ᠮᠡᠳᠡᠭᠡᠯᠡᠯ᠎ᠤᠨ ᠪᠦᠯᠬᠦᠮ᠎ᠤᠨ ᠵᠢᠪᠬᠤᠭ᠎ᠠ
2024-12-04 13:31:11
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠢᠭᠡᠳᠤᠭᠡᠷ ᠲᠤᠭᠤᠢᠯᠠᠡᠭ᠄

ᠰᠡᠳᠬᠢᠯ᠎ᠤᠨ ᠦᠴᠢᠯ — ᠢᠳᠡᠭᠡᠯ

ᠪᠢᠳᠡ ᠰᠤᠳᠤᠨ ᠪᠦᠲᠦᠭᠡᠯ ᠎ᠢ ᠳᠠᠬᠢᠨ ᠠᠮᠲᠠᠷᠬᠠᠵᠤ ᠂ ᠬᠦᠮᠦᠰ᠎ᠤᠨ ᠠᠮᠠᠨ ᠠᠶ᠎ᠠ ᠪᠠᠷ ᠵᠢᠠᠨ ᠠᠶᠠᠯᠵᠤ ᠪᠠᠢᠳᠠᠭ ᠴᠸ᠋ ᠵᠤᠬᠢᠶᠠᠭᠳᠠᠵᠤ ᠳᠡᠯᠭᠡᠷᠡᠭᠰᠡᠨ ᠴᠠᠭᠠᠨᠠᠬᠢ ᠤᠴᠢᠷ ᠶᠠᠪᠤᠳᠠᠯ᠎ᠤᠳ᠎ᠢ ᠨᠠᠷᠢᠨ ᠮᠡᠳᠡᠭᠦ ᠦᠭᠡᠢ ᠰᠤᠳᠤᠨ ᠳᠠᠭᠤᠤ ᠵᠢᠨ ᠠᠶᠠᠯᠠᠯ᠎ᠳᠤ ᠮᠤᠷᠳᠠᠪᠡ᠃ 《ᠦᠵᠡᠰᠭᠦᠯᠡᠩᠲᠦ ᠰᠠᠢᠬᠠᠨ ᠮᠢᠨᠦ ᠨᠤᠲᠤᠭ》 ᠲᠸ᠋ 《ᠦᠨᠳᠦᠷ ᠰᠦᠷᠯᠢᠭ ᠬᠢᠩᠭᠠᠨ ᠳᠠᠪᠠᠭ᠎ᠠ》 ᠡᠴᠡ ᠦᠭᠰᠦᠭᠦᠯᠦᠨ᠂  ᠲᠠᠯ᠎ᠠ ᠵᠢᠨ ᠴᠢᠮᠡᠭ ᠪᠤᠯᠵᠤ ᠠᠮᠢᠲᠠᠨ ᠲᠦᠮᠡᠨ᠎ᠢ ᠤᠮᠳᠠᠯᠠᠭᠰᠠᠨ 《ᠰᠢᠯᠢ ᠵᠢᠨ ᠭᠤᠤᠯ》 ᠬᠦᠷᠲᠡᠯ᠎ᠡ᠂ ᠬᠠᠢᠷ᠎ᠠ ᠵᠢ ᠳᠠᠲᠠᠵᠤ ᠦᠷᠦᠴᠡ ᠵᠢ ᠥᠨᠳᠡᠯᠵᠡᠭᠦᠯᠦᠭᠰᠡᠨ 《ᠠᠪᠤ ᠡᠵᠢ ᠵᠢᠨ ᠨᠤᠲᠤᠭ ᠤᠰᠤᠨ》ᠮᠠᠨᠢ ᠡᠬᠡ ᠤᠯᠤᠰ᠎ᠤᠨ ᠵᠢᠠᠨ ᠤᠮᠠᠷᠠᠲᠤ ᠬᠢᠯᠢ ᠵᠢ ᠰᠠᠬᠢᠵᠤ᠂  75 ᠵᠢᠯ᠎ᠤᠨ ᠤᠢ ᠵᠢᠨ ᠪᠠᠶᠠᠷ ᠲᠸ᠋ᠨᠢ 《ᠤᠮᠠᠷᠠᠲᠤ ᠬᠢᠯᠢ ᠵᠢᠨ ᠳᠠᠭᠤᠯᠠᠯ》 ᠵᠢᠠᠨ ᠡᠷᠬᠦᠨᠡᠮ᠃

ᠪᠢᠳᠡ ᠴᠠᠭ ᠦᠶ᠎ᠡ ᠵᠢᠨ ᠲᠡᠮᠲᠡᠭᠯᠡᠭᠴᠢ᠂ ᠮᠥᠨ ᠲᠡᠦᠬᠡ ᠵᠢᠨ ᠭᠡᠷᠡᠴᠢᠯᠡᠭᠴᠢ ᠪᠤᠯᠤᠭᠰᠠᠨ᠎ᠤ ᠬᠤᠪᠢ᠎ᠳᠤ᠂ ᠥᠪᠦᠷ ᠮᠤᠩᠭᠤᠯ ᠤᠷᠤᠨ᠎ᠤ ᠪᠠᠨ ᠰᠤᠳᠤᠨ ᠳᠠᠭᠤᠤ ᠵᠢᠨ ᠨᠢᠭᠡ ᠤᠳᠠᠭᠠᠨ᠎ᠤ ᠤᠴᠢᠷᠲᠠᠢ ᠰᠤᠷᠪᠤᠯᠵᠢᠯᠠᠭ᠎ᠠ ᠪᠠᠷ ᠳᠠᠮᠵᠢᠨ᠂ ᠲᠡᠦᠭᠡᠨ ᠡᠴᠡ ᠰᠢᠮ᠎ᠡ ᠬᠦᠷᠲᠡᠵᠦ᠂ ᠡᠷᠢᠨ ᠴᠠᠭ ᠲᠠᠭᠠᠨ ᠡᠷᠡᠮᠡᠭᠡᠢᠯᠡᠨ ᠳᠠᠪᠰᠢᠬᠤ ᠢᠲᠡᠭᠡᠯ ᠬᠦᠴᠦᠨ ᠤᠯᠤᠭᠰᠠᠨ ᠪᠢᠯᠡ᠃


QQ20241204-103340.png


ᠬᠤᠶᠠᠳᠤᠭᠠᠷ ᠲᠤᠭᠤᠢᠯᠠᠡᠭ ᠄

ᠰᠡᠳᠬᠢᠯ᠎ᠤᠨ ᠦᠴᠢᠯ — ᠬᠦᠨᠳᠦᠳᠭᠡᠯ

《ᠤᠮᠠᠷᠠᠲᠤ ᠬᠢᠯᠢ᠎ᠶ᠋ᠢᠨ ᠳᠠᠭᠤᠯᠠᠯ》 ᠰᠢᠷᠢᠰ ᠮᠡᠳᠡᠭᠡᠯᠡᠯ᠎ᠤᠨ ᠰᠤᠷᠪᠤᠯᠵᠢᠯᠠᠭ᠎ᠠ᠎ᠳᠤ ᠤᠷᠤᠯᠴᠠᠭᠠᠳ ᠦᠭᠡ ᠵᠤᠬᠢᠶᠠᠬᠴᠢ᠂ ᠠᠶ᠎ᠠ ᠵᠤᠬᠢᠶᠠᠬᠴᠢ᠂ ᠠᠯᠳᠠᠷᠲᠦ ᠳᠠᠭᠤᠴᠢᠨ ᠪᠠ ᠲᠤᠰᠭᠠᠶ ᠮᠡᠷᠭᠡᠵᠢᠯᠲᠡᠨ᠎ᠢ ᠰᠤᠷᠪᠤᠯᠵᠢᠯᠠᠵᠦ᠂ ᠤᠮᠠᠷᠠᠲᠤ ᠬᠢᠯᠢ᠎ᠶ᠋ᠢᠨ ᠳᠠᠭᠤᠤ ᠬᠦᠭᠵᠢᠮ᠎ᠤᠨ ᠥᠪᠡᠷᠮᠢᠴᠡ ᠲᠠᠲᠠᠬᠤ ᠬᠦᠴᠦᠨ ᠪᠠ ᠠᠯᠤᠰ ᠬᠡᠲᠦ᠍᠎ᠶ᠋ᠢᠨ ᠨᠥᠯᠥᠭᠡ ᠳᠤᠰᠬᠠᠯ᠎ᠢ ᠭᠦᠨᠵᠡᠭᠡᠶ ᠣᠢᠯᠠᠭᠠᠯ᠎ᠠ᠃ ᠰᠤᠷᠪᠤᠯᠵᠢᠯᠠᠬᠤ ᠶᠠᠪᠤᠴᠠ᠎ᠳᠤ᠂ ᠣᠯᠠᠨ᠎ᠢᠶᠠᠷ᠎ᠢᠶᠠᠨ ᠠᠵᠢᠯ᠎ᠤᠨ ᠬᠤᠪᠢᠶᠠᠷᠢᠯᠠᠯ ᠲᠣᠳᠣᠷᠬᠠᠶ᠂ ᠰᠡᠳᠭᠢᠯ ᠨᠢᠭᠡᠲᠦᠨ ᠬᠠᠮᠲᠤᠷᠠᠨ ᠠᠵᠢᠯᠯᠠᠵᠦ᠂ ᠲᠤᠰᠭᠠᠶ ᠮᠡᠷᠭᠡᠵᠢᠯ᠎ᠦᠨ ᠬᠡᠪ ᠪᠣᠯᠪᠠᠰᠤᠷᠠᠯ ᠪᠠ ᠪᠦᠯᠬᠦᠮ ᠨᠡᠢᠲᠡ᠎ᠶ᠋ᠢᠨ ᠵᠣᠷᠢᠭ ᠰᠠᠨᠠᠭ᠎ᠠ ᠵᠢ ᠬᠦᠢᠴᠡᠳ ᠢᠯᠡᠷᠡᠭᠦᠯᠪᠡ᠃

ᠡᠳᠡᠭᠡᠷ ᠰᠣᠩᠭᠣᠳᠠᠭ ᠳᠠᠭᠤᠤ᠎ᠶ᠋ᠢᠨ ᠠᠷᠤ᠎ᠳᠠᠬᠢ ᠦᠯᠢᠭᠡᠷ ᠎ᠢ ᠰᠤᠷᠪᠤᠯᠵᠢᠯᠠᠨ ᠤᠢᠯᠠᠭᠠᠭᠠᠳ ᠪᠢᠳᠠ ᠳᠣᠭ᠍ᠳᠣᠯᠤᠯ ᠪᠠ ᠬᠦᠨᠳᠦᠳᠭᠡᠯ᠎ᠢᠶᠡᠷ ᠪᠢᠯᠬᠠᠭᠰᠠᠨ᠃ ᠡᠲᠡᠭᠡᠷ ᠳᠠᠭᠤᠤ ᠨᠢ ᠴᠠᠭ ᠦᠶ᠎ᠡ᠎ᠶ᠋ᠢᠨ ᠬᠤᠪᠢᠷᠠᠯᠲᠠ᠎ᠶ᠋ᠢ ᠲᠡᠮᠳᠡᠭ᠌ᠯᠡᠭ᠌ᠰᠡᠨ᠎ᠢᠶᠡᠷ ᠪᠠᠷᠠᠬᠤ ᠥᠬᠡᠶ᠂ ᠤᠯᠠᠨ ᠲᠦᠮᠡᠨ᠎ᠦ ᠣᠶᠤᠨ ᠤᠬᠠᠭᠠᠨ ᠪᠠ ᠬᠠᠢᠷ᠎ᠠ ᠰᠡᠳᠭᠢᠯᠭᠡ᠎ᠶ᠋ᠢ ᠨᠠᠩ ᠨᠢᠭ᠍ᠲᠠᠷᠠᠭᠤᠯᠵᠤ᠂ ᠤᠮᠠᠷᠠᠲᠤ ᠬᠢᠯᠢ᠎ᠶ᠋ᠢᠨ ᠰᠤᠶᠤᠯ᠎ᠤᠨ ᠥᠪᠡᠷᠮᠢᠴᠡ ᠷᠢᠳᠢ ᠱᠢᠳᠢ᠎ᠶ᠋ᠢ ᠭᠦᠨᠵᠡᠭᠡᠶ ᠮᠡᠳᠡᠷᠡᠭᠦᠯᠦᠭ᠌ᠰᠡᠨ ᠪᠠᠢᠨ᠎ᠠ᠃

ᠭᠤᠷᠪᠠᠳᠤᠭᠠᠷ ᠲᠤᠭᠤᠢᠯᠠᠡᠭ ᠄

ᠰᠡᠳᠬᠢᠯ᠎ᠤᠨ ᠦᠴᠢᠯ — ᠪᠢᠰᠢᠷᠡᠯ

ᠶᠠᠭᠠᠷᠠᠯᠳᠠᠢ ᠦᠩᠭᠡᠷᠡᠭᠰᠡᠨ ᠬᠠᠭᠠᠰ ᠵᠢᠯ᠎ᠤᠨ ᠰᠤᠷᠪᠤᠯᠵᠢᠯᠠᠭ᠎ᠠ ᠪᠠᠨ ᠡᠷᠬᠢᠴᠡᠭᠦᠯᠬᠦ ᠪᠡᠷ ᠪᠠᠶᠠᠷ ᠬᠦᠷ᠂ ᠪᠠᠬᠠᠷᠬᠠᠯ ᠲᠤᠭᠳᠤᠯᠤᠯ᠂ ᠪᠠᠰᠠ ᠬᠠᠶᠠ ᠬᠠᠷᠠᠮᠰᠠᠯ ᠦᠯᠡᠳᠡᠭᠡᠭᠰᠡᠨ ᠵᠦᠢᠯ ᠪᠠᠢᠪᠠᠴᠤ ᠂ ᠦᠭᠡ ᠠᠶᠠᠯᠭᠤ ᠵᠤᠬᠢᠶᠠᠭᠴᠢ᠂ ᠲᠠᠭᠤᠴᠢᠨ ᠂ ᠲᠤᠰᠬᠠᠢ ᠮᠡᠷᠭᠡᠵᠢᠯᠳᠡᠨ ᠡᠷᠳᠡᠮᠳᠡᠨ ᠭᠡᠳ ᠬᠤᠷᠢ ᠭᠠᠷᠤᠢ ᠬᠦᠮᠦᠨ᠎ᠤ ᠦᠯᠢᠭᠡᠷ᠂ ᠦᠵᠡᠯ ᠪᠤᠳᠤᠯ᠎ᠢ ᠰᠤᠷᠪᠤᠯᠵᠢᠯᠠᠨ ᠲᠡᠮᠳᠡᠭᠯᠡᠵᠦ᠂ ᠤᠬᠠᠭᠠᠷᠠᠨ ᠤᠢᠯᠠᠭᠠᠵᠤ ᠶᠠᠪᠤᠭᠰᠠᠨ ᠵᠢᠡᠨ ᠰᠠᠨᠠᠬᠤᠯᠠᠷ ᠰᠡᠳᠬᠢᠯ ᠬᠠᠩᠬᠤᠯᠤᠭᠤᠨ᠂ ᠣᠯᠵᠠ ᠤᠮᠤᠭ ᠲᠦᠭᠦᠷᠡᠩ᠃

ᠪᠢᠳᠠ ᠠᠯᠳᠠᠷᠳᠤ ᠲᠠᠭᠤᠴᠢᠨ ᠵᠢᠨᠬᠤᠸᠠᠷ᠎ᠢ ᠰᠤᠷᠪᠤᠯᠵᠢᠯᠠᠯ᠎ᠠ᠂ ᠨᠠᠶᠠ ᠵᠢᠨ ᠲᠠᠪᠠᠭ᠎ᠠ ᠵᠢ ᠳᠠᠪᠠᠭᠰᠠᠨ ᠦᠨᠳᠦᠷ ᠨᠠᠰᠤᠳᠠᠢ ᠲᠡᠷᠡᠪᠡᠷ 《ᠣᠪᠤᠭᠠᠨ ᠳ᠋ᠡᠬᠢ ᠠᠭᠤᠯᠵᠠᠯᠳᠠ 》 ᠵᠢ ᠬᠠᠩᠬᠢᠨᠠᠳᠠᠯ᠎ᠠ ᠲᠠᠭᠤᠯᠠᠵᠦ ᠪᠢᠳᠠᠨ᠎ᠢ ᠪᠠᠶᠠᠰᠬᠠᠪᠠ᠃  《 ᠪᠢ ᠲᠠᠯ᠎ᠠ ᠨᠤᠲᠤᠭ ᠲᠠᠢ ᠪᠠᠨ ᠪᠤᠯᠵᠤᠭ᠎ᠠ ᠲᠠᠢ 》 ᠲᠠᠭᠤᠤ ᠵᠢᠨ ᠦᠭᠡ ᠵᠢᠨ ᠵᠤᠬᠢᠶᠠᠭᠴᠢ ᠶᠠᠩ ᠶᠠᠨ ᠯᠸᠢ ᠪᠠᠭᠰᠢ ᠲᠠᠢ ᠵᠢᠷᠬᠢᠶ᠎ᠡ ᠪᠡᠷ ᠬᠤᠯᠪᠤᠭᠳᠠᠵᠤ ᠰᠤᠷᠪᠤᠯᠵᠢᠯᠠᠭᠰᠠᠨ ᠶᠤᠮ᠃ ᠲᠡᠷᠡᠪᠡᠷ ᠪᠢᠳᠡᠨ᠎ᠤ ᠰᠤᠷᠪᠤᠯᠵᠢᠯᠠᠭ᠎ᠠ ᠵᠢ ᠬᠦᠯᠢᠶᠡᠭᠡᠳ ᠲᠤᠩ ᠪᠠᠶᠠᠷᠳᠠᠢ ᠪᠠᠢᠭᠰᠠᠨ᠃ ᠡᠳᠡᠭᠡᠷ ᠤᠷᠠᠯᠢᠬᠴᠢᠳ ᠵᠢᠡᠨ ᠰᠤᠷᠪᠤᠯᠵᠢᠯᠠᠵᠦ᠂ ᠲᠡᠳᠡᠨ᠎ᠤ ᠪᠠᠨ ᠰᠡᠳᠬᠢᠯ᠎ᠤᠨ ᠦᠭᠡ ᠵᠢ ᠰᠤᠨᠤᠰᠤᠨ᠂ ᠤᠬᠠᠭᠠᠷᠠᠨ ᠵᠤᠷᠢᠬᠵᠢᠵᠦ ᠶᠠᠪᠤᠬᠤ ᠭᠡᠳᠡᠭ ᠪᠠᠰᠠ ᠴᠦ᠍ ᠨᠢᠭᠡ ᠶᠤᠰᠤᠨ᠎ᠤ ᠬᠢᠴᠢᠶᠡᠯ ᠰᠢᠭ ᠤᠳᠬ᠎ᠠ ᠠᠭᠤᠯᠭ᠎ᠠ ᠲᠠᠢ ᠰᠠᠨᠠᠭᠳᠠᠭᠰᠠᠨ᠃

ᠲᠦᠷᠪᠡᠳᠤᠭᠡᠷ ᠲᠤᠭᠤᠢᠯᠠᠡᠭ᠄

ᠰᠡᠳᠬᠢᠯ᠎ᠤᠨ ᠦᠴᠢᠯ — ᠤᠮᠤᠬᠰᠢᠯ

ᠰᠤᠨᠤᠷ᠎ᠢ ᠮᠢᠯᠢᠶᠠᠵᠦ ᠰᠡᠳᠬᠢᠯ᠎ᠢ ᠰᠡᠷᠬᠦᠭᠡᠵᠦ ᠲᠤᠷᠠᠳᠬᠠᠯ ᠳ᠋ᠤ ᠦᠯᠡᠳᠡᠭᠰᠡᠨ《ᠤᠮᠠᠷᠠᠳᠤ ᠬᠢᠯᠢ ᠵᠢᠨ ᠲᠠᠭᠤᠯᠠᠯ》 ᠤ᠋ᠨ ᠰᠤᠩᠭᠤᠳᠠᠭ ᠲᠠᠭᠤᠤ ᠵᠢ ᠲᠠᠬᠢᠨ ᠲᠠᠨᠢᠵᠦ᠂ ᠵᠤᠬᠢᠶᠠᠨ ᠪᠦᠲᠦᠭᠡᠭᠰᠡᠨ ᠬᠦᠮᠦᠰ ᠲᠠᠢ ᠨᠢ ᠠᠭᠤᠯᠵᠠᠨ ᠵᠤᠭᠤᠭᠲᠠᠵᠦ᠂ ᠬᠦᠭᠵᠢᠮ ᠨᠤᠲ ᠳᠤᠨᠢ ᠰᠢᠩᠭᠡᠭᠰᠡᠨ ᠦᠩᠭᠡᠷᠡᠭᠰᠡᠨ᠎ᠤ ᠦᠯᠢᠬᠡᠷ ᠡᠴᠡ ᠨᠢ ᠲᠠᠨᠠᠷ ᠲᠠᠢ ᠪᠠᠨ ᠬᠤᠪᠢᠶᠠᠯᠴᠠᠯ᠎ᠠ᠃

《ᠤᠮᠠᠷᠠᠲᠦ ᠬᠢᠯᠢ᠎ᠶᠢᠨ ᠲᠠᠭᠤᠯᠠᠯ》 ᠪᠢᠳᠡᠨ ᠳ᠋ᠤ ᠲᠠᠭᠤᠤ ᠬᠦᠭᠵᠢᠮ᠎ᠵᠢᠡᠷ ᠵᠢᠡᠨ ᠪᠠᠬᠠᠷᠬᠠᠬᠤ ᠤᠮᠤᠬᠰᠢᠯ᠎ᠢ ᠤᠷᠭᠤᠭᠤᠯᠤᠬᠰᠠᠨ ᠪᠦᠬᠡᠳ ᠦᠶ᠎ᠡ ᠵᠠᠯᠭᠠᠨ ᠪᠤᠤᠬᠢᠶ᠎ᠠ ᠲᠠᠮᠵᠢᠭᠤᠯᠵᠦ᠂ ᠤᠷᠠᠯᠢᠭ᠎ᠤᠨ ᠲᠦᠯᠦᠬᠡ ᠨᠢᠬᠡ ᠦᠵᠦᠬᠦᠷᠲᠦ ᠰᠡᠳᠬᠢᠯ᠎ᠵᠢᠡᠷ ᠮᠡᠷᠡᠢᠨ ᠵᠢᠳᠬᠦᠵᠦ ᠢᠷᠡᠭᠰᠡᠨ ᠠᠬᠠᠮᠠᠳ ᠢᠳᠡᠷ ᠵᠠᠯᠠᠭᠤ ᠤᠷᠠᠯᠢᠬᠴᠢᠳ ᠲᠠᠭᠠᠨ ᠬᠦᠨᠲᠦᠳᠭᠡᠨ ᠲᠠᠯᠠᠷᠬᠠᠵᠦ ᠪᠠᠢᠨ᠎ᠠ᠃ ᠬᠡᠦᠬᠡᠳ ᠪᠠᠢᠬᠤ ᠦᠶ᠎ᠠ ᠳ᠋ᠡᠬᠡᠨ ᠷᠠᠳᠢᠤ᠋ ᠡᠴᠡ ᠰᠤᠨᠤᠰᠴᠦ᠂ ᠲᠧᠯᠸᠢᠰ ᠡᠴᠡ ᠬᠠᠷᠠᠵᠦ᠂ ᠦᠳᠡᠰᠢᠯᠡᠬᠡ ᠤᠷᠤᠯᠲᠤᠭᠠᠨ ᠳ᠋ᠤ ᠬᠠᠶᠠ ᠪᠠᠰᠠ ᠲᠠᠭᠤᠯᠠᠵᠦ ᠪᠠᠢᠬᠰᠠᠨ ᠡᠳᠡᠭᠡᠷ ᠲᠠᠭᠤᠤ ᠨᠤᠭᠤᠳ᠎ᠢ ᠲᠠᠬᠢᠨ ᠤᠢᠯᠠᠭᠠᠵᠦ ᠢᠷᠡᠬᠦ ᠡᠴᠡ ᠲᠡᠦᠭᠡ ᠦᠩᠭᠡᠷᠡᠵᠦ ᠂ ᠴᠠᠭ ᠤᠷᠤᠰᠤᠨ ᠤᠳᠬᠤ ᠨᠠᠷᠠᠲᠦ᠎ᠶᠢᠨ ᠵᠢᠮ᠎ᠠ ᠵᠢ ᠤᠬᠠᠭᠠᠷᠠᠬᠰᠠᠨ ᠪᠦᠬᠡᠳ ᠴᠠᠭ᠎ᠢ ᠠᠮᠵᠢᠨ ᠦᠨᠦᠲᠦᠷ᠎ᠢᠶᠡᠨ ᠨᠠᠨᠳᠢᠩᠨᠠᠬᠤ ᠲᠤᠯᠭᠠᠮ ᠰᠡᠳᠬᠢᠯᠬᠡ ᠲᠦᠷᠦᠭᠳᠡᠭᠰᠡᠨ ᠪᠢᠯᠡ᠃ 《ᠤᠮᠠᠷᠠᠲᠦ ᠬᠢᠯᠢ ᠵᠢᠨ ᠲᠠᠭᠤᠯᠠᠯ》 ᠬᠠᠭᠠᠰ ᠵᠢᠯ᠎ᠤᠨ ᠲᠤᠷᠰᠢ ᠪᠢᠳᠡᠨ᠎ᠢ ᠲᠠᠭᠤᠤ ᠤᠶᠠᠩᠭ᠎ᠠ ᠪᠡᠷ ᠵᠢᠷᠭᠠᠭᠤᠯᠵᠦ᠂ ᠤᠷᠠᠯᠢᠭ᠎ᠤᠨ ᠬᠦᠷᠢᠶᠡᠨ᠎ᠤ ᠬᠦᠮᠦᠰ ᠲᠠᠢ ᠲᠠᠨᠢᠯᠴᠠᠭᠤᠯᠵᠦ᠂  ᠰᠤᠷᠪᠤᠯᠵᠢᠯᠠᠬᠴᠢ᠎ᠶᠢᠨ ᠠᠵᠢᠯ ᠳ᠋ᠤ ᠮᠠᠨᠢ᠂ ᠵᠠᠯᠠᠭᠤ ᠨᠠᠰᠦᠨ ᠳ᠋ᠤ ᠮᠠᠨᠢ ᠮᠠᠷᠲᠠᠭᠲᠠᠰᠢ ᠦᠬᠡᠢ ᠰᠠᠢᠬᠠᠨ ᠲᠤᠷᠠᠳᠬᠠᠯ ᠦᠯᠡᠳᠡᠭᠡᠭᠰᠡᠨ ᠪᠢᠯᠡ᠃

ᠲᠠᠪᠤᠳᠤᠭᠠᠷ ᠲᠤᠭᠤᠢᠯᠠᠡᠭ᠄

ᠰᠡᠳᠬᠢᠯ᠎ᠤᠨ ᠦᠴᠢᠯ — ᠪᠤᠯᠪᠠᠰᠤᠷᠠᠯ

《ᠨᠢᠬᠡᠳᠦᠯ᠎ᠦᠨ ᠠᠳᠣᠭᠣᠴᠢᠨ》 ᠪᠤᠯ ᠮᠠᠯᠴᠢᠨ ᠲᠦᠮᠡᠨ᠎ᠦ ᠵᠣᠯ ᠵᠢᠷᠭᠠᠯᠳᠣ ᠠᠮᠢᠳᠣᠷᠠᠯ ᠵᠢᠡᠨ ᠴᠣᠭᠴᠠᠯᠠᠵᠦ ᠪᠠᠢᠭ᠎ᠠ ᠠᠬᠣᠢ ᠪᠠᠢᠳᠠᠯ᠎ᠢ ᠲᠣᠰᠬᠠᠬᠰᠠᠨ  ᠪᠦᠳᠦᠬᠡᠯ ᠪᠣᠯᠬᠣ ᠶᠣᠮ;《ᠪᠠᠶᠠᠰᠬᠣᠯᠠᠩᠳᠣ ᠰᠠᠭᠠᠯᠢᠴᠢᠨ》 ᠬᠦᠳᠡᠯᠮᠦᠷᠢᠴᠢᠨ ᠠᠷᠠᠳ ᠲᠦᠮᠡᠨ᠎ᠦ ᠬᠠᠮᠳᠣ ᠵᠢᠨ ᠰᠦᠷᠦᠭ ᠵᠢᠡᠨ ᠠᠷᠠᠴᠢᠯᠠᠨ ᠲᠣᠳᠣᠮᠳᠠᠵᠦ ᠪᠠᠢᠭ᠎ᠠ ᠠᠵᠢᠯᠴᠢ ᠬᠦᠳᠡᠯᠮᠦᠷᠢᠴᠢ ᠵᠠᠩ ᠠᠷᠠᠨᠰᠢᠨ᠎ᠢ ᠲᠡᠯᠭᠡᠨ ᠦᠵᠡᠬᠦᠯᠵᠡᠢ;《 ᠲᠠᠯ᠎ᠠ ᠨᠣᠳᠣᠭ᠎ᠦᠨ ᠦᠷᠯᠦᠬᠡ ᠵᠢᠨ ᠣᠶᠠᠩᠭ᠎ᠠ 》 ᠲᠠᠭᠣᠣ ᠪᠣᠯ  ᠲᠡᠭᠡᠷ᠎ᠡ ᠵᠠᠭᠣᠨ᠎ᠦ ᠲᠠᠪᠢᠭᠠᠳ ᠣᠨ᠎ᠦ ᠦᠶ᠎ᠡ᠎ᠵᠢᠨ ᠪᠣᠭᠣᠳᠣ ᠵᠢᠨ ᠪᠣᠯᠣᠳ ᠲᠡᠮᠣᠷ᠎ᠦᠨ ᠦᠢᠯᠡᠳᠪᠦᠷᠢ ᠵᠢᠨ ᠪᠦᠳᠦᠬᠡᠨ ᠪᠠᠢᠭᠣᠯᠣᠭᠴᠢ ᠵᠢᠨ ᠠᠮᠢᠳᠣᠷᠠᠯ ᠲᠡᠮᠡᠴᠡᠯ ᠎ᠢ ᠬᠠᠷᠠᠭᠣᠯᠣᠬᠰᠠᠨ ᠠᠳᠠᠯᠢ ᠨᠠᠷᠠᠳᠣ ᠺᠢᠨᠣ᠋ ᠵᠢᠨ ᠭᠣᠣᠯ ᠲᠠᠭᠣᠣ ᠪᠤᠯᠤᠨ᠎ᠠ;《 ᠲᠠᠯ᠎ᠠ᠎ᠳᠦ ᠣᠨᠠᠬᠰᠠᠨ ᠬᠠᠢᠷ᠎ᠠ 》 ᠦᠨᠳᠣᠰᠣᠳᠠᠨ᠎ᠦ ᠪᠦᠯᠬᠦᠮᠳᠡᠯ ᠨᠢᠬᠳᠠᠷᠠᠯ᠎ᠦᠨ ᠬᠦᠭ ᠠᠶᠠᠰ ᠎ᠢ ᠴᠢᠪᠬᠠᠳᠠᠵᠠᠢ᠃ 《ᠲᠠᠯ᠎ᠠ ᠨᠣᠳᠣᠭ᠎ᠦᠨ ᠵᠣᠴᠢᠨ ᠣᠬᠳᠣᠬᠣ ᠲᠠᠭᠣᠣ》 ᠎ᠲᠠᠯ᠎ᠠ ᠨᠣᠳᠣᠭ᠎ᠦᠨ ᠠᠷᠠᠳ ᠲᠦᠮᠡᠨ᠎ᠦ ᠬᠡᠢᠴᠢᠨ ᠵᠣᠴᠢᠨ ᠵᠢᠡᠨ ᠠᠯᠳᠠ ᠬᠠᠳᠠᠭ᠂ ᠢᠳᠡᠭᠡᠨ᠎ᠦ ᠲᠡᠭᠡᠵᠢ᠂ ᠠᠷᠢᠭᠣᠨ ᠴᠠᠭᠠᠨ ᠢᠷᠦᠬᠡᠯ ᠵᠦᠩᠨᠡᠯ ᠲᠠᠢ ᠪᠠᠨ ᠣᠬᠳᠣᠳᠠᠭ  ᠵᠠᠩ ᠲᠠᠳᠬᠠᠯ᠎ᠢ ᠢᠯᠡᠳᠬᠡᠵᠡᠢ;《ᠬᠠᠨ ᠲᠡᠭᠷᠢ ᠠᠯᠠᠱᠠ》ᠲᠠᠭᠣᠣ ᠪᠣᠯ ᠠᠯᠠᠱᠠ ᠵᠢᠨ ᠦᠷᠡᠰ᠎ᠦᠨ ᠠᠯᠠᠱᠠ ᠪᠠᠨ ᠮᠠᠬᠳᠠᠨ ᠲᠠᠭᠣᠯᠠᠬᠰᠠᠨ ᠰᠡᠳᠬᠢᠯᠬᠡ ᠪᠡᠨ ᠢᠯᠡᠳᠭᠡᠭᠰᠡᠨ ᠬᠠᠮᠣᠭ᠎ᠦᠨ ᠰᠣᠩᠭᠣᠳᠠᠭ ᠬᠡᠯᠪᠡᠷᠢ ᠪᠣᠯᠣᠨ᠎ᠠ᠃

ᠪᠢᠳᠠ《ᠤᠮᠠᠷᠠᠳᠤ ᠬᠢᠯᠢ ᠵᠢᠨ ᠲᠠᠭᠤᠯᠠᠯ》ᠡᠴᠡ ᠤᠯᠠᠨ ᠴᠦ᠍ ᠮᠡᠳᠡᠯᠭᠡ ᠵᠢ ᠰᠤᠷᠤᠭᠰᠠᠨ᠃ ᠲᠤᠩ ᠤᠳᠬ᠎ᠠ ᠠᠭᠤᠯᠭ᠎ᠠ ᠲᠠᠢ ᠡᠨᠡ ᠬᠦ᠌ ᠰᠢᠷᠢᠰ ᠮᠡᠳᠡᠭᠡᠯᠡᠯ᠎ᠳᠤ ᠤᠷᠤᠯᠴᠠᠭᠰᠠᠨ ᠮᠢᠨᠢ ᠨᠢᠭᠡ ᠶᠤᠰᠤᠨ᠎ᠤ ᠪᠤᠯᠪᠠᠰᠤᠷᠠᠯ ᠪᠤᠯᠪᠠ᠃

ᠵᠢᠷᠭᠤᠳᠤᠭᠠᠷ ᠲᠤᠭᠤᠢᠯᠠᠡᠭ᠄

ᠰᠡᠳᠬᠢᠯ ᠎ᠤᠨ ᠦᠴᠢᠯ —  ᠲᠤᠭᠳᠤᠯᠤᠯ

ᠲᠠᠭᠤᠤ ᠲᠠᠭᠤᠤ᠎ᠳᠠᠭᠠᠨ ᠤᠶᠠᠷᠠᠨ᠂ ᠲᠠᠭᠤᠴᠢᠨ ᠤᠷᠠᠯᠢᠬᠴᠢᠳ ᠠᠬᠠᠮᠠᠳ ᠲᠤᠮᠤᠭᠠᠳᠠᠳ᠎ᠤᠨ ᠵᠢᠡᠨ ᠢᠳᠡᠭᠡᠯ ᠵᠢᠳᠬᠦᠯ ᠬᠠᠢᠷ᠎ᠠ᠎ᠳᠤ ᠲᠤᠭᠳᠤᠯᠤᠨ ᠲᠤᠭᠳᠤᠯᠤᠨ《ᠤᠮᠠᠷᠠᠳᠤ ᠬᠢᠯᠢ ᠵᠢᠨ ᠲᠠᠭᠤᠯᠠᠯ》 ᠤ᠋ᠨ ᠵᠢᠡᠨ ᠮᠡᠳᠡᠭᠡᠯᠡᠯ᠎ᠢ ᠵᠢᠷᠭᠠᠭᠠᠭᠰᠠᠨ ᠶᠤᠮ᠃ᠲᠤᠮᠤᠭᠠᠳᠠᠳ᠎ᠤᠨ ᠵᠢᠡᠨ ᠵᠢᠳᠬᠦᠯ᠎ᠳᠤ ᠪᠠᠶᠠᠰᠴᠤ᠂ ᠡᠷᠳᠡᠮᠳᠡᠳ᠎ᠤᠨ ᠵᠢᠡᠨ ᠰᠤᠷᠭᠠᠯ᠎ᠳᠤ ᠵᠤᠷᠢᠭᠵᠢᠨ᠂ ᠤᠮᠠᠷᠠᠳᠤ ᠬᠢᠯᠢ ᠵᠢᠨ ᠰᠤᠶᠤᠯ᠎ᠤᠨ ᠰᠤᠳᠠᠰᠤᠨ᠎ᠳᠤ ᠰᠢᠮ᠎ᠡ ᠬᠠᠩᠭᠠᠭᠰᠠᠨ ᠮᠢᠨᠢ ᠲᠤᠰ ᠤᠳᠠᠭᠠᠨ᠎ᠤ ᠮᠡᠳᠡᠭᠡᠯᠡᠯ᠎ᠳᠤ ᠤᠷᠤᠯᠴᠠᠭᠰᠠᠨ᠎ᠤ ᠡᠯᠪᠡᠭ ᠤᠯᠤᠯᠳᠠ᠃

ᠲᠠᠭᠤᠤ ᠤᠷᠠᠯᠢᠬ ᠭᠡᠵᠦ ᠰᠡᠳᠬᠢᠯ ᠡᠴᠡ ᠰᠡᠳᠬᠢᠯ᠎ᠳᠤ ᠬᠦᠷᠳᠡᠭ ᠠᠶᠠᠨ ᠭᠡᠰᠡᠨ᠃ ᠡᠨᠡ ᠠᠶᠠᠨ᠎ᠤ ᠤᠯᠠᠭ᠎ᠠ᠎ᠳᠤ ᠬᠦᠯ ᠪᠤᠯᠵᠦ ᠲᠠᠪᠬᠢᠭᠤᠯᠤᠭᠰᠠᠨ᠎ᠳᠠᠭᠠᠨ ᠵᠢᠷᠭᠠᠯᠳᠠᠢ᠃ ᠮᠡᠳᠡᠭᠡᠯᠡᠯ᠎ᠤᠨ ᠬᠦᠨᠴᠡ᠂ ᠮᠡᠳᠡᠭᠡᠯᠡᠯ᠎ᠤᠨ ᠦᠷᠭᠡᠴᠡ᠂ ᠮᠡᠳᠡᠭᠡᠯᠡᠯ᠎ᠤᠨ ᠬᠡᠯᠪᠡᠷᠢ᠂ ᠮᠡᠳᠡᠭᠡᠯᠡᠯ᠎ᠤᠨ ᠨᠦᠯᠦᠭᠡ ᠲᠤᠰᠬᠠᠯ ᠁ ᠭᠡᠳ ᠪᠠᠭᠰᠢᠨᠠᠷ ᠡᠴᠡ ᠪᠠᠨ ᠲᠤᠰᠬᠠᠢ ᠮᠡᠷᠭᠡᠵᠢᠯ᠎ᠤᠨ ᠤᠯᠠᠨ ᠴᠦ᠍ ᠤᠬᠠᠭᠳᠠᠬᠤᠨ᠎ᠢ ᠡᠵᠡᠮᠰᠢᠨ ᠤᠢᠯᠠᠭᠠᠭᠰᠠᠨ ᠪᠦᠭᠡᠳ ᠰᠡᠬᠦᠳᠡᠷᠯᠡᠬᠦ᠂ ᠬᠦᠳᠦᠯᠬᠦ᠂ ᠠᠪᠢᠶᠠᠯᠠᠬᠤ᠂ ᠹᠢᠯᠢᠮ ᠡᠰᠭᠡᠬᠦ᠂ ᠦᠢᠯᠡᠳᠬᠦ ᠵᠡᠷᠭᠡ ᠤᠯᠠᠨ ᠴᠦ᠍ ᠮᠡᠳᠡᠯᠭᠡ ᠵᠢ ᠡᠵᠡᠮᠰᠢᠯ᠎ᠡ᠃ 

ᠲᠤᠯᠤᠳᠤᠭᠠᠷ ᠲᠤᠭᠤᠢᠯᠠᠡᠭ᠄

ᠰᠡᠳᠬᠢᠯ᠎ᠤᠨ ᠦᠴᠢᠯ — ᠪᠠᠶᠠᠰᠤᠯ

ᠠᠷᠢᠭᠤᠨ ᠬᠦᠳᠡᠯᠮᠦᠷᠢ ᠪᠡᠷ ᠵᠢᠡᠨ ᠪᠦᠲᠦᠭᠡᠵᠦ ᠭᠠᠷᠭᠠᠭᠰᠠᠨ ᠰᠤᠷᠪᠤᠯᠵᠢᠯᠠᠭ᠎ᠠ ᠵᠢᠨ ᠪᠦᠲᠦᠭᠡᠯ ᠤᠯᠠᠨ ᠬᠦᠮᠦᠨ᠎ᠤ ᠲᠠᠭᠠᠰᠢᠶᠠᠯ᠎ᠳᠤ ᠬᠦᠷᠦᠭᠰᠡᠨ ᠮᠠᠨᠢ ᠮᠠᠨᠤᠰ᠎ᠢ ᠪᠠᠶᠠᠰᠬᠠᠯ᠎ᠠ᠃ 《ᠲᠦᠮᠠ ᠬᠡᠯᠡᠭᠰᠡᠨ ᠡᠴᠡ ᠨᠢᠭᠡ ᠬᠢᠭᠰᠡᠨ ᠨᠢ ᠲᠡᠭᠡᠷ᠎ᠠ》 ᠬᠡᠳᠡᠭᠴᠢᠯᠠᠨ 《ᠴᠢᠳᠠᠬᠤ ᠦᠭᠡᠢ》ᠬᠡᠬᠦ ᠶᠤᠮ ᠤᠤ᠂ 《ᠰᠠᠢᠬᠠᠨ ᠬᠢᠵᠦ ᠴᠢᠳᠠᠬᠤ ᠦᠭᠡᠢ 》 ᠬᠡᠳ ᠬᠤᠢᠰᠢ ᠪᠠᠨ ᠰᠠᠭᠤᠭᠰᠠᠨ ᠦᠭᠡᠢ᠂ ᠪᠠᠶ᠎ᠠ ᠪᠠᠨ ᠭᠤᠯᠤᠭᠰᠠᠨ ᠦᠭᠡᠢ᠂ 《ᠡᠨᠡ ᠪᠤᠯ ᠲᠠᠳᠠᠨ᠎ᠦ ᠬᠢᠬᠦ ᠶᠤᠰᠤᠳᠠᠢ ᠠᠵᠢᠯ 》᠂《ᠲᠠᠳᠠ ᠬᠢᠬᠦ ᠪᠠᠢᠯᠬᠦᠢ》 ᠬᠡᠵᠦ ᠪᠤᠰᠤᠳ᠎ᠢ ᠬᠠᠷᠠᠵᠦ ᠰᠠᠭᠤᠭᠰᠠᠨ ᠦᠭᠡᠢ᠂ ᠬᠠᠷᠢᠨ《ᠦᠪᠠᠷᠰᠡᠳ᠎ᠤᠨ ᠠᠵᠢᠯ ᠵᠢᠡᠨ ᠦᠪᠠᠷᠰᠡᠳ ᠵᠢᠡᠨ ᠬᠢᠵᠦ》᠂ ᠪᠡᠶᠡᠴᠢᠯᠡᠨ ᠤᠷᠤᠯᠴᠠᠵᠦ ᠵᠢᠳᠬᠦᠭᠰᠡᠨ ᠮᠢᠨᠢ ᠵᠦᠪ᠃ ᠬᠢᠵᠦ ᠪᠠᠢᠵᠤ ᠴᠠᠭᠠᠷᠠᠨ᠎ᠠ ᠬᠡᠳᠡᠭ ᠪᠢᠰᠢ ᠤᠤ᠃

ᠡᠨᠡ ᠤᠳᠠᠭᠠᠨ᠎ᠦ ᠤᠬᠠᠭᠠᠯᠠᠯ ᠲᠦᠰᠦᠪᠯᠡᠯ ᠨᠢ ᠤᠯᠠᠨ ᠲᠦᠮᠠᠨ᠎ᠦ ᠬᠦᠰᠡᠯ ᠲᠠᠭᠠᠰᠢᠶᠠᠯ᠎ᠢ ᠢᠯᠡᠳᠭᠡᠵᠦ᠂ ᠴᠠᠭ ᠦᠶ᠎ᠠ ᠵᠢᠨ ᠱᠠᠭᠠᠷᠳᠠᠯᠭ᠎ᠠ᠂ ᠤᠯᠠᠨ ᠲᠦᠮᠠᠨ᠎ᠦ ᠬᠦᠰᠡᠯ ᠲᠠᠭᠠᠰᠢᠶᠠᠯ᠎ᠳ᠋ᠤ ᠨᠠᠢᠴᠡᠭᠰᠡᠨ ᠪᠠᠢᠨ᠎ᠠ᠂ ᠲᠠᠢᠮᠦ ᠡᠴᠡ ᠲᠠᠭᠤᠴᠢᠨ ᠤᠷᠠᠯᠢᠬᠴᠢᠳ᠂ ᠰᠤᠳᠤᠯᠤᠭᠠᠴᠢ ᠲᠤᠰᠬᠠᠢ ᠮᠡᠷᠭᠡᠵᠢᠯᠳᠠᠨ ᠨᠠᠷ᠎ᠤᠨ ᠬᠠᠯᠠᠭᠤᠨ ᠲᠠᠮᠵᠢᠯᠭᠡ ᠵᠢ ᠤᠯᠵᠤ ᠂《ᠲᠠᠮ ᠲᠠᠮ ᠳ᠋ᠡᠭᠡᠨ ᠂ ᠲᠡᠭᠡᠰᠦ ᠡᠷᠴᠢᠮ ᠳ᠋ᠡᠭᠡᠨ》 ᠪᠤᠯᠵᠤ᠂ ᠠᠵᠢᠯ ᠤᠷᠤᠭᠰᠢᠳᠠᠢ ᠪᠤᠯᠵᠠᠢ᠃

ᠨᠢ᠋ᠮᠠᠳᠤᠭᠠᠷ ᠲᠤᠭᠤᠢᠯᠠᠡᠭ᠄

ᠰᠡᠳᠬᠢᠯ᠎ᠤᠨ ᠦᠴᠢᠯ — ᠰᠢᠯᠭᠠᠯᠳᠠ

ᠳᠤᠰ ᠤᠳᠠᠭᠠᠨ᠎ᠤ ᠰᠤᠷᠪᠤᠯᠵᠢᠯᠠᠭ᠎ᠠ ᠨᠢ ᠳᠠᠭᠤᠤ ᠵᠢᠨ ᠳᠤᠬᠠᠢ ᠳᠤᠰᠬᠠᠢ ᠰᠤᠷᠪᠤᠯᠵᠢᠯᠠᠭ᠎ᠠ ᠪᠤᠯᠬᠤᠷ ᠵᠢᠡᠨ ᠳᠠᠭᠤᠤ ᠤᠷᠠᠯᠢᠭ᠎ᠤᠨ ᠳᠤᠬᠠᠢ ᠤᠢᠯᠠᠭᠠᠯᠳᠠ ᠭᠡᠷᠡᠭᠲᠡᠢ ᠮᠦᠷᠳᠡᠭᠡᠨ ᠰᠤᠩᠭᠤᠭᠰᠠᠨ ᠳᠠᠭᠤᠤ ᠵᠢᠨ ᠵᠢᠡᠨ ᠵᠤᠬᠢᠶᠠᠭᠳᠠᠭᠰᠠᠨ ᠤᠨ ᠵᠢᠯ᠂ ᠵᠤᠬᠢᠶᠠᠨ ᠪᠦᠳᠦᠭᠡᠭᠰᠡᠨ ᠠᠷᠤ ᠦᠵᠡᠭᠳᠡᠯ᠎ᠤᠨ ᠳᠤᠬᠠᠢ ᠪᠦᠷ ᠡᠵᠡᠮᠰᠢᠭᠰᠡᠨ ᠪᠠᠢᠬᠤ ᠭᠡᠷᠡᠭᠲᠡᠢ᠃ ᠬᠠᠭᠠᠰ ᠵᠠᠭᠤᠨ᠎ᠤ ᠡᠮᠦᠨᠡᠬᠢ ᠲᠠᠭᠤᠤ ᠵᠢᠨ ᠲᠤᠬᠠᠢ ᠰᠤᠷᠪᠤᠯᠵᠢᠯᠠᠬᠤ ᠭᠡᠳᠡᠭ ᠬᠦᠴᠢᠷ ᠠᠰᠠᠭᠤᠳᠠᠯ ᠤᠯᠠᠨ᠃  ᠡᠨᠡ ᠨᠢ ᠬᠠᠮᠤᠭ ᠠᠩᠬᠠᠨ ᠎ᠤ ᠰᠢᠯᠭᠠᠯᠳᠠ᠃ ᠰᠤᠷᠪᠤᠯᠵᠢᠯᠠᠭ᠎ᠠ ᠪᠠᠨ ᠪᠢᠴᠢᠬᠦ᠎ᠳᠡᠭᠡᠨ ᠨᠢᠭᠡᠯᠡ ᠭᠡᠪ ᠲᠸ᠋ ᠴᠢᠳᠬᠤᠭᠰᠠᠨ ᠰᠢᠭ᠋ ᠦᠯᠢᠭᠡᠷ ᠶᠠᠷᠢᠬᠤ ᠡᠴᠡ ᠵᠠᠢᠯᠠᠰᠬᠢᠬᠤ ᠭᠡᠳᠡᠭ ᠨᠢ ᠪᠠᠰᠠ ᠨᠢᠭᠡ ᠰᠢᠯᠭᠠᠯᠳᠠ᠃ 

ᠳᠤᠰ ᠤᠳᠠᠭᠠᠨ᠎ᠤ ᠰᠤᠷᠪᠤᠯᠵᠢᠯᠠᠭ᠎ᠠ ᠪᠤᠯ ᠦᠷᠬᠦᠯᠵᠢᠯᠡᠭᠰᠡᠨ ᠴᠠᠭ ᠨᠢ ᠤᠷᠳᠤ᠂  ᠨᠡᠢᠳᠡᠯᠡᠭᠳᠡᠬᠦ ᠳᠠᠪᠴᠠᠩ ᠨᠢ ᠠᠷᠪᠢᠨ᠂ ᠠᠳᠠᠯᠢᠬᠠᠨ ᠠᠭᠤᠯᠭ᠎ᠠ ᠵᠢ ᠠᠳᠠᠯᠢ ᠪᠤᠰᠤ ᠳᠠᠪᠴᠠᠩ ᠳᠡᠭᠡᠷ᠎ᠡ ᠨᠡᠢᠳᠡᠯᠡᠬᠦ ᠦᠶ᠎ᠠ᠎ᠳᠦ ᠳᠠᠬᠢᠨ ᠵᠤᠬᠢᠶᠠᠨ ᠪᠦᠳᠦᠭᠡᠯᠭᠡ ᠭᠡᠷᠡᠭᠲᠡᠢ ᠪᠠᠢᠬᠰᠠᠨ ᠪᠤᠯᠬᠤᠷ ᠠᠵᠢᠯ᠎ᠤᠨ ᠬᠤᠪᠢ᠎ᠳᠦ ᠬᠦᠨᠳᠤᠴᠠ ᠲᠠᠢ᠂ ᠠᠵᠢᠯ᠎ᠤᠨ ᠬᠤᠪᠢᠶᠠᠷᠢ ᠨᠠᠷᠢᠯᠢᠭ ᠪᠠᠢᠬᠤ᠂  ᠠᠵᠢᠯ᠎ᠳᠠᠭᠠᠨ ᠬᠠᠷᠢᠭᠤᠴᠠᠯᠭ᠎ᠠ ᠲᠠᠢ ᠪᠠᠢᠬᠤ ᠵᠢ ᠴᠢᠩᠭ᠎ᠠ ᠱᠠᠭᠠᠷᠳᠠᠳᠠᠭ ᠪᠠᠢᠯ᠎ᠠ᠃ ᠡᠢᠮᠦ ᠡᠴᠡ ᠡᠨᠡ ᠨᠢ ᠨᠢᠭᠡ ᠤᠳᠠᠭᠠᠨ᠎ᠤ ᠬᠠᠮᠳᠤᠷᠠᠯᠴᠠᠨ ᠠᠵᠢᠯᠯᠠᠬᠤ ᠪᠤᠯᠪᠠᠰᠤᠷᠠᠯ ᠪᠤᠯᠤᠭᠰᠠᠨ ᠶᠤᠮ᠃ 

ᠶᠢᠰᠤᠳᠤᠭᠡᠷ ᠲᠤᠭᠤᠢᠯᠠᠡᠭ᠄

ᠰᠡᠳᠬᠢᠯ᠎ᠤᠨ ᠦᠴᠢᠯ — ᠤᠯᠵᠠᠭᠤᠷᠬᠠᠯ

ᠠᠷᠠᠳ᠎ᠤᠨ ᠲᠠᠭᠤᠤ 《ᠠᠢᠯᠠᠳᠬᠠᠨ ᠪᠠᠷᠢᠶ᠎ᠠ》᠂ᠠᠮᠠ ᠳᠠᠮᠵᠢᠭᠳᠠᠨ ᠳᠠᠭᠤᠯᠠᠭᠳᠠᠬᠰᠠᠨ《ᠬᠤᠨᠢ ᠬᠠᠢᠴᠢᠯᠠᠬᠤ ᠳᠠᠭᠤᠤ》 ᠵᠢᠴᠢ ᠤᠯᠠᠨ ᠬᠡᠯᠡᠨ᠎ᠳᠤ ᠤᠷᠴᠢᠭᠤᠯᠤᠭᠳᠠᠭᠰᠠᠨ《ᠴᠢᠨᠳᠠᠮᠤᠨᠢ ᠡᠷᠳᠡᠨᠢ》ᠵᠡᠷᠭᠡ ᠮᠠᠨ᠎ᠤ ᠲᠤᠭᠤᠢᠯᠠᠩ᠎ᠤᠨ ᠰᠤᠷᠪᠤᠯᠵᠢᠯᠠᠭᠰᠠᠨ ᠲᠠᠭᠤᠤ ᠨᠤᠭᠤᠳ ᠪᠦᠷ ᠦᠪᠡᠷ᠎ᠤᠨ ᠵᠢᠡᠨ ᠤᠨᠴᠠᠯᠢᠬ ᠲᠠᠢ ᠪᠦᠭᠡᠳ ᠴᠠᠭ ᠦᠶ᠎ᠡ ᠵᠢ ᠵᠠᠭᠠᠭᠯᠠᠭᠰᠠᠨ ᠦᠨ᠎ᠡ ᠦᠷᠳᠡᠭ ᠲᠠᠢ᠃

ᠮᠠᠨ᠎ᠤ ᠰᠢᠨ᠎ᠠ ᠵᠠᠭᠤᠴᠢᠯᠠᠭᠤᠷ᠎ᠤᠨ ᠮᠡᠳᠡᠭᠡᠯᠡᠯ᠎ᠢ ᠤᠩᠰᠢᠭᠰᠠᠨ ᠨᠢᠭᠡ ᠤᠩᠰᠢᠭᠴᠢ᠄《ᠲᠠᠨ᠎ᠤ 75 ᠰᠤᠩᠭᠤᠳᠠᠭ ᠪᠦᠲᠦᠭᠡᠯ ᠡᠴᠡ ᠦᠪᠦᠷ ᠮᠤᠩᠭᠤᠯ᠎ᠤᠨ ᠳᠠᠭᠤᠤ ᠤᠷᠠᠯᠢᠭ᠎ᠤᠨ ᠲᠡᠤᠬᠡ ᠵᠢ ᠮᠡᠳᠡᠭᠰᠡᠨ᠎ᠢᠶᠡᠷ ᠪᠠᠷᠠᠬᠤ ᠦᠬᠡᠢ ᠰᠢᠨ᠎ᠠ ᠵᠠᠭᠤᠴᠢᠯᠠᠭᠤᠷ᠎ᠤᠨ ᠡᠷᠢᠨ᠎ᠳᠤ ᠰᠤᠨᠤᠰᠬᠤ᠂ ᠦᠵᠡᠬᠦ᠂ ᠤᠩᠰᠢᠬᠤ᠂ ᠳᠠᠭᠤᠯᠠᠬᠤ ᠁ ᠵᠡᠷᠭᠡ ᠰᠢᠨᠡᠭᠡᠨ ᠬᠡᠯᠪᠡᠷᠢ ᠪᠠᠷ ᠲᠠᠮᠵᠢᠭᠤᠯᠬᠤ ᠪᠤᠯᠤᠭᠰᠠᠨ ᠨᠢ ᠦᠨᠡᠭᠡᠷ ᠠᠰᠢᠳᠠᠢ》 ᠭᠡᠵᠦ ᠶᠠᠷᠢᠵᠦ ᠪᠠᠢᠭᠰᠠᠨ ᠪᠢᠯᠡ᠃

75  ᠰᠤᠩᠭᠤᠳᠠᠭ  ᠪᠦᠲᠦᠭᠡᠯ  ᠡᠴᠡ  75  ᠠᠳᠠᠯᠢ  ᠪᠤᠰᠤ ᠮᠡᠳᠡᠯᠭᠡ ᠵᠢ ᠰᠤᠷᠴᠤ ᠠᠪᠤᠭᠰᠠᠨ ᠮᠢᠨᠢ ᠰᠤᠷᠪᠤᠯᠵᠢᠯᠠᠭᠴᠢ ᠪᠢᠳᠠᠨ᠎ᠤ ᠤᠯᠵᠠᠭᠤᠷᠬᠠᠯ ᠮᠦᠷᠳᠡᠭᠡᠨ ᠤᠩᠰᠢᠭᠴᠢ ᠲᠠ ᠪᠦᠬᠦᠨ᠎ᠤ ᠤᠯᠵᠠᠭᠤᠷᠬᠠᠯ ᠪᠤᠯᠤᠨ᠎ᠠ ᠭᠡᠳᠡᠭ ᠲᠸ᠋ ᠢᠳᠡᠭᠡᠯ ᠲᠠᠢ ᠪᠠᠢᠭ᠎ᠠ᠃


ᠠᠷᠪᠠᠳᠤᠭᠠᠷ ᠲᠤᠭᠤᠢᠯᠠᠡᠭ᠄

ᠰᠡᠳᠬᠢᠯ᠎ᠤᠨ ᠦᠴᠢᠯ — ᠤᠯᠠᠮᠵᠢᠯᠠᠯ

ᠰᠤᠩᠭᠤᠳᠠᠭ ᠳᠠᠭᠤᠤ ᠤᠷᠠᠯᠢᠭ᠎ᠤᠨ ᠪᠦᠳᠦᠬᠡᠯ ᠨᠢ ᠴᠠᠭ ᠦᠶ᠎ᠠ ᠵᠢᠨ ᠬᠦᠭᠵᠢᠯᠳᠡ ᠬᠤᠪᠢᠷᠠᠯᠳᠠ᠂ ᠴᠠᠭ ᠦᠶ᠎ᠠ ᠵᠢᠨ ᠵᠤᠷᠢᠭ ᠰᠠᠨᠠᠭ᠎ᠠ ᠵᠢ ᠠᠮᠢᠳᠤᠯᠢᠭ ᠤᠷᠠᠯᠢᠭᠵᠢᠭᠤᠨ ᠵᠢᠡᠷ ᠳᠡᠮᠳᠡᠭᠯᠡᠵᠦ ᠢᠯᠡᠳᠬᠡᠳᠡᠭ ᠵᠢᠡᠷ ᠵᠢᠡᠨ ᠤᠯᠤᠰ ᠤᠷᠤᠨ ᠤ᠋ ᠬᠦᠭᠵᠢᠯᠳᠡ ᠬᠤᠪᠢᠷᠠᠯᠳᠠ ᠵᠢᠨ ᠳᠡᠦᠬᠡ ᠵᠢᠨ ᠢᠮ ᠳᠠᠮᠠᠭ᠎ᠠ ᠪᠤᠯᠵᠤ ᠦᠯᠡᠳᠡᠳᠡᠭ᠃

《 ᠤᠮᠠᠷᠠᠳᠤ ᠬᠢᠯᠢ ᠵᠢᠨ ᠳᠠᠭᠤᠯᠠᠯ》 ᠰᠢᠷᠢᠰ ᠮᠡᠳᠡᠬᠡᠯᠡᠯ ᠳ᠋ᠤ ᠤᠷᠤᠯᠴᠠᠵᠤ᠂ ᠰᠤᠳᠤᠨ ᠰᠤᠩᠭᠤᠳᠠᠭ ᠳᠠᠭᠤᠤ ᠨᠤᠭᠤᠳ᠎ᠤᠨ ᠵᠤᠬᠢᠶᠠᠭᠳᠠᠭᠰᠠᠨ ᠠᠷᠤ ᠵᠢᠨ ᠦᠯᠢᠬᠡᠷ ᠢ᠋ ᠮᠦᠷᠳᠡᠵᠦ ᠰᠤᠷᠪᠤᠯᠵᠢᠯᠠᠬᠤ ᠶᠠᠪᠤᠴᠠ ᠳ᠋ᠤ ᠤᠯᠠᠨ ᠤᠷᠠᠯᠢᠭᠴᠢᠨ ᠪᠠᠭᠰᠢ ᠨᠠᠷ ᠲᠠᠢ ᠳᠠᠨᠢᠯᠴᠠᠵᠤ ᠰᠤᠷᠪᠤᠯᠵᠢᠯᠠᠵᠤ ᠶᠠᠪᠤᠬᠤ ᠳ᠋ᠠᠭᠠᠨ ᠳᠠᠭᠤᠤ ᠤᠷᠠᠯᠢᠭ᠎ᠤᠨ ᠪᠠᠭᠳᠠᠭᠠᠮᠵᠢ᠂ ᠦᠨ᠎ᠠ ᠴᠠᠨ᠎ᠠ᠂ ᠢᠳᠡ ᠬᠦᠴᠦᠨ ᠤ᠋ ᠳᠤᠬᠠᠢ ᠨᠡᠩ ᠬᠦᠨᠵᠡᠬᠡᠢ ᠤᠢᠯᠠᠭᠠᠯᠳᠠ ᠳᠠᠨᠢᠯᠳᠠ ᠳᠠᠢ ᠪᠤᠯᠤᠯ᠎ᠠ᠃ ᠰᠤᠩᠭᠤᠳᠠᠭ ᠳᠠᠭᠤᠤ ᠨᠤᠭᠤᠳ ᠨᠢ ᠠᠷᠠᠳ᠎ᠤᠨ ᠳᠠᠭᠤᠤ ᠤᠷᠠᠯᠢᠭ ᠡᠴᠡ ᠰᠢᠮ᠎ᠡ ᠠᠪᠴᠤ᠂ ᠰᠢᠨ᠎ᠠ ᠴᠠᠭ ᠦᠶ᠎ᠠ ᠵᠢᠨ ᠳᠠᠭᠤᠤ ᠤᠷᠠᠯᠢᠭ᠎ᠤᠨ ᠢᠯᠡᠳᠬᠡᠬᠦ ᠠᠷᠭ᠎ᠠ ᠪᠠᠷᠢᠯ ᠵᠢᠡᠷ ᠬᠦᠭᠵᠢᠬᠦᠯᠵᠦ ᠪᠠᠶᠠᠯᠢᠭᠵᠢᠭᠤᠯᠤᠭᠰᠠᠨ ᠵᠢᠡᠷ ᠠᠷᠠᠳ᠎ᠤᠨ ᠳᠠᠭᠠᠰᠢᠶᠠᠯ ᠳ᠋ᠤ ᠬᠦᠷᠴᠦ ᠴᠢᠳᠠᠭᠰᠠᠨ ᠠᠮᠢᠵᠢᠷᠠᠯ ᠎ᠤᠨ ᠬᠦᠴᠦᠨ ᠵᠢᠡᠷ ᠪᠢᠯᠬᠠᠮ᠎ᠠ ᠪᠦᠳᠦᠬᠡᠯ ᠪᠤᠯᠵᠤ ᠬᠤᠴᠤᠷᠳᠠᠭ᠃ ᠪᠢᠳᠠ ᠡᠳᠡᠭᠡᠷ ᠦᠪ ᠤᠯᠠᠮᠵᠢᠯᠠᠯ ᠵᠢᠡᠨ ᠨᠠᠨᠳᠢᠩᠨᠠᠨ ᠬᠠᠢᠷᠠᠯᠠᠵᠦ᠂ ᠢᠷᠡᠭᠡᠳᠦᠢ ᠵᠢᠨ ᠬᠦᠭᠵᠢᠯᠳᠡ᠎ᠳᠡᠭᠡᠨ ᠦᠢᠯᠡᠴᠢᠯᠡᠬᠦᠯᠪᠡᠯ ᠵᠤᠬᠢᠨ᠎ᠠ᠃

ᠠᠷᠪᠠᠨ ᠨᠢᠭᠡᠳᠤᠭᠡᠷ ᠲᠤᠭᠤᠢᠯᠠᠡᠭ᠄

ᠰᠡᠳᠬᠢᠯ᠎ᠤᠨ ᠦᠴᠢᠯ — ᠪᠠᠷᠢᠯᠳᠤᠯᠭ᠎ᠠ

《ᠲᠠᠭᠣᠣ ᠭᠡᠵᠦ ᠠᠶ᠎ᠠ ᠬᠦᠭᠵᠢᠮ᠎ᠤᠨ ᠴᠡᠴᠡᠭ ᠪᠢᠯᠡ》᠃ ᠡᠨᠡ᠎ᠬᠦ ᠴᠡᠴᠡᠭ᠎ᠢ ᠲᠠᠷᠢᠵᠦ ᠣᠷᠭᠣᠭᠣᠯᠣᠨ ᠲᠡᠯᠭᠡᠷᠡᠬᠦᠯᠬᠦ ᠳ᠋ᠦ ᠲᠠᠭᠣᠣ᠎ᠶᠢᠨ ᠦᠭᠡ ᠪᠣᠯᠣᠨ ᠬᠦᠭᠵᠢᠮ᠎ᠤᠨ ᠵᠣᠬᠢᠶᠠᠯᠴᠢ᠂ ᠲᠠᠭᠣᠴᠢᠨ ᠨᠡᠷ ᠨᠦᠷᠢ ᠬᠦᠲᠡᠯᠮᠦᠷᠢ ᠵᠠᠷᠣᠴᠠᠭᠣᠯᠣᠬᠰᠠᠨ ᠶᠣᠮ᠃ ᠭᠠᠩᠬᠣᠨ ᠲᠡᠯᠭᠡᠷᠡᠭᠰᠡᠨ ᠡᠨᠡ᠎ᠬᠦ ᠴᠡᠴᠡᠭ ᠨᠢ ᠬᠡᠪᠯᠡᠯ ᠮᠡᠳᠡᠭᠡᠯᠡᠯ᠎ᠤᠨ ᠲᠠᠮᠵᠢᠭᠣᠯᠭ᠎ᠠ ᠪᠡᠷ ᠲᠠᠮᠵᠢᠨ ᠲᠠᠯ᠎ᠠ ᠪᠦᠷᠬᠦᠨ ᠰᠠᠴᠣᠬᠲᠠᠵᠦ᠂ ᠲᠦᠮᠡᠨ ᠣᠯᠠᠨ᠎ᠤ ᠰᠣᠨᠣᠷ ᠲᠦ᠍ ᠬᠦᠷᠴᠦ᠂ ᠠᠮᠠ ᠲᠠᠮᠵᠢᠨ ᠲᠠᠭᠣᠯᠠᠬᠲᠠᠬᠰᠠᠨ ᠪᠢᠯᠡ᠃ ᠢᠩᠬᠢᠵᠦ ᠬᠡᠯᠡᠬᠦ ᠳ᠋ᠦ ᠲᠠᠭᠣᠣ ᠪᠣᠯᠣᠨ ᠲᠠᠮᠵᠢᠭᠣᠯᠭ᠎ᠠ ᠵᠠᠭᠣᠴᠢᠯᠠᠭᠣᠷ ᠨᠢ ᠰᠠᠯᠣᠰᠢ ᠦᠭᠡᠢ ᠨᠢᠬᠲᠠ ᠪᠠᠷᠢᠯᠲᠣᠯᠭ᠎ᠠ ᠲᠠᠢ᠃

《ᠣᠮᠠᠷᠠᠲᠣ ᠬᠢᠯᠢ᠎ᠶᠢᠨ ᠲᠠᠭᠣᠯᠠᠯ》 ᠵᠢᠡᠷ ᠲᠠᠮᠵᠢᠨ ᠪᠢᠳᠡ ᠡᠬᠡ ᠣᠯᠣᠰ᠎ᠤᠨ ᠣᠮᠠᠷᠠᠲᠣ ᠬᠢᠯᠢ ᠳ᠋ᠦ ᠦᠩᠭᠡ ᠪᠠᠲᠠᠷᠠᠨ ᠲᠡᠯᠭᠡᠷᠡᠭᠰᠡᠨ ᠲᠠᠭᠣᠣ ᠬᠦᠭᠵᠢᠮ᠎ᠤᠨ ᠴᠡᠴᠡᠭᠡᠰ᠎ᠤᠨ ᠰᠠᠢᠬᠠᠨ᠎ᠢ ᠮᠡᠳᠡᠷᠡᠬᠦᠯᠵᠦ᠂ ᠦᠶ᠎ᠡ ᠲᠠᠮᠵᠢᠨ ᠲᠠᠭᠣᠯᠠᠬᠲᠠᠬᠰᠠᠨ ᠰᠣᠩᠭᠣᠲᠠᠬ ᠲᠠᠭᠣᠣ᠎ᠶᠢᠨ ᠡᠴᠢᠨ᠎ᠡ ᠰᠢᠲᠢ᠎ᠶᠢ ᠠᠭᠣᠲᠠᠯᠣᠨ ᠢᠯᠡᠷᠡᠬᠦᠯᠵᠦ ᠲᠠᠬᠢᠨ ᠠᠮᠢᠯᠠᠭᠣᠯᠣᠬᠰᠠᠨ ᠪᠠᠢᠨ᠎ᠠ᠃

ᠰᠣᠩᠭᠣᠲᠠᠬ ᠲᠠᠭᠣᠣ ᠨᠢ ᠣᠯᠠᠨ ᠬᠦᠮᠦᠨ᠎ᠤ ᠬᠦᠴᠦ ᠬᠦᠲᠡᠯᠮᠦᠷᠢ ᠪᠡᠷ ᠵᠣᠬᠢᠶᠠᠬᠲᠠᠵᠦ ᠠᠮᠢᠯᠠᠬᠣ ᠪᠦᠭᠡᠳ ᠰᠣᠲᠣᠨ ᠮᠡᠳᠡᠭᠡᠯᠡᠯ ᠨᠢ ᠴᠦ᠍ ᠣᠯᠠᠨ ᠬᠦᠮᠦᠨ᠎ᠤ ᠣᠢᠭ᠎ᠠ ᠦᠭᠡᠢ ᠬᠦᠲᠡᠯᠮᠦᠷᠢ ᠴᠢᠷᠮᠠᠢᠯᠭ᠎ᠠ ᠪᠡᠷ ᠪᠦᠲᠦᠭᠡᠲᠡᠭ ᠣᠴᠢᠷᠲᠠᠢ᠃《ᠣᠮᠠᠷᠠᠲᠣ ᠬᠢᠯᠢ᠎ᠶᠢᠨ ᠲᠠᠭᠣᠯᠠᠯ》 ᠳ᠋ᠦ ᠣᠷᠣᠯᠴᠠᠬᠣ ᠪᠡᠷ ᠲᠠᠮᠵᠢᠨ ᠦᠪᠡᠷ᠎ᠢ ᠪᠠᠨ ᠲᠠᠪᠲᠠᠨ ᠪᠣᠯᠪᠠᠰᠣᠷᠠᠵᠦ᠂ 《ᠪᠦᠬᠦᠲᠡᠭᠡᠷ ᠵᠦᠪᠯᠡᠪᠡᠯ ᠪᠦᠲᠦᠨ᠎ᠡ》 ᠭᠡᠬᠦ ᠦᠨᠡᠨ ᠶᠣᠰᠣ᠎ᠶᠢ ᠪᠡᠶᠡᠴᠢᠯᠡᠨ ᠣᠢᠯᠠᠭᠠᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号