ᠮᠢᠨᠤ ᠡᠭᠡ ᠣᠯᠣᠰ
2025-09-29 15:37:22
ᠵᠣᠬᠢᠶᠠᠭ᠍ᠴᠢ᠄
ᠭᠤ·ᠯᡁᠨᠮᠤᠵᠠᠪ
ᠣᠩᠱᠢᠭ᠍ᠰᠠᠨ ᠣᠳᠠᠭ᠎ᠠ᠄
★★★☆☆

      ⒈

ᠢᠯᠠᠨ᠎ᠠ ᠬᠡᠪᠡᠯ

ᠵᠠᠪᠠᠯ ᠴᠢᠳᠠᠳᠠᠭ

ᠴᠢᠳᠠᠨ᠎ᠠ ᠬᠡᠪᠡᠯ

ᠵᠠᠪᠠᠯ ᠢᠯᠠᠳᠠᠭ

ᠦᠭᠡᠨ᠎ᠳᠡᠭᠡᠨ ᠰᠠᠭᠤᠵᠣ

ᠦᠨᠡᠨ᠎ᠢᠶᠠᠨ ᠪᠡᠶᠡᠯᠡᠭᠦᠯᠳᠡᠭ

ᠳᠣᠷᠣᠨ᠎ᠠ ᠵᠦᠭ᠎ᠤᠨ

ᠨᠠᠷᠠᠨ ᠮᠡᠲᠦ ᠰᠠᠴᠤᠷᠠᠩᠭᠤᠢ

ᠮᠢᠨᠤ ᠡᠭᠡ ᠣᠯᠣᠰ


      ⒉

ᠦᠢᠯᠡ ᠠᠵᠢᠯᠯᠠᠭ᠎ᠠ᠎ᠪᠠᠷ᠎ᠢᠶᠠᠨ

ᠦᠢᠯᠡᠰ ᠲᠤᠤᠯᠢᠰ᠎ᠢᠶᠠᠷ᠎ᠢᠶᠠᠨ

ᠦᠭᠡᠳᠡᠯᠡᠯ ᠮᠡᠨᠳᠦᠯᠡᠯ᠎ᠢᠶᠠᠷ᠎ᠢᠶᠠᠨ

ᠦᠭᠡᠷᠡᠴᠢᠯᠡᠯᠲᠡ ᠨᠡᠭᠡᠭᠡᠯᠲᠡ᠎ᠪᠠᠷ᠎ᠢᠶᠠᠨ

ᠳᠡᠯᠡᠬᠡᠢ ᠳ᠋ᠠᠬᠢᠨ᠎ᠤ

ᠦᠨᠡᠮᠱᠢᠯ᠎ᠢ ᠣᠯᠵᠣ

ᠳᠠᠪᠱᠢᠯᠲᠠ ᠬᠦᠭ᠌ᠵᠢᠯᠲᠡ᠎ᠪᠠᠷ

ᠵᠢᠭᠦᠷ᠎ᠢᠶᠠᠨ ᠲᠡᠯᠭᠡᠭ᠌ᠰᠡᠨ

ᠮᠢᠨᠤ ᠡᠭᠡ ᠣᠯᠣᠰ


      ⒊

ᠲᠠᠪᠣᠨ ᠲᠢᠪ

ᠳᠦᠷᠪᠡᠨ ᠲᠠᠯᠠᠢ᠎ᠶ᠋ᠢᠨ

ᠠᠷᠠᠳ ᠲᠦᠮᠡᠨ᠎ᠲᠠᠢ

ᠨᠢᠭ᠍ᠲᠠᠷᠠᠨ ᠪᠦᠯᠬᠦᠮᠳᠡᠵᠦ᠍

ᠬᠦᠮᠦᠨ ᠲᠦᠷᠦᠯᠬᠢᠲᠡᠨ᠎ᠤ

ᠪᠣᠯᠪᠠᠰᠣᠨ ᠲᠡᠤᠬᠡ᠎ᠶ᠋ᠢ

ᠪᠦᠲᠦᠭᠡᠨ ᠪᠠᠢᠭᠤᠯᠬᠤ᠎ᠪᠠᠷ

ᠪᠦᠬᠦᠨ᠎ᠢ ᠢᠯᠠᠭ᠍ᠴᠢ

ᠪᠦᠬᠦᠳᠡ᠎ᠶ᠋ᠢ ᠴᠢᠳᠠᠭ᠍ᠴᠢ

ᠮᠢᠨᠤ ᠡᠭᠡ ᠣᠯᠣᠰ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号