ᠠᠰᠠᠷ᠎ᠤᠨ ᠤᠷᠤᠢ᠂ ᠵᠠᠮ᠎ᠤᠨ ᠬᠠᠵᠠᠭᠤ᠂ ᠲᠤᠨᠤᠯᠵᠢᠨ ᠵᠡᠭᠡᠯᠢ᠎ᠶ᠋ᠢᠨ ᠤᠭ᠍ᠳᠠᠷᠭᠤᠢ ᠪᠠᠷ ᠲᠠᠪᠤᠨ ᠤᠳᠤᠳᠤ ᠤᠯᠠᠭᠠᠨ ᠲᠤᠭ ᠨᠠᠮᠢᠷᠠᠨ᠂ ᠬᠦᠨ ᠴᠡᠩᠭᠡᠷ ᠤᠭ᠍ᠳᠠᠷᠭᠤᠢ ᠠᠮᠢᠯᠠᠯ᠎ᠤᠨ ᠤᠯᠠᠭᠠᠨ ᠦᠩᠭᠡ᠎ᠪᠠᠷ ᠲᠤᠶᠠᠭᠠᠷᠠᠭᠠᠳ ᠠᠭᠤᠤ ᠤᠯᠤᠰ᠎ᠤᠨ ᠮᠠᠨᠢ ᠲᠠᠯᠠᠨ ᠵᠢᠷᠭᠤᠳᠡᠬᠢ ᠪᠡᠶᠡᠷ ᠡᠢᠨᠬᠦ᠌ ᠠᠮᠵᠢᠯᠳᠠ ᠪᠦᠳᠦᠮᠵᠢ᠂ ᠠᠮᠤᠭᠤᠯᠠᠩ ᠲᠠᠢᠪᠤᠩ᠂ ᠠᠵᠠ ᠵᠢᠷᠭᠠᠯ᠎ᠢᠶᠠᠷ ᠪᠠᠶᠠᠰᠤᠨ ᠴᠠᠯᠬᠢᠯᠠ᠃
ᠵᠢᠯ᠎ᠤᠨ ᠵᠢᠯ᠂ ᠨᠠᠮᠤᠷ᠎ᠤᠨ ᠨᠠᠮᠤᠷ ᠪᠠᠶᠠᠨ ᠲᠠᠩᠰᠤᠭ᠂ ᠪᠠᠶᠠᠷ ᠪᠠᠶᠠᠰᠤᠯ᠂ ᠪᠦᠯᠬᠦᠮᠳᠡᠯ ᠨᠢᠭ᠍ᠳᠠᠷᠠᠯ ᠁ ᠠᠯᠢᠪᠡ ᠰᠠᠢᠨ ᠰᠠᠢᠬᠠᠨ᠎ᠤ ᠪᠡᠯᠭᠡ ᠳᠡᠮᠪᠡᠷᠢᠯ᠎ᠲᠠᠢ ᠮᠤᠷᠢᠯᠠᠨ ᠰᠠᠭᠠᠳᠠᠳᠠᠭ ᠤᠯᠤᠰ᠎ᠤᠨ ᠪᠠᠶᠠᠷ᠎ᠲᠠᠭᠠᠨ ᠪᠢ ᠬᠠᠢᠷᠠᠳᠠᠢ᠃ ᠤᠯᠤᠰ᠎ᠤᠨ ᠪᠠᠶᠠᠷ᠎ᠢᠶᠠᠷ ᠲᠤᠬᠢᠶᠠᠯᠳᠤᠭ᠍ᠰᠠᠨ ᠤᠯᠠᠨ ᠰᠠᠢᠬᠠᠨ ᠲᠤᠷᠠᠳᠭᠠᠯᠨᠤᠭᠤᠳᠲᠠᠭᠠᠨ ᠴᠦ᠍ ᠬᠠᠢᠷᠠᠳᠠᠢ᠃
ᠲᠠᠪᠢᠨ ᠵᠢᠯ᠎ᠤᠨ ᠲᠡᠷᠳᠡᠭᠡ ᠠᠪᠤ ᠮᠢᠨᠢ ᠠᠬ᠎ᠠ ᠪᠢᠳᠡ ᠬᠤᠶᠠᠷ᠎ᠢ ᠮᠤᠷᠢ᠎ᠪᠠᠷ ᠦᠯᠵᠡᠢ ᠰᠤᠮᠤᠨ᠎ᠤ ᠪᠠᠭ᠎ᠠ ᠰᠤᠷᠭᠠᠭᠤᠯᠢ᠎ᠳᠤ ᠬᠦᠷᠭᠡᠨ᠂ ᠰᠤᠶᠤᠯ᠎ᠤᠨ ᠬᠡᠭᠡᠨ ᠮᠦᠷ᠎ᠲᠤ ᠬᠦᠯ ᠲᠠᠯᠪᠢᠭᠤᠯᠪᠠ᠃ ᠶᠠᠭᠠᠬᠢᠭᠠᠳ ᠨᠢᠭᠡ ᠰᠠᠷ᠎ᠠ ᠬᠤᠵᠢᠮᠳᠠᠭᠤᠯᠤᠭ᠍ᠰᠠᠨ ᠶᠤᠮ ᠪᠤᠤ ᠮᠡᠳᠡ᠃ ᠶᠠᠭᠤ ᠴᠦ᠍ ᠭᠡᠰᠡᠨ ᠶᠠᠭ ᠰᠠᠢᠬᠠᠨ ᠤᠯᠤᠰ᠎ᠤᠨ ᠪᠠᠶᠠᠷ᠎ᠤᠨ ᠡᠳᠦᠷ ᠲᠤᠬᠢᠶᠠᠵᠤ᠂ ᠤᠯᠠᠨ ᠬᠡᠦᠬᠡᠳ᠎ᠤᠳ ᠪᠠᠢᠷᠢ ᠪᠠᠢᠷᠢ᠎ᠶ᠋ᠢᠨ᠎ᠢᠶᠠᠨ ᠡᠬᠦᠳᠡᠨ ᠲᠡᠭᠡᠷ᠎ᠡ ᠲᠤᠭᠤᠷᠢᠵᠤ ᠰᠠᠭᠤᠭᠠᠳ ᠪᠤᠤᠵᠠ ᠢᠳᠡᠵᠡᠭᠡᠵᠦ᠍ ᠪᠠᠢᠬᠤ᠎ᠲᠠᠢ ᠲᠠᠭᠠᠷᠠᠭ᠍ᠰᠠᠨ ᠰᠠᠨ᠃ ᠲᠡᠳᠡᠨ᠎ᠤ ᠲᠤᠮᠳᠠ᠎ᠠᠴᠠ ᠬᠡᠨ ᠨᠢᠬᠡ᠎ᠨᠢ 《ᠠᠢᠬᠤᠪᠳᠤᠷ ᠠᠮᠠᠨ ᠬᠡᠱᠢᠭ᠎ᠲᠠᠢ ᠨᠢᠰᠤᠬᠠᠢᠨᠤᠭᠤᠳ ᠪᠠᠢᠨ᠎ᠠ᠃ ᠪᠢᠳᠡᠬᠦᠦ ᠬᠤᠭᠤᠯᠠᠨ ᠲᠡᠭᠡᠷ᠎ᠡ ᠪᠠᠭᠤᠴᠢᠬᠠᠯ᠎ᠠ》 ᠬᠡᠬᠦ᠌᠎ᠨᠢ ᠲᠡᠷᠡ᠃ ᠪᠢ ᠰᠠᠨᠳᠤᠷᠤᠨ ᠬᠠᠨᠴᠤᠢᠪᠠᠷᠢᠶᠠᠨ ᠬᠠᠮᠠᠷ᠎ᠢᠶᠠᠨ ᠠᠷᠴᠢᠭ᠍ᠰᠠᠨᠳᠤ ᠪᠦᠬᠦᠳᠡ ᠪᠦᠬᠦᠳᠡᠭᠡᠷ᠎ᠢᠶᠠᠨ ᠨᠢᠷ᠎ᠬᠢᠨ ᠢᠨᠢᠶᠡᠯᠳᠦᠪᠡ᠃ ᠢᠩᠬᠢᠭᠡᠳ ᠪᠢ 《ᠨᠢᠰᠤᠬᠠᠢ》 ᠬᠤᠴᠢ᠎ᠲᠠᠢ ᠪᠤᠯᠵᠤ ᠬᠤᠴᠤᠷᠤᠯ᠎ᠠ᠃ ᠬᠡᠨ ᠨᠠᠳᠠ ᠡᠢᠮᠦ᠍ ᠮᠠᠭᠤᠬᠠᠢ ᠬᠤᠴᠢ ᠦᠭ᠌ᠬᠦᠭ᠌ᠰᠡᠨ᠎ᠨᠢ ᠴᠦ᠍ ᠤᠨᠢᠰᠤᠭ᠎ᠠ ᠪᠤᠯᠤᠨ ᠦᠯᠡᠳᠡᠪᠡ᠃
ᠲᠠᠷᠠᠭ᠎ᠠ ᠵᠢᠯ᠎ᠤᠨ ᠬᠢᠨᠢ ᠤᠯᠤᠰ᠎ᠤᠨ ᠪᠠᠶᠠᠷ᠎ᠢᠶᠠᠷ ᠪᠢ ᠬᠤᠱᠢᠭᠤᠴᠢ ᠠᠩᠬᠢ᠎ᠳᠤ ᠡᠯᠰᠡᠭ᠌ᠳᠡᠨ ᠲᠠᠢᠵᠠᠨ ᠲᠡᠭᠡᠷ᠎ᠡ ᠭᠠᠷᠴᠤ᠌ ᠤᠯᠠᠭᠠᠨ ᠪᠦᠴᠡ ᠵᠡᠬᠦᠨ ᠬᠦᠭ᠌ᠰᠡᠨ ᠲᠤᠭ᠍ᠳᠤᠯᠪᠠ᠃ ᠲᠡᠭᠡᠳᠡᠯ᠎ᠡ ᠲᠡᠭᠡᠷ᠎ᠡ ᠤᠨ᠎ᠤ ᠢᠯᠡᠯᠳᠡ ᠠᠬ᠎ᠠ ᠤᠯᠠᠨ᠎ᠤ ᠡᠮᠦᠨ᠎ᠡ ᠭᠠᠷᠤᠨ 《ᠪᠢ ᠨᠢᠬᠡᠨ ᠵᠦᠢᠯ᠎ᠢ ᠲᠤᠳᠤᠷᠠᠭᠤᠯᠵᠤ ᠪᠤᠷᠤᠭᠤ᠎ᠪᠠᠨ ᠬᠦᠯᠢᠶᠡᠶ᠎ᠡ! ᠨᠢᠳᠤᠨᠤᠨ᠂ ᠤᠯᠤᠰ᠎ᠤᠨ ᠪᠠᠶᠠᠷ᠎ᠢᠶᠠᠷ ᠪᠤᠤᠵᠠ ᠢᠳᠡᠵᠦ᠍ ᠰᠠᠭᠤᠳᠠᠯ᠎ᠠ ᠡᠨᠡ ᠲᠡᠬᠦᠦ᠍ᠶ᠋ᠢ ᠠᠩᠬ᠎ᠠ ᠢᠷᠡᠬᠦ᠌᠎ᠪᠠᠷ᠎ᠨᠢ 〈ᠠᠢᠬᠤᠪᠳᠤᠷ ᠠᠮᠠᠨ ᠬᠡᠱᠢᠭ᠎ᠲᠠᠢ ᠨᠢᠰᠤᠬᠠᠢ ᠪᠠᠢᠨ᠎ᠠ!〉 ᠭᠡᠵᠤ ᠬᠡᠯᠡᠭᠡᠳ ᠵᠢᠯ ᠲᠤᠭᠤᠷᠢᠭᠤ 〈ᠨᠢᠰᠤᠬᠠᠢ〉 ᠬᠤᠴᠢ᠎ᠲᠠᠢ ᠶᠠᠪᠤᠭᠤᠯᠤᠯ᠎ᠠ᠃ ᠠᠭᠤᠴᠢᠯᠠᠭᠠᠷᠠᠢ! ᠦᠨᠡᠨ᠎ᠳᠡᠭᠡᠨ ᠪᠢ ᠲᠡᠬᠦᠦ᠍ᠲᠠᠢ ᠮᠢᠨᠢ ᠠᠳᠠᠯᠢ 〈ᠨᠢᠯᠬ᠎ᠠ ᠪᠡᠯᠴᠢᠷ〉 ᠭᠡᠵᠤ ᠦᠬᠦᠭᠡᠷᠳᠦᠭ᠌ᠰᠡᠨᠳᠡᠭᠡᠨ ᠲᠡᠷᠡ᠃ ᠲᠠᠬᠢᠭᠠᠳ ᠬᠡᠨ ᠴᠦ᠍ ᠪᠢᠳᠡᠬᠡᠢ 〈ᠨᠢᠰᠤᠬᠠᠢ〉 ᠭᠡᠵᠤ ᠬᠤᠴᠢᠯᠠᠭᠠᠷᠠᠢ!》 ᠭᠡᠪᠡ᠃ ᠢᠩᠬᠢᠵᠦ᠍ ᠪᠢ ᠰᠠᠨᠠᠭᠠᠨ᠎ᠳᠤ ᠦᠭᠡᠢ ᠬᠦᠷᠳᠡᠭ᠌ᠰᠡᠨ ᠮᠠᠭᠤᠬᠠᠢ ᠬᠤᠴᠢᠠᠴᠠᠪᠠᠨ ᠰᠠᠯᠵᠤ ᠠᠮᠠᠷᠠᠯ᠎ᠠ᠃ ᠡᠨᠡ ᠬᠤᠴᠢ᠎ᠶ᠋ᠢ ᠬᠦᠷᠳᠡᠭᠡᠳ ᠨᠠᠳᠠ ᠮᠠᠭᠤ ᠮᠠᠭᠤᠬᠠᠢ ᠪᠤᠯᠤᠭ᠍ᠰᠠᠨ᠎ᠨᠢ ᠶᠠᠭᠤ ᠶᠤᠮ᠃ ᠬᠠᠷᠢᠨ ᠶᠠᠭᠤ ᠶᠠᠭᠤᠨ᠎ᠠᠴᠠ ᠦᠪᠡᠷ᠎ᠢ᠎ᠪᠠᠨ ᠴᠡᠪᠡᠷ ᠲᠡᠭ᠌ᠰᠢ ᠠᠪᠴᠤ᠌ ᠶᠠᠪᠤᠬᠤ ᠤᠬᠠᠭᠠᠨ ᠰᠠᠭᠤᠭ᠍ᠰᠠᠨ᠃
ᠪᠢᠳᠡᠨ᠎ᠢ ᠦᠰᠭᠦ᠎ᠳᠤ ᠪᠡᠯᠴᠢᠭᠡᠷ ᠨᠤᠳᠤᠭ ᠠᠭᠤᠳᠠᠮ᠂ ᠠᠳᠤᠭᠤ ᠲᠡᠮᠡᠭᠡ ᠠᠷᠪᠢᠨ ᠰᠠᠢᠬᠠᠨ ᠪᠠᠢᠯ᠎ᠠ᠃ ᠭᠡᠰᠡᠨ ᠴᠦ᠍ ᠭᠡᠷ᠎ᠤᠨ ᠠᠬᠠᠮᠠᠳ ᠨᠠᠷ ᠬᠡᠦᠬᠡᠳ᠎ᠢᠶᠠᠨ ᠰᠤᠷᠭᠠᠭᠤᠯᠢ᠎ᠳᠤ ᠬᠦᠷᠭᠡᠴᠢᠬᠡᠭᠡᠳ ᠡᠷᠬᠢᠵᠦ᠍ ᠲᠤᠭᠤᠷᠢᠬᠤ᠎ᠨᠢ ᠲᠤᠢᠯ᠎ᠤᠨ ᠬᠤᠪᠤᠷ᠃ ᠡᠳᠦᠷ᠎ᠤᠨ ᠭᠠᠵᠠᠷ᠎ᠠᠴᠠ ᠤᠨᠤᠭ᠎ᠠ ᠱᠢᠪᠬᠠᠵᠤ ᠬᠡᠦᠬᠡᠳ᠎ᠢᠶᠠᠨ ᠰᠤᠷᠭᠠᠭᠤᠯᠢ᠎ᠳᠤ ᠬᠦᠷᠭᠡᠳᠡᠭ ᠠᠢᠯ᠎ᠤᠳ ᠴᠦ᠍ ᠪᠢᠱᠢᠬᠦᠢ ᠪᠤᠢ᠃ ᠲᠡᠭᠡᠭᠡᠳ ᠤᠨᠤᠭ᠎ᠠ ᠤᠨᠤᠰᠢ᠎ᠪᠠᠨ ᠬᠠᠢᠷᠠᠯᠠᠭ᠍ᠰᠠᠨ᠎ᠠᠴᠠ ᠤᠤ᠂ ᠠᠯᠢ ᠡᠰᠡᠬᠦᠯ᠎ᠡ ᠬᠡᠦᠬᠡᠳ᠎ᠲᠡᠭᠡᠨ ᠪᠠᠷᠢᠭᠤᠯᠴᠢᠬᠠᠬᠤ ᠵᠤᠭᠤᠰ ᠮᠦᠩᠬᠦᠨ᠎ᠤ ᠭᠠᠴᠢᠭ᠍ᠳᠠᠯᠠᠴᠠ ᠪᠤᠯᠤᠭ᠍ᠰᠠᠨ ᠤᠤ᠂ ᠶᠠᠭᠤ ᠴᠦ᠍ ᠭᠡᠰᠡᠨ ᠭᠡᠦᠬᠡᠳ᠎ᠢᠶᠠᠨ ᠡᠷᠬᠢᠬᠦ᠌᠎ᠶ᠋ᠢ ᠲᠠᠭ ᠮᠡᠳᠡᠳᠡᠭ ᠦᠭᠡᠢ᠃ ᠶᠠᠭ ᠯᠠ ᠬᠡᠦᠬᠡᠳ᠎ᠢᠶᠠᠨ ᠰᠤᠷᠭᠠᠭᠤᠯᠢ᠎ᠳᠤ ᠪᠢᠰᠢ᠂ ᠦᠨᠡᠰᠦᠨ᠎ᠳᠤ ᠬᠠᠶᠠᠭ᠍ᠰᠠᠨ ᠶᠤᠮᠱᠢᠭ ᠲᠠᠭ ᠴᠢᠭ ᠪᠤᠯᠤᠨ᠎ᠠ᠃ ᠬᠡᠦᠬᠡᠳ᠎ᠤᠳ ᠭᠡᠷ ᠤᠷᠤᠨ᠎ᠢᠶᠠᠨ ᠰᠠᠨᠠᠵᠤ ᠤᠬᠢᠯᠠᠵᠤ ᠲᠠᠭᠤᠯᠠᠬᠤ᠎ᠨᠢ ᠴᠦ᠍ ᠪᠤᠢ᠃ ᠭᠡᠰᠡᠨ ᠴᠦ᠍ ᠠᠪᠤ ᠡᠵᠢ᠎ᠶ᠋ᠢ ᠤᠷᠤᠯᠠᠵᠤ ᠴᠢᠳᠠᠬᠤᠢᠴᠡ ᠦᠷᠦᠪᠴᠢ ᠵᠦᠭᠡᠯᠡᠨ ᠰᠡᠳᠭᠢᠯ᠎ᠲᠠᠢ ᠪᠠᠭ᠍ᠰᠢ᠂ ᠠᠰᠠᠷᠠᠭ᠍ᠴᠢ ᠨᠠᠷ ᠪᠠᠢᠭ᠍ᠰᠠᠨ ᠪᠤᠯᠬᠤᠷ ᠶᠠᠭᠤ ᠠᠯᠵᠢᠶᠠᠬᠤ ᠪᠤᠢ᠃ ᠰᠤᠷᠤᠯᠴᠠᠬᠤ᠎ᠳᠠᠭᠠᠨ ᠰᠤᠷᠤᠯᠴᠠᠨ᠂ ᠨᠠᠭᠠᠳᠭᠤ᠎ᠳᠠᠭᠠᠨ ᠨᠠᠭᠠᠳᠤᠭᠠᠳ ᠡᠳᠦᠷ ᠬᠤᠨᠤᠭ᠎ᠢ ᠪᠠᠶᠠᠷ ᠪᠠᠶᠠᠰᠤᠯ᠂ ᠬᠠᠢᠷ᠎ᠠ ᠡᠨᠡᠷᠢᠯ᠎ᠤᠨ ᠲᠤᠮᠳᠠ ᠤᠮᠪᠠᠵᠤ ᠱᠤᠩᠪᠠᠨ ᠠᠵᠠ ᠵᠢᠷᠭᠠᠯ᠎ᠢᠶᠠᠷ ᠲᠦᠬᠦᠷᠡᠩ ᠠᠮᠢᠳᠤᠷᠠᠵᠦ᠍ ᠰᠤᠷᠤᠯᠴᠠᠳᠠᠭ ᠪᠠᠢᠯ᠎ᠠ᠃
ᠶᠠᠭᠤ ᠶᠠᠭᠤᠨ᠎ᠠᠴᠠ ᠮᠠᠨ᠎ᠤ ᠵᠤᠰᠠᠯᠠᠩ ᠰᠤᠷᠭᠠᠭᠤᠯᠢ᠎ᠠᠴᠠ ᠭᠤᠴᠢᠭᠠᠳᠭᠠᠨ ᠭᠠᠵᠠᠷ ᠬᠤᠯᠠ᠃ ᠤᠯᠤᠰ᠎ᠤᠨ ᠪᠠᠶᠠᠷ᠎ᠢᠶᠠᠷ ᠬᠤᠶᠠᠷᠬᠠᠨ ᠡᠳᠦᠷ᠎ᠤᠨ ᠴᠢᠯᠦᠭᠡ ᠲᠠᠯᠪᠢᠳᠠᠭ ᠴᠦ᠍ ᠠᠬ᠎ᠠ ᠪᠢᠳᠡ ᠬᠤᠶᠠᠷ ᠰᠠᠷᠠ᠎ᠲᠠᠢ ᠪᠤᠯ ᠰᠦᠨᠢ᠂ ᠰᠠᠷ᠎ᠠ ᠦᠭᠡᠢ ᠪᠤᠯ ᠦᠷ᠎ᠤᠨ ᠬᠠᠷᠠᠩᠭᠤᠢ᠎ᠪᠠᠷ ᠪᠤᠰᠤᠨ ᠬᠤᠶᠠᠷ ᠱᠢᠷᠭ᠎ᠠ (ᠶᠠᠪᠠᠭᠠᠨ ᠬᠦᠶᠦᠬᠦ᠌) ᠪᠠᠨ ᠤᠷᠤᠯᠳᠤᠭᠤᠯᠤᠨ ᠬᠠᠷᠢᠳᠠᠭ᠃
ᠰᠦᠯ ᠪᠦᠷᠢᠨ ᠲᠠᠯᠪᠢᠭ᠎ᠠ ᠦᠭᠡᠢ ᠴᠦ᠍ ᠮᠠᠯ᠎ᠤᠨ ᠰᠦ ᠦᠳᠭᠡᠷᠡᠨ᠂ ᠦᠷᠦᠮ᠎ᠡ ᠲᠤᠰᠤ ᠵᠤᠵᠠᠭᠠᠷᠠᠵᠤ᠂ ᠠᠯᠠᠭᠠᠨ ᠴᠢᠨᠡᠭᠡᠨ ᠦᠷᠦᠮᠡᠨ᠎ᠳᠤ ᠱᠠᠩᠳᠠᠭᠤᠷᠠᠭ᠍ᠰᠠᠨ ᠥᠩᠲᠠᠢ ᠨᠠᠮᠤᠷ᠎ᠤᠳ ᠬᠦᠪᠦᠷᠡᠨ ᠪᠠᠢᠭᠠᠯᠢ ᠡᠬᠡ ᠮᠠᠨᠢ ᠥᠩᠱᠢᠭ ᠰᠠᠢᠬᠠᠨ ᠪᠠᠢᠳᠠᠭ ᠪᠠᠢᠵᠠᠢ᠃
ᠮᠠᠨ᠎ᠤ᠎ᠬᠢ ᠪᠤᠭ ᠮᠠᠯ᠎ᠤᠨ ᠠᠢᠯ᠂ ᠤᠨᠤᠭᠠᠷᠢ᠎ᠶ᠋ᠢᠨ ᠭᠠᠭ᠍ᠴᠠᠬᠠᠨ ᠮᠤᠷᠢ᠎ᠲᠠᠢ᠃ ᠠᠪᠤ ᠮᠢᠨᠢ ᠡᠮᠨᠢᠭ ᠰᠠᠢᠬᠠᠨ ᠰᠤᠷᠭᠠᠳᠠᠭ ᠪᠤᠯᠬᠤᠷ ᠤᠨᠤᠭ᠎ᠠ᠎ᠪᠠᠷ ᠲᠤᠳᠠᠬᠤ ᠦᠭᠡᠢ ᠴᠦ᠍ 《ᠬᠦᠮᠦᠨ᠎ᠤ ᠤᠨᠤᠭ᠎ᠠ ᠵᠢᠭ᠌ᠰᠢᠶᠡᠴᠢᠬᠡᠨᠡ》 ᠭᠡᠳ ᠪᠢᠳᠠ ᠬᠤᠶᠠᠷ᠎ᠲᠤ ᠰᠤᠷᠭᠠᠵᠤ ᠪᠠᠢᠭ᠎ᠠ ᠡᠮᠨᠢᠭ᠎ᠢᠶᠠᠨ ᠤᠨᠤᠭᠤᠯᠳᠠᠭ ᠦᠭᠡᠢ᠃ ᠪᠢᠳᠡ ᠬᠤᠶᠠᠷ ᠪᠠᠰᠠ ᠯᠠ ᠦᠨᠦᠬᠢ ᠬᠤᠶᠠᠷ ᠱᠢᠷᠭ᠎ᠠ᠎ᠪᠠᠨ ᠱᠢᠩᠭᠡᠬᠦ᠌᠎ᠶ᠋ᠢᠨ ᠱᠢᠷ᠎ᠠ ᠨᠠᠷᠠᠲᠠᠢ ᠤᠷᠤᠯᠳᠤᠭᠤᠯᠤᠨ ᠪᠤᠴᠠᠨ᠎ᠠ᠃ ᠲᠤᠷ᠎ᠠ᠎ᠳᠤ ᠱᠢᠷ᠎ᠠ ᠦᠭᠡᠢ ᠪᠤᠯᠬᠤᠷ 《ᠬᠦᠷᠭᠡᠭ᠌ᠰᠡᠨ ᠦᠭᠡᠢ᠂ ᠲᠤᠰᠤᠭ᠍ᠰᠠᠨ ᠦᠭᠡᠢ》 ᠭᠡᠵᠤ ᠲᠤᠨᠢᠷᠬᠠᠳᠠᠭ ᠴᠦ᠍ ᠦᠭᠡᠢ᠃ ᠠᠬ᠎ᠠ ᠪᠢᠳᠡ ᠬᠤᠶᠠᠷ ᠨᠢᠬᠡ ᠨᠢᠬᠡ ᠲᠤᠭᠤᠭᠠᠨᠤ ᠦᠷᠦᠮ᠎ᠡ᠂ ᠬᠡᠳᠦ ᠭᠤᠷᠪᠠᠨ ᠬᠤᠷᠤᠳ᠂ ᠨᠢᠬᠡ ᠨᠢᠬᠡ ᠯᠤᠩᠬᠤ ᠲᠠᠱᠢᠮᠠᠭ ᠡᠬᠦᠷᠦᠭᠡᠳ ᠮᠤᠨᠳᠠᠭ 《ᠭᠠᠨᠵᠤᠭ᠎ᠠ》᠎ᠲᠠᠢ ᠪᠤᠴᠠᠨ᠎ᠠ᠃ ᠬᠠᠶᠠ ᠵᠠᠷᠢᠮ᠎ᠳᠠᠭᠠᠨ ᠭᠠᠭ᠍ᠴᠠ ᠬᠤᠶᠠᠷ ᠭᠤᠳᠤᠭᠤᠷ ᠬᠠᠳᠠᠭ᠍ᠰᠠᠨ ᠪᠤᠷᠴᠠ ᠪᠠᠷᠢᠭᠤᠯᠵᠤ ᠪᠠᠢᠬᠤ᠎ᠪᠠᠨ ᠴᠦ᠍ ᠶᠠᠳᠠᠬᠤ ᠦᠭᠡᠢ᠃
ᠦᠳᠡᠰᠢ᠎ᠶ᠋ᠢᠨ ᠱᠢᠷ᠎ᠡ ᠭᠡᠭᠡ᠎ᠪᠠᠷ ᠢᠯᠪᠢᠬᠦᠯᠦᠨ ᠰᠤᠷᠭᠠᠭᠤᠯᠢ᠎ᠶ᠋ᠢᠨ᠎ᠢᠶᠠᠨ ᠵᠡᠬᠦᠨ ᠨᠢᠷᠤᠭᠤᠨ ᠲᠡᠭᠡᠭᠦᠷ ᠲᠠᠪᠠᠭᠠᠳ ᠭᠠᠷᠬᠤ᠎ᠳᠤ ᠠᠬ᠎ᠠ ᠪᠢᠳᠡ ᠬᠤᠶᠠᠷ᠎ᠤᠨ ᠪᠡᠢᠷᠢᠶ᠋ᠢᠨᠬᠢᠨ ᠬᠡᠵᠢᠶᠡᠨᠡᠢ ᠦᠬᠡᠢ ᠤᠯᠤᠭᠠᠳ ᠬᠠᠷᠠᠴᠢᠬᠠᠭ᠍ᠰᠠᠨ ᠲᠤᠰᠤᠭᠠᠳ ᠬᠦᠶᠦᠯᠳᠦᠨ᠎ᠡ᠃ ᠵᠠᠷᠢᠮ᠎ᠳᠠᠭᠠᠨ ᠪᠦᠷ ᠬᠠᠮᠢᠭ᠎ᠠ ᠬᠤᠯᠠ᠎ᠠᠴᠠ ᠲᠤᠰᠳᠠᠭ᠃ ᠡᠵᠢ᠎ᠶ᠋ᠢᠨ ᠮᠢᠨᠢ ᠬᠦᠵᠡᠭᠡᠯᠡᠭ᠌ᠰᠡᠨ ᠲᠠᠱᠢᠮᠠᠭ ᠠᠮᠳᠠᠳᠠᠢ ᠭᠡᠵᠤ ᠭᠠᠢᠬᠠᠯᠳᠠᠢ᠃ ᠲᠠᠳᠠᠨ᠎ᠤ ᠵᠠᠷᠢᠮ᠎ᠨᠢ ᠬᠠᠯᠪᠠᠭ᠎ᠠ᠎ᠪᠠᠨ ᠡᠪᠦᠷᠳᠦᠯᠡᠭᠡᠳ ᠢᠷᠡᠬᠦ᠌᠎ᠨᠢ ᠴᠦ᠍ ᠪᠤᠢ᠃ ᠭᠡᠯᠡ ᠴᠦ᠍ ᠭᠡᠰᠡᠨ ᠪᠢᠳᠡ ᠬᠤᠶᠠᠷ᠎ᠤᠨ ᠬᠠᠭᠤᠷᠠᠢ ᠬᠦᠨᠡᠰᠦ᠎ᠶ᠋ᠢ ᠪᠦᠬᠦᠳᠡ᠎ᠶ᠋ᠢ᠎ᠨᠢ ᠬᠠᠭᠤᠷᠠᠢᠯᠠᠳᠠᠭ ᠦᠭᠡᠢ᠃ ᠬᠠᠷᠢᠨ ᠬᠤᠪᠢᠶᠠᠵᠤ ᠠᠮᠰᠠᠨ ᠬᠤᠪᠳᠤᠭ᠎ᠢᠶᠠᠨ ᠲᠠᠷᠤᠭᠠᠳ ᠶᠡᠬᠡᠩᠬᠢ ᠬᠠᠭᠠᠰ᠎ᠢ᠎ᠨᠢ ᠦᠯᠡᠳᠡᠭᠡᠨ᠎ᠡ᠃
ᠬᠦᠮᠦᠨ ᠦᠳᠡᠯᠬᠦ᠌ ᠲᠤᠰᠤᠮ ᠪᠠᠭ᠎ᠠ ᠨᠠᠰᠤ᠎ᠪᠠᠨ ᠲᠤᠷᠠᠰᠭᠤ ᠲᠤᠷᠠᠳᠠᠢ᠃ ᠤᠳᠤ ᠪᠦᠷ ᠡᠪᠦᠭᠡ ᠡᠮᠡᠭᠡ ᠪᠤᠯᠴᠢᠬᠠᠭ᠍ᠰᠠᠨ ᠬᠢᠷᠢᠨ᠎ᠡ᠎ᠪᠠᠨ ᠬᠠᠮᠢᠭᠠᠨ᠎ᠠ ᠴᠠᠭᠠᠨ᠎ᠠ ᠠᠭᠤᠯᠵᠠᠵᠤ ᠤᠴᠠᠷᠠᠨ ᠬᠠᠭᠤᠷᠠᠢ ᠬᠦᠨᠡᠰᠦ᠎ᠪᠠᠨ ᠬᠤᠪᠢᠶᠠᠯᠴᠠᠳᠠᠭ ᠪᠠᠢᠭ᠍ᠰᠠᠨ᠎ᠢᠶᠠᠨ ᠲᠤᠷᠠᠰᠤᠨ ᠶᠠᠷᠢᠵᠤ ᠬᠦᠭ᠌ᠵᠢᠯᠳᠦᠳᠡᠭ ᠰᠠᠨ᠃ ᠡᠵᠢ᠎ᠶ᠋ᠢᠨ ᠬᠦᠵᠡᠭᠡᠯᠡᠭ᠌ᠰᠡᠨ ᠲᠠᠱᠢᠮᠠᠭᠤᠨ ᠠᠮᠳᠠᠳᠠᠢ᠎ᠶ᠋ᠢ ᠭᠠᠢᠬᠠᠨ ᠪᠤᠷᠬᠠᠨ ᠪᠤᠯᠤᠭ᠍ᠰᠠᠨ ᠡᠵᠢ᠎ᠶ᠋ᠢ ᠮᠢᠨᠢ ᠲᠤᠷᠠᠰᠤᠨ ᠨᠢᠯᠪᠤᠰᠤ ᠤᠨᠠᠭᠠᠬᠤ᠎ᠨᠢ ᠴᠦ᠍ ᠪᠤᠢ᠃
ᠵᠠᠷᠢᠮ᠎ᠳᠠᠭᠠᠨ ᠤᠯᠤᠰ᠎ᠤᠨ ᠪᠠᠶᠠᠷ᠎ᠢᠶᠠᠷ ᠪᠠᠢᠷᠢ᠎ᠶ᠋ᠢᠨ ᠬᠡᠳᠦ ᠮᠢᠨᠢ ᠲᠤᠰᠭᠠᠢᠯᠠᠨ ᠮᠠᠨ᠎ᠤ᠎ᠳᠤ ᠴᠤᠭ᠍ᠯᠠᠷᠠᠨ ᠪᠠᠭ᠎ᠠ ᠰᠤᠷᠭᠠᠭᠤᠯᠢ᠎ᠳᠤ ᠪᠤᠯᠤᠭ᠍ᠰᠠᠨ ᠬᠦᠭ᠌ᠳᠡᠢ ᠱᠤᠮᠳᠠᠢ ᠤᠴᠠᠷᠠᠯ᠎ᠢᠶᠠᠨ ᠠᠮᠠ ᠪᠤᠯᠢᠶᠠᠯᠳᠤᠨ ᠬᠦᠭᠡᠷᠦᠯᠳᠦᠨ᠎ᠡ᠃ ᠲᠡᠷᠡ ᠲᠤᠰᠤᠮ᠎ᠢᠶᠠᠨ ᠪᠢᠳᠠ ᠬᠤᠶᠠᠷ᠎ᠢ ᠬᠡᠵᠢᠶ᠎ᠡ ᠵᠡᠬᠦᠨ ᠨᠢᠷᠤᠭᠤᠨ ᠲᠡᠭᠡᠭᠦᠷ ᠭᠠᠷᠴᠤ᠌ ᠢᠷᠡᠳᠡᠭ ᠪᠤᠯ ᠬᠡᠮᠡᠨ ᠪᠠᠢᠷᠢ᠎ᠶ᠋ᠢᠨ᠎ᠢᠶᠠᠨ ᠵᠡᠬᠦᠨ ᠲᠠᠯ᠎ᠠ᠎ᠳᠤ ᠱᠢᠯᠦᠰᠦᠪᠠᠨ ᠵᠠᠯᠬᠢᠨ ᠬᠦᠯᠢᠶᠡᠳᠡᠭ ᠪᠠᠢᠭ᠍ᠰᠠᠨ᠎ᠢᠶᠠᠨ; ᠬᠦᠯᠢᠶᠡᠵᠦ᠍ ᠶᠠᠳᠠᠭᠠᠳ ᠲᠤᠰ᠎ᠤᠨ ᠬᠦᠶᠦᠯᠴᠡᠳᠡᠭ ᠪᠠᠢᠭ᠍ᠰᠠᠨ᠎ᠢᠶᠠᠨ; ᠰᠠᠷ᠎ᠠ ᠦᠭᠡᠢ ᠲᠤᠬᠢᠶᠠᠯᠳᠤᠯ᠎ᠳᠤ ᠵᠢᠷᠭᠠᠬᠤ᠎ᠶ᠋ᠢᠨ ᠱᠢᠷ᠎ᠠ ᠨᠡᠷᠡᠨ᠎ᠢᠶᠠᠷ ᠵᠠᠮ᠎ᠤᠨ ᠲᠤᠮᠳᠠᠭᠤᠷ᠎ᠲᠤ ᠲᠤᠰᠳᠠᠭ ᠪᠠᠢᠭ᠍ᠰᠠᠨ᠎ᠢᠶᠠᠨ; ᠠᠮᠳᠠᠳᠠᠢ ᠰᠠᠢᠬᠠᠨ᠎ᠢ᠎ᠨᠢ ᠭᠠᠢᠬᠠᠨ ᠭᠠᠭ᠍ᠴᠠ ᠬᠠᠯᠪᠠᠭ᠎ᠠ ᠲᠠᠱᠢᠮᠠᠭᠢ ᠴᠦ᠍ ᠲᠠᠮᠱᠢᠶᠠᠯᠠᠨ ᠲᠠᠮᠱᠢᠶᠠᠯᠠᠨ ᠲᠤᠯᠢᠶᠠᠳᠠᠭ ᠪᠠᠢᠭ᠍ᠰᠠᠨ᠎ᠢᠶᠠᠨ ᠁ ᠲᠤᠷᠠᠰᠤᠨ ᠶᠠᠷᠢᠯᠴᠠᠵᠤ ᠬᠦᠭ᠌ᠵᠢᠯᠳᠦᠨ ᠪᠠᠶᠠᠰᠤᠯᠴᠠᠬᠤ ᠦᠨᠡᠭᠡᠷ ᠰᠠᠢᠬᠠᠨ ᠪᠠᠢᠳᠠᠭ ᠪᠠᠢᠯ᠎ᠠ᠃ ᠨᠢᠯᠬ᠎ᠠ ᠪᠠᠯᠴᠢᠷ ᠨᠠᠰᠤ ᠮᠢᠨᠢ ᠨᠢᠰᠦᠨ ᠤᠳᠤᠭ᠍ᠰᠠᠨ ᠴᠦ᠍ ᠡᠷᠬᠢᠨ ᠰᠠᠨᠠᠬᠤ ᠲᠤᠷᠠᠳᠭᠠᠯ᠎ᠲᠠᠢ ᠦᠳᠡᠯᠬᠦ᠌ᠨᠢ ᠵᠢᠷᠭᠠᠯ᠎ᠤᠨ ᠲᠡᠭᠡᠳᠦ ᠵᠢᠷᠭᠠᠯ ᠪᠤᠶᠤ᠃
ᠢᠳᠡᠭᠡᠨ ᠬᠤᠪᠤᠷ᠎ᠲᠠᠭᠠᠨ ᠠᠮᠳᠠᠳᠠᠢ᠃ ᠡᠯᠪᠡᠭ ᠲᠡᠯᠪᠡᠭ ᠴᠢᠨᠡᠭᠡᠯᠢᠭ ᠨᠡᠢᠭᠡᠮ᠎ᠤᠨ ᠲᠠᠩᠰᠤᠭ ᠤᠷᠴᠢᠨ᠎ᠳᠤ ᠦᠰᠴᠦ᠍ ᠦᠨᠳᠡᠢᠵᠦ᠍ ᠶᠠᠪᠤᠭ᠎ᠠ ᠦᠷ᠎ᠡ ᠬᠤᠢᠴᠢᠰ ᠮᠢᠨᠢ ᠪᠢᠳᠠᠨ᠎ᠤ ᠡᠢᠨᠬᠦ᠌ ᠲᠤᠷᠠᠰᠭᠤᠶ᠋ᠢ ᠬᠡᠴᠢᠨᠡᠨ ᠰᠤᠨᠤᠰᠤᠭ᠍ᠰᠠᠨ ᠴᠦ᠍ 《ᠰᠡᠪᠡᠰᠦᠨᠤ ᠰᠠᠪᠠ — ᠬᠦᠵᠡᠭᠡᠨ᠎ᠳᠤ ᠶᠠᠭᠠᠬᠢᠨ ᠰᠦ ᠬᠤᠷᠢᠶᠠᠵᠤ ᠪᠤᠯᠬᠤ ᠪᠤᠢ!》 ᠭᠡᠵᠤ ᠵᠢᠭ᠌ᠰᠢᠭᠡᠳ ᠬᠦᠵᠡᠭᠡᠯᠡᠭ᠌ᠰᠡᠨ ᠲᠠᠱᠢᠮᠠᠭᠲᠠᠢ ᠡᠪᠯᠡᠷᠡᠬᠦ᠌ ᠦᠭᠡᠢ ᠪᠠᠢᠬᠤ᠎ᠪᠠᠨ ᠴᠦ᠍ ᠶᠠᠳᠠᠬᠤ ᠦᠭᠡᠢ᠃ ᠬᠠᠭᠤᠴᠢᠨ ᠶᠠᠭᠤᠮ᠎ᠠ ᠤᠯᠠ ᠪᠤᠯᠵᠤ᠂ ᠱᠢᠨ᠎ᠡ ᠶᠠᠭᠤᠮ᠎ᠠ ᠵᠤᠯᠠ ᠪᠤᠯᠬᠤ᠎ᠶ᠋ᠢ ᠠᠯᠢ᠎ᠶ᠋ᠢ᠎ᠨᠢ ᠲᠡᠷᠡ ᠭᠡᠬᠦ᠌ ᠪᠤᠢ ᠳ᠋ᠠ᠃ ᠭᠡᠯᠡ ᠴᠦ᠍ ᠭᠡᠰᠡᠨ ᠡᠢᠮᠦ᠍ ᠰᠠᠢᠬᠠᠨ ᠦᠪ ᠰᠤᠶᠤᠯ᠂ ᠲᠡᠢᠮᠦ᠍ ᠭᠤᠢᠳᠠ ᠨᠦᠬᠦᠷᠯᠡᠯ ᠪᠠᠢᠭ᠍ᠰᠠᠨ ᠮᠦᠷᠳᠡᠭᠡᠨ ᠪᠠᠢᠭ᠍ᠰᠠᠭᠠᠷ ᠯᠠ ᠪᠠᠢᠬᠤ ᠪᠤᠯᠤᠨ᠎ᠠ ᠭᠡᠳᠡᠭ᠎ᠢ ᠦᠨᠡᠯᠡᠬᠦ᠌᠎ᠨᠢ ᠵᠦᠪ ᠡ!
ᠡᠳᠦᠭᠡ ᠰᠠᠨᠠᠭ᠎ᠠ᠎ᠪᠠᠷ᠎ᠢᠶᠠᠨ ᠲᠤᠪᠳᠤᠯᠭᠠᠬᠤ ᠲᠡᠷᠭᠡ ᠮᠠᠱᠢᠨ᠂ ᠭᠠᠵᠠᠷ᠎ᠢᠶᠠᠷ ᠭᠠᠯᠭᠢᠭᠤᠯᠬᠤ ᠭᠠᠯᠳᠤ ᠲᠡᠷᠭᠡ᠂ ᠠᠭᠠᠷ᠎ᠢᠶᠠᠷ ᠱᠤᠩᠭᠤᠬᠤ ᠨᠢᠰᠭᠡᠯ᠂ ᠲᠠᠯᠠᠢ᠎ᠪᠠᠷ ᠱᠤᠩᠪᠠᠭ᠍ᠤ ᠬᠦᠯᠭᠡ ᠤᠩᠭᠤᠴᠠ ᠁ ᠭᠡᠳ ᠦᠨᠳᠦᠷ ᠬᠤᠷᠳᠤᠴᠠ᠎ᠲᠠᠢ᠂ ᠲᠤᠬᠢᠯᠢᠭ ᠲᠦᠬᠦᠭᠡᠷᠦᠮᠵᠢ᠎ᠲᠠᠢ ᠪᠤᠯᠤᠭ᠍ᠰᠠᠨ᠎ᠠᠴᠠ ᠬᠦᠮᠦᠨ ᠵᠤᠨ ᠮᠠᠨᠢ ᠱᠢᠨ᠎ᠡ ᠴᠠᠭ᠎ᠤᠨ ᠤᠨᠤᠭ᠎ᠠ ᠬᠦᠰᠭᠡ᠎ᠪᠠᠷ ᠱᠤᠤᠭᠢᠭᠤᠯᠤᠨ᠂ ᠡᠬᠡ ᠤᠯᠤᠰ᠎ᠤᠨ᠎ᠢᠶᠠᠨ ᠡᠯ᠎ᠡ ᠭᠠᠵᠠᠷ᠎ᠢᠶᠠᠷ ᠲᠤᠭᠤᠷᠢᠨ ᠵᠢᠭᠣᠯᠴᠢᠯᠠᠵᠦ᠂ ᠤᠯᠤᠰ ᠤᠷᠤᠨ᠎ᠤ᠎ᠪᠠᠨ ᠬᠦᠭ᠌ᠵᠢᠯᠳᠡ ᠲᠠᠪᠱᠢᠯᠳᠠ᠎ᠶ᠋ᠢ ᠨᠢᠳᠦ᠍᠎ᠪᠠᠷ᠎ᠢᠶᠠᠨ ᠦᠵᠡᠨ᠂ ᠰᠡᠳᠭᠢᠯ᠎ᠢᠶᠠᠷ᠎ᠢᠶᠠᠨ ᠪᠠᠭ᠍ᠠᠷᠬᠠᠬᠤ᠎ᠨᠢ ᠠᠮᠤᠭᠤᠯᠠᠩ ᠲᠦᠷᠦ᠍᠎ᠶ᠋ᠢᠨ ᠠᠷᠠᠳ ᠪᠤᠯᠤᠭ᠍ᠰᠠᠨ᠎ᠤ ᠵᠢᠷᠭᠠᠯ ᠠᠵᠢ!
ᠠᠭᠤᠤ ᠶᠡᠭᠡ ᠡᠬᠡ ᠤᠯᠤᠰ᠎ᠤᠨ ᠮᠠᠨᠢ ᠪᠠᠶᠠᠷ ᠲᠤᠷᠠᠰᠭᠠᠯ᠎ᠤᠨ ᠡᠳᠦᠷ᠎ᠤᠳ ᠡᠷᠭᠢᠯᠳᠦᠬᠦ᠌ ᠵᠠᠭᠤᠨ᠎ᠢ ᠰᠤᠨᠳᠠᠯᠠᠨ ᠰᠤᠨᠳᠠᠯᠠᠨ ᠲᠤᠷᠠᠰᠭᠠᠭ᠍ᠳᠠᠨ ᠲᠡᠮᠳᠡᠭ᠌ᠯᠡᠭ᠌ᠳᠡᠵᠦ᠍᠂ ᠬᠦᠴᠦᠷᠭᠡᠭ᠌ᠵᠢᠨ ᠮᠠᠨᠳᠤᠬᠤ᠎ᠶ᠋ᠢ ᠲᠠᠭᠠᠯᠳᠤᠨ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠦᠪ ᠶᠡᠭᠡ ᠰᠤᠶᠤᠯ ᠦᠶ᠎ᠡ᠎ᠶ᠋ᠢᠨ ᠦᠶ᠎ᠡ᠎ᠳᠤ᠂ ᠦᠷ᠎ᠡ᠎ᠶ᠋ᠢᠨ ᠦᠷ᠎ᠡ᠎ᠳᠤ ᠤᠯᠠᠮᠵᠢᠯᠠᠭ᠍ᠳᠠᠨ ᠲᠡᠯᠭᠡᠷᠡᠬᠦ᠌᠎ᠨᠢ ᠯᠠᠪᠳᠠᠢ!
ᠠᠭᠤᠤ ᠤᠯᠤᠰ᠎ᠤᠨ ᠮᠠᠨᠢ ᠪᠡᠶᠡᠷ᠎ᠤᠨ ᠡᠳᠦᠷ ᠮᠠᠨᠳᠤᠨ ᠮᠠᠨᠳᠤᠬᠤ ᠪᠤᠯᠳᠤᠭᠠᠢ!