌ ᠰᠡᠳᠦᠪᠳᠦ ᠬᠣᠪᠢᠰᠬᠠᠯ᠎ᠤᠨ ᠳᠠᠭᠣᠣ᠎ᠶᠢᠨ ᠣᠷᠣᠯᠳᠣᠭᠠᠨ ᠠᠯᠳᠠᠨᠳᠡᠯᠡᠭᠡᠢ ᠬᠣᠳᠠ᠎ᠶᠢᠨ ᠳᠣᠷᠭᠠᠨ ᠦᠯᠦᠭᠡᠢ᠎ᠳᠤ ᠶᠠᠪᠣᠭᠳᠠᠪᠠ᠃ ᠳᠣᠰ ᠠᠵᠢᠯᠯᠠᠭ᠎ᠠ᠎ᠶᠢ ᠬᠠᠶ᠋ᠢᠰᠢ ᠵᠸᠣ᠎ᠶᠢᠨ ᠨᠣᠮ᠎ᠤᠨ ᠰᠠᠡᠭ ᠡᠷᠭᠢᠯᠡᠵᠦ᠂ ᠳᠡᠯᠡᠭᠡᠢ ᠬᠣᠳᠠ᠎ᠶᠢᠨ ᠰᠦᠵᠢ ᠰᠣᠮᠣᠨ᠎ᠤ ᠬᠣᠯᠠᠨ ᠭᠦᠳᠡᠭᠡ ᠨᠠᠶ᠋ᠢᠭᠡᠮ ᠳᠣᠭᠣᠷᠢᠭ ᠪᠠ ᠪᠠᠭᠠᠬᠠᠷᠠᠨᠠᠭᠣᠷ ᠪᠠᠯᠭᠠᠰᠣᠨ᠎ᠤ ᠳᠣᠬᠣᠢ ᠳᠣᠰᠬᠣᠨ᠎ᠤ ᠨᠠᠮ᠎ᠤᠨ ᠡᠭᠦᠷ᠎ᠠᠴᠠ ᠬᠠᠮᠵᠢᠨ ᠡᠷᠬᠢᠯᠡᠵᠣ᠂ ᠬᠠᠶ᠋ᠢᠰᠢ ᠨᠣᠳᠣᠭ᠎ᠤᠨ ᠨᠠᠷ᠎ᠠ ᠭᠦᠨᠳᠦᠳᠦ ᠵᠣᠭᠢᠶᠠᠯᠴᠢ᠂ ᠣᠷᠠᠨ ᠪᠦᠳᠦᠭᠡᠯᠴᠢ ᠨᠠᠷ ᠪᠠ ᠡᠯ᠎ᠠ ᠰᠣᠮᠣ ᠪᠠᠯᠭᠠᠰᠣᠨ᠎ᠤ ᠺᠠᠳ᠋ᠷ ᠠᠵᠢᠯᠳᠡᠨ᠂ ᠮᠠᠯᠴᠢᠳ ᠨᠡᠶ᠋ᠢᠳᠡ 60 ᠭᠠᠷᠣᠢ ᠭᠦᠮᠣᠨ ᠣᠷᠣᠯᠴᠠᠪᠠ᠃ ᠣᠷᠣᠯᠳᠣᠭᠠᠨ᠎ᠳᠤ ᠨᠠᠮᠣᠷ ᠰᠡᠳᠣᠪᠳᠣ ᠰᠢᠯᠦᠭ ᠨᠠᠶ᠋ᠢᠷᠠᠭ᠂ ᠠᠭᠣᠣ ᠨᠠᠮ ᠡᠭᠡ ᠣᠯᠣᠰ᠎ᠢᠶᠠᠨ ᠮᠠᠭᠳᠠᠨ ᠳᠠᠭᠣᠯᠠᠭᠰᠠᠨ ᠳᠠᠭᠣᠣ᠎ᠨᠤᠭᠤᠳ ᠮᠠᠯᠴᠢᠳ᠎ᠤᠨ ᠵᠢᠷᠣᠭᠡ ᠰᠡᠳᠭᠢᠯ᠎ᠠᠴᠠ ᠣᠨᠳᠣᠷᠣᠨ ᠬᠣᠭᠣᠯᠠᠢ᠎ᠪᠠᠷ᠎ᠨᠢ ᠣᠶᠠᠡᠭᠭᠠᠷᠠᠵᠣ᠂ 《ᠳᠣᠷᠭᠠᠨ ᠦᠯᠦᠭᠡᠢ》 ᠬᠠᠭᠠᠰ ᠡᠳᠣᠷ ᠴᠦ᠍ ᠭᠡᠰᠡᠨ ᠣᠶᠠᠡᠭᠭ᠎ᠠ᠎ᠪᠠᠷ ᠪᠠᠶᠠᠰᠴᠣ ᠪᠠᠶᠠᠨ ᠭᠣᠣᠯ᠎ᠤᠨ ᠣᠰᠣ ᠭᠦᠭᠵᠢᠮ᠎ᠢᠶᠠᠷ ᠭᠦᠭᠯᠡᠭᠳᠡᠭᠦ᠌ ᠮᠡᠳᠣ ᠳᠠᠭᠠᠳᠡᠢ ᠪᠠᠶ᠋ᠢᠯ᠎ᠠ᠃ ᠣᠷᠣᠯᠳᠣᠭᠠᠨ᠎ᠤ ᠵᠠᠪᠰᠠᠷᠯᠠᠭ᠎ᠠ᠎ᠪᠠᠷ ᠮᠠᠯᠴᠢᠨ ᠰᠢᠯᠦᠭᠴᠢ ᠢᠰᠢᠼᠣᠣ᠎ᠶᠢᠨ ᠨᠣᠳᠣᠭ᠎ᠤᠨ ᠨᠠᠰᠣᠳᠠᠳ᠎ᠠᠴᠠ ᠳᠡᠮᠳᠡᠭᠯᠡᠨ ᠴᠣᠭᠯᠠᠭᠣᠯᠣᠭᠰᠠᠨ 60 ᠭᠠᠷᠣᠢ ᠳᠠᠭᠣᠣ᠎ᠶᠢᠨ ᠦᠭᠡ᠎ᠲᠠᠢ 《ᠪᠠᠶᠠᠨ ᠳᠣᠬᠣᠢ᠎ᠳᠤ ᠨᠠᠮᠢᠷᠠᠭᠰᠠᠨ ᠪᠠᠬᠠᠷᠣᠯᠳᠣ ᠣᠯᠠᠭᠠᠨ ᠳᠣᠭ》 (ᠳᠣᠳᠣᠭᠠᠳᠣ ᠭᠡᠪᠯᠡᠯ) ᠬᠣᠪᠢᠰᠬᠠᠯ᠎ᠤᠨ ᠳᠠᠭᠣᠣ᠎ᠶᠢᠨ ᠡᠮᠭᠢᠳᠭᠡᠯ ᠨᠣᠮ ᠪᠡᠯᠡᠭ ᠪᠣᠯᠵᠣ ᠤᠩᠰᠢᠭᠴᠢᠳ᠎ᠤᠨ ᠠᠯᠠᠭᠠᠨ᠎ᠳᠤ ᠭᠦᠷᠭᠡᠭᠳᠡᠭᠰᠡᠨ᠎ᠨᠢ ᠮᠠᠭᠳᠠᠭᠣᠰᠢᠳᠡᠢ᠃ 


QQ截图20250828104424.png


QQ截图20250912101212.png


《ᠪᠠᠶᠠᠨ ᠭᠣᠣᠯ᠎ᠤᠨ ᠨᠠᠮᠣᠷ》 ᠭᠡᠳᠣᠶ᠋ᠢᠪᠡᠷ ᠨᠢᠭᠡ ᠪᠠᠶ᠋ᠢᠭᠣᠯᠭ᠎ᠠ ᠨᠢᠭᠡᠴᠢ᠎ᠶᠢᠨ ᠪᠠᠭᠠᠬᠠᠨ ᠭᠡᠪᠴᠢᠶ᠎ᠠ᠎ᠲᠠᠢ ᠠᠵᠢᠯᠯᠠᠭ᠎ᠠ ᠪᠠᠶ᠋ᠢᠭᠰᠠᠨ ᠴᠦ᠍ ᠰᠢᠯᠦᠭ ᠨᠠᠶ᠋ᠢᠷᠠᠭ᠎ᠢᠶᠠᠷ ᠭᠣᠣᠯ ᠨᠢᠷᠣᠭᠣᠪᠴᠢ ᠪᠣᠯᠭᠠᠵᠣ ᠪᠡᠯᠡᠨ ᠰᠢᠯᠦᠭ᠂ ᠦᠯᠢᠭᠡᠷ ᠳᠣᠭᠣᠵᠢ᠂ ᠬᠣᠪᠢᠰᠬᠠᠯ᠎ᠤᠨ ᠳᠠᠭᠣᠣ ᠵᠡᠷᠭᠡ ᠠᠭᠣᠯᠭ᠎ᠠ ᠪᠠᠭᠳᠠᠭᠠᠨ ᠴᠠᠷ᠎ᠠ᠎ᠪᠠᠨ ᠳᠡᠯᠡᠵᠣ᠂ ᠵᠢᠯ ᠪᠦᠷᠢ ᠰᠢᠨ᠎ᠠ ᠪᠦᠳᠦᠭᠡᠯ ᠰᠣᠳᠣᠨ ᠨᠠᠶ᠋ᠢᠷᠠᠭ ᠳᠦᠷᠦᠵᠣ ᠪᠠᠶ᠋ᠢᠳᠠᠭ᠎ᠨᠢ ᠠᠮᠵᠢᠯᠳᠠ᠎ᠲᠠᠢ᠃ ᠶᠠᠮᠠᠷ ᠨᠢᠭᠡᠨ ᠦᠢᠯᠨ ᠶᠠᠪᠣᠳᠠᠯ᠎ᠢ ᠵᠢᠵᠢᠭ ᠭᠡᠵᠣ ᠪᠠᠰᠣᠯ ᠦᠭᠡᠢ ᠶᠡᠭᠡ ᠭᠡᠵᠣ ᠭᠣᠷᠢᠳᠠᠯ ᠦᠭᠡᠢ ᠪᠠᠷᠢᠮᠳᠠᠯᠠᠨ ᠭᠢᠨ᠎ᠠ ᠭᠡᠳᠡᠭ ᠯᠠ ᠴᠢᠬᠣᠯᠨ ᠶᠤᠮ᠃ ᠠᠯᠢ ᠣᠷᠳᠣ ᠬᠣᠭᠣᠴᠠᠭ᠎ᠠ᠎ᠪᠠᠷ ᠭᠢᠭᠦ᠌ ᠳᠣᠰᠣᠮ ᠨᠡᠡᠭ ᠭᠦᠴᠦᠨ ᠨᠦᠯᠦᠭᠡ᠎ᠲᠠᠢ ᠰᠣᠶᠣᠯ᠎ᠤᠨ ᠣᠬᠠᠭᠣᠯᠭ᠎ᠠ ᠪᠣᠯᠵᠣ ᠣᠯᠠᠨ ᠳᠦᠮᠡᠨᠴᠢ ᠠᠰᠢᠭ ᠳᠣᠰᠨ᠎ᠲᠠᠢ ᠪᠠᠶ᠋ᠢᠳᠠᠭ᠃ ᠠᠷᠪᠠᠨ ᠵᠢᠯ ᠳᠠᠰᠣᠯᠳᠠᠯ ᠦᠭᠡᠢ ᠶᠠᠪᠣᠭᠳᠠᠵᠣ ᠪᠠᠶ᠋ᠢᠭ᠎ᠠ᠎ᠨᠢ ᠠᠷᠭ᠎ᠠ ᠦᠭᠡᠢ ᠠᠷᠣ ᠳᠠᠯ᠎ᠠ᠎ᠳᠤ ᠠᠵᠢᠯᠯᠠᠵᠣ ᠪᠠᠶ᠋ᠢᠭ᠎ᠠ ᠭᠦᠮᠣᠰ᠎ᠤᠨ ᠭᠡᠯᠨ ᠰᠣᠶᠣᠯ᠎ᠤᠨ᠎ᠢᠶᠠᠨ ᠳᠦᠯᠦᠭᠡ ᠦᠨᠡᠨᠴᠢ᠎ᠪᠠᠷ ᠦᠢᠯᠡᠴᠢᠯᠡᠵᠣ ᠪᠠᠶ᠋ᠢᠭ᠎ᠠ᠎ᠶᠢᠨ ᠢᠯᠡᠷᠡᠯ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号