75 ᠰᠤᠩᠭᠤᠳᠠᠭ ᠲᠠᠭᠤᠤ 75 ᠵᠢᠯ᠎ᠤᠨ ᠢᠷᠠᠭᠤ ᠲᠤᠤᠯᠢᠰ
2024-12-04 13:22:09
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠢᠨ᠎ᠠ ᠲᠤᠮᠳᠠᠳᠤ ᠤᠯᠤᠰ ᠪᠠᠢᠭᠤᠯᠤᠭᠳᠠᠨ᠂ 《ᠬᠦᠳᠡᠭᠡ ᠲᠠᠯ᠎ᠠ᠎ᠳᠤ ᠮᠦᠩᠭᠡ ᠵᠢᠨ ᠨᠠᠷᠠᠨ ᠰᠠᠴᠤᠷᠠᠨ ᠮᠠᠨᠳᠤᠯ᠎ᠠ》᠃  ᠪᠢᠳᠠ 《ᠪᠤᠯᠤᠷ ᠬᠤᠨᠳᠠᠭ᠎ᠠ》 ᠎ᠳ᠋ᠠᠭᠠᠨ ᠰᠠᠷᠬᠤᠳ᠎ᠤᠨ ᠲᠡᠭᠡᠵᠢ ᠪᠡᠨ ᠭᠡᠮᠨᠡᠨ᠂ ᠲᠠᠯ᠎ᠠ ᠨᠤᠲᠤᠭ ᠡᠴᠡ ᠲᠢᠶᠠᠨ ᠠᠨ ᠮᠸᠨ ᠲᠠᠯᠠᠪᠠᠢ᠎ᠳᠤ ᠢᠷᠡᠵᠦ᠂《ᠮᠠᠭᠳᠠᠭᠠᠯ ᠲᠠᠭᠤᠤ》ᠪᠠᠨ ᠬᠠᠩᠬᠢᠨᠠᠳᠠᠯ᠎ᠠ ᠲᠠᠭᠤᠯᠠᠭᠰᠠᠨ ᠶᠤᠮ᠃ ᠪᠤᠭᠤᠳᠤ ᠵᠢᠨ ᠪᠤᠯᠤᠳ ᠲᠡᠮᠦᠷ᠎ᠤᠨ ᠦᠢᠯᠡᠳᠪᠦᠷᠢ ᠪᠠᠢᠭᠤᠯᠤᠭᠳᠠᠬᠤ᠎ᠳᠤ ᠪᠢᠳᠠ ᠪᠤᠯᠤᠳ ᠴᠡᠴᠡᠭ ᠵᠢᠡᠷ ᠤᠷᠤᠨ ᠵᠢᠡᠨ ᠴᠢᠮᠡᠭᠯᠡᠬᠦ ᠪᠡᠷ ᠪᠤᠭᠤᠳᠤ ᠵᠢᠨ ᠦᠢᠯᠡᠳᠪᠦᠷᠢ ᠦᠭᠡᠳᠡ ᠨᠢᠰᠦᠨ ᠬᠦᠷᠦᠯ᠎ᠡ᠃ ᠡᠨᠡ ᠪᠤᠯ ᠰᠢᠨ᠎ᠡ ᠲᠤᠮᠳᠠᠳᠤ ᠤᠯᠤᠰ ᠪᠠᠢᠭᠤᠯᠤᠭᠳᠠᠭᠰᠠᠨ ᠎ᠤ ᠲᠠᠷᠠᠭᠠᠬᠢ ᠦᠪᠦᠷ ᠮᠤᠩᠭᠤᠯ᠎ᠤᠨ ᠲᠡᠦᠭᠡᠨ᠎ᠳᠡᠬᠢ ᠬᠦᠰᠢᠶ᠎ᠡ ᠲᠤᠷᠠᠰᠬᠠᠯ᠎ᠤᠨ ᠴᠢᠨᠠᠷᠳᠠᠢ ᠬᠦᠭᠵᠢᠯᠳᠡ᠃  ᠡᠨᠡ ᠬᠦᠭᠵᠢᠯᠳᠡ ᠪᠤᠯ ᠲᠠᠷᠤᠢ 《ᠲᠠᠯ᠎ᠠ ᠨᠤᠲᠤᠭ᠎ᠤᠨ ᠦᠷᠯᠦᠭᠡ ᠵᠢᠨ ᠤᠶᠠᠩᠭ᠎ᠠ》᠃ ᠨᠡᠢᠭᠡᠮ ᠵᠢᠷᠤᠮᠳᠤ ᠪᠦᠲᠦᠭᠡᠨ ᠪᠠᠢᠭᠤᠯᠤᠯᠳᠠ ᠵᠢᠨ ᠨᠡᠢᠳᠡᠯᠢᠭ ᠵᠢᠱ᠌ᠢᠶᠡᠴᠢ《ᠪᠠᠶᠠᠰᠬᠤᠯᠠᠩᠳᠤ ᠰᠠᠭᠠᠯᠢᠴᠢᠨ》 ᠲᠡᠷᠡ ᠦᠶ᠎ᠡ᠎ᠳᠡᠭᠡᠨ ᠪᠦᠷ ᠴᠦ᠍ 《ᠭᠡᠷᠡᠯᠳᠤ ᠤᠳᠤᠨ》 ᠪᠠᠢᠭᠰᠠᠨ ᠪᠤᠯᠬᠤᠷ ᠮᠠᠨ᠎ᠤ ᠲᠠᠭᠤᠤ ᠤᠷᠠᠯᠢᠬ ᠲᠦ᠍ ᠮᠦᠩᠭᠡᠷᠡᠪᠡ᠃ ᠲᠠᠯ᠎ᠠ ᠨᠤᠲᠤᠭ᠎ᠤᠨ ᠠᠭᠤᠤ ᠶᠡᠭᠡ 《ᠡᠭᠡ ᠵᠢᠨ ᠬᠠᠢᠷ᠎ᠠ》 ᠵᠢ ᠲᠠᠭᠤᠷᠢᠰᠤᠭᠤᠯᠤᠭᠰᠠᠨ 《ᠲᠦᠭᠦᠢᠮ᠎ᠠ ᠡᠵᠢ》ᠤᠯᠤᠰ᠎ᠤᠨ ᠭᠡᠦᠭᠡᠳ᠎ᠤᠨ ᠦᠯᠢᠭᠡᠷ᠎ᠢ ᠤᠴᠢᠷᠯᠠᠭᠰᠠᠭᠠᠷ᠃ 《ᠲᠠᠯ᠎ᠠ ᠨᠤᠲᠤᠭ᠎ᠤᠨ ᠮᠠᠭᠳᠠᠭᠠᠯ ᠲᠠᠭᠤᠤ》 ᠲᠠᠯ᠎ᠠ ᠨᠤᠲᠤᠭ᠎ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠦ ᠵᠢᠨ ᠵᠤᠷᠢᠭ ᠰᠠᠨᠠᠭ᠎ᠠ ᠵᠢ ᠦᠶ᠎ᠡ ᠵᠢᠨ ᠦᠶ᠎ᠡ᠎ᠳᠤ ᠤᠯᠠᠮᠵᠢᠯᠠᠨ᠎ᠠ᠃ ᠡᠳᠡᠭᠡᠷ ᠦᠯᠢᠭᠡᠷ ᠦᠢᠯᠡ ᠵᠢ《ᠤᠴᠢᠷ ᠲᠠᠢ ᠨᠢᠭᠡᠨ ᠵᠠᠬᠢᠳᠠᠯ》 ᠢ᠋ ᠲᠤᠰᠤᠨ ᠵᠤᠷᠢᠭᠵᠢᠭᠰᠠᠨ 《ᠦᠨᠢ ᠮᠦᠩᠬᠡ ᠵᠢᠨ ᠤᠯᠠᠭᠠᠨᠮᠦᠢ᠍ᠴᠢᠷ》  ᠮᠠᠨᠢ ᠲᠠᠭᠤᠯᠠᠨ ᠲᠠᠭᠤᠯᠠᠨ ᠮᠦᠩᠭᠡᠷᠡᠬᠦᠯᠵᠦ᠂  《ᠡᠵᠢ ᠡᠭᠡ ᠤᠷᠤᠨ》  ᠵᠢᠡᠨ ᠪᠠᠶᠠᠰᠬᠠᠨ᠎ᠠ᠃


5版.png

《ᠦᠨᠳᠦᠷ ᠰᠦᠷᠯᠢᠭ ᠬᠢᠩᠭᠠᠨ ᠲᠠᠪᠠᠭ᠎ᠠ》 ᠎ᠳ᠋ᠦ ᠬᠠᠪᠤᠷ᠎ᠢ ᠤᠬᠳᠤᠨ ᠲᠡᠯᠭᠡᠷᠡᠳᠡᠭ 《ᠤᠯᠠᠭᠠᠨ ᠴᠡᠴᠡᠭ ᠠᠭᠤᠯᠠ ᠵᠢ ᠪᠦᠷᠬᠦᠨ᠎ᠡ》᠃ ᠡᠨᠡ ᠦᠶ᠎ᠡ᠎ᠳᠤ 《ᠬᠦᠯᠦᠨ ᠪᠤᠢᠷ᠎ᠤᠨ ᠲᠠᠯ᠎ᠠ ᠨᠤᠲᠤᠭ》 ᠲᠦ᠍ ᠡᠸᠡᠩᠬᠢ ᠦᠨᠳᠦᠰᠦᠳᠡᠨ᠎ᠤ ᠰᠸᠪᠵᠢᠨ ᠨᠠᠢᠷ ᠬᠦᠷ ᠬᠦᠭᠵᠢᠶᠡᠨ ᠲᠠᠢ ᠶᠠᠪᠤᠭᠳᠠᠵᠦ᠂ 《ᠡᠸᠠᠩᠬᠢᠴᠤᠳ ᠡᠪ ᠬᠠᠮᠳᠤ ᠨᠠᠮ ᠵᠢᠡᠨ ᠮᠠᠬᠳᠠᠨ ᠲᠠᠭᠤᠯᠠᠨ᠎ᠠ》᠃ ᠨᠠᠷᠠ ᠬᠤᠷ᠎ᠡ ᠲᠡᠭᠰᠢᠷᠡᠵᠦ᠂ ᠡᠪᠡᠰᠤ ᠴᠡᠴᠡᠭ ᠮᠢᠷᠠᠯᠵᠠᠭᠠᠳ᠂ ᠦᠩᠰᠢᠭ ᠵᠤᠨ ᠦᠪᠦᠷ ᠮᠤᠩᠭᠤᠯ᠎ᠤᠨ ᠲᠠᠯ᠎ᠠ ᠨᠤᠲᠤᠭ ᠲᠦ᠍ ᠰᠠᠭᠠᠳᠠᠬᠤ᠎ᠳᠤ ᠨᠠᠢᠷ ᠨᠠᠭᠠᠳᠤᠮ ᠦᠷᠬᠦᠯᠵᠢᠯᠡᠵᠦ᠂ ᠲᠤᠳᠤ ᠮᠠᠩᠯᠠᠢ᠎ᠳᠤ ᠬᠤᠷᠳᠤᠯᠠᠭᠰᠠᠨ 《ᠴᠢᠨᠳᠠᠭᠠᠨ ᠴᠠᠭᠠᠨ ᠮᠤᠷᠢᠨ᠎ᠤ ᠴᠤᠯᠠ》 ᠪᠠᠨ ᠲᠠᠭᠤᠳᠠᠵᠦ᠂ 《ᠨᠠᠢ᠍ᠮᠠᠨ ᠰᠢᠷᠭ᠎ᠠ ᠵᠢᠨ ᠮᠠᠭᠳᠠᠭᠠᠯ》 ᠵᠢᠡᠨ ᠡᠷᠬᠦᠨ᠎ᠡ᠃ 《ᠠᠮᠤᠭᠤᠯᠠᠩᠳᠤ ᠨᠠᠭᠠᠳᠤᠮ》 ᠎ᠤ᠋ᠨ ᠲᠡᠭᠷᠢ᠎ᠳᠤ 《ᠤᠮᠠᠷᠠᠳᠤ ᠬᠢᠯᠢ ᠵᠢᠨ ᠤᠶᠠᠩᠭᠠᠳᠤ ᠲᠠᠭᠤᠯᠠᠯ》 ᠬᠠᠩᠬᠢᠨᠠᠨ ᠲᠠᠭᠤᠷᠢᠰᠴᠤ᠂ 《ᠮᠠᠯᠴᠢᠨ ᠲᠦᠮᠡᠨ ᠡᠪ ᠬᠠᠮᠳᠤ ᠨᠠᠮ ᠵᠢᠡᠨ ᠮᠠᠬᠳᠠᠨ ᠲᠠᠭᠤᠯᠠᠨ᠎ᠠ》᠃

《ᠦᠨᠳᠦᠰᠦᠳᠡᠨ ᠪᠦᠬᠦᠨ ᠰᠡᠳᠬᠢᠯ ᠨᠢᠭᠡ》 ᠪᠤᠯᠬᠤᠷ ᠦᠪᠦᠷ ᠮᠤᠩᠭᠤᠯᠴᠤᠳ 《ᠨᠠᠮ᠎ᠤᠨ ᠵᠢᠡᠨ ᠡᠨᠡᠷᠢᠯ ᠎ᠢ ᠡᠭᠦᠷᠢᠳᠡ ᠮᠠᠷᠳᠠᠬᠤ ᠦᠭᠡᠢ》᠃ ᠵᠤᠨ᠎ᠤ ᠵᠦᠰᠡ ᠰᠢᠪᠡᠷᠡᠨ ᠰᠢᠪᠡᠷᠡᠨ ᠪᠠᠭᠤᠬᠤ᠎ᠳᠤ 《ᠦᠵᠡᠰᠭᠦᠯᠡᠩᠳᠤ ᠰᠠᠢᠬᠠᠨ ᠮᠢᠨᠦ ᠨᠤᠲᠤᠭ》ᠲᠦ᠍ 《ᠦᠩᠭᠡᠳᠤ ᠰᠤᠯᠤᠩᠭ᠎ᠠ》 ᠮᠢᠷᠠᠯᠵᠠᠨ᠂ ᠬᠦᠭᠡ ᠤᠬᠳᠠᠷᠭᠤᠢ᠎ᠳᠤ 《ᠴᠠᠭᠠᠨ ᠡᠭᠦᠯᠡ》 ᠰᠡᠳᠬᠢᠯ ᠭᠡᠵᠢᠭᠡᠳᠡᠮ᠎ᠡ ᠬᠦᠪᠦᠯᠵᠡᠨ ᠨᠡᠭᠦᠳᠡᠯᠯᠡᠭᠡᠳ 《ᠲᠠᠯ᠎ᠠ ᠨᠤᠲᠤᠭ᠎ᠤᠨ ᠮᠠᠯᠴᠢᠳ᠎ᠤᠨ ᠲᠠᠭᠤᠯᠠᠯ》 ᠲᠠᠯ᠎ᠠ ᠵᠢᠨ ᠬᠠᠢᠷᠠᠭᠤᠴᠠᠢ ᠵᠢᠨ ᠲᠠᠭᠤᠨ ᠲᠠᠢ ᠬᠤᠤᠰᠯᠠᠨ ᠵᠢᠷᠬᠢᠬᠦ ᠨᠢ 《ᠭᠤᠶᠤᠬᠠᠨ᠎ᠳᠠ》᠃

《ᠡᠯᠪᠡᠭ ᠬᠤᠷᠢᠶᠠᠯᠳᠠ》 ᠪᠠᠨ ᠪᠠᠬᠠᠳᠤᠨ ᠲᠠᠭᠤᠯᠠᠭᠰᠠᠨ《ᠮᠠᠯᠵᠢᠯ᠎ᠤᠨ ᠲᠠᠭᠤᠤ》ᠡᠬᠦᠯᠡ ᠲᠠᠢ ᠦᠶᠡᠷᠭᠡᠭᠰᠡᠨ《ᠬᠠᠯᠢᠭᠤᠨ ᠨᠠᠮᠤᠷ᠎ᠤᠨ ᠰᠠᠯᠬᠢᠨ》ᠲᠠᠢ ᠮᠦᠴᠡᠭᠡᠷᠬᠡᠨ ᠤᠶᠠᠩᠭᠠᠷᠠᠨ᠎ᠠ᠃ ᠨᠠᠮᠤᠷ᠎ᠤᠨ ᠰᠠᠯᠬᠢᠨ᠎ᠤ ᠠᠶᠠᠰ ᠵᠢᠡᠷ 《ᠬᠠᠢᠷ᠎ᠠ ᠬᠠᠢᠷ᠎ᠠ ᠵᠢᠨ ᠪᠠᠳᠤᠴᠠᠭᠠᠨ》 ᠎ᠤ᠋ ᠨᠠᠪᠴᠢᠰ ᠤᠯᠠᠢᠨ ᠰᠢᠷᠭᠠᠯᠳᠤᠵᠦ᠂ 《ᠲᠠᠯ᠎ᠠ᠎ᠳᠤ ᠤᠨᠠᠭᠰᠠᠨ ᠬᠠᠢᠷ᠎ᠠ》 ᠵᠢ ᠨᠡᠬᠦᠳᠡᠯ᠎ᠤᠨ《ᠰᠢᠪᠠᠭᠤᠳ ᠲᠦ᠍ ᠵᠠᠬᠢᠭᠰᠠᠨ ᠢᠷᠦᠭᠡᠯ》 ᠲᠠᠢ ᠬᠠᠮᠳᠤ 《ᠠᠮᠢᠨ ᠨᠤᠲᠤᠭ》 ᠎ᠲᠦ᠍ ᠮᠢᠨᠢ ᠲᠠᠮᠵᠢᠭᠤᠯᠤᠨ᠎ᠠ᠃ ᠠᠭᠠᠬᠢᠮ᠎ᠠ ᠵᠠᠯᠠᠭᠤ ᠨᠠᠰᠤᠨ᠎ᠳᠠᠭᠠᠨ《ᠪᠢ ᠲᠠᠯ᠎ᠠ ᠨᠤᠲᠤᠭ ᠲᠠᠢ ᠪᠠᠨ ᠪᠤᠯᠵᠤᠭ᠎ᠠ ᠲᠠᠢ》 ᠪᠠᠢᠵᠦ᠎ᠳᠠ ᠬᠦᠭᠡᠷᠦᠬᠦᠢ᠃ ᠠᠪᠤ ᠵᠢᠨ ᠵᠢᠡᠨ 《ᠤᠭᠠᠯᠵᠠᠨ ᠭᠡ ᠲᠠᠢ ᠡᠮᠡᠭᠡᠯ》 ᠢ᠋ ᠠᠬᠰᠤᠮ ᠬᠦᠯᠦᠭ ᠲᠡᠭᠡᠨ ᠲᠤᠬᠤᠭᠠᠳ《ᠤᠪᠤᠭᠠᠨ᠎ᠳᠡᠬᠢ ᠠᠭᠤᠯᠵᠠᠯᠳᠠ》 ᠪᠠᠨ ᠲᠠᠭᠤᠯᠠᠨ ᠲᠠᠭᠤᠯᠠᠨ ᠮᠢᠨᠦ ᠰᠡᠳᠬᠢᠯ᠎ᠳᠤ 《ᠴᠢᠨᠳᠠᠮᠤᠨᠢ ᠡᠷᠳᠡᠨᠢ》 ᠪᠤᠯᠵᠦ ᠭᠡᠷᠡᠯᠳᠦᠭᠰᠡᠨ《ᠤᠢᠳᠠᠩ ᠬᠤᠸᠠᠷ》 ᠤ᠋ᠨ ᠵᠢᠡᠨ ᠤᠶᠠᠭᠠᠨ ᠲᠡᠭᠡᠷ᠎ᠡ ᠲᠠᠪᠬᠢᠭᠤᠯᠤᠨ ᠬᠦᠷᠴᠦ ᠪᠠᠭᠤᠯ᠎ᠠ᠃ ᠲᠡᠬᠦᠨ᠎ᠤ ᠮᠢᠨᠢ 《ᠡᠬᠦᠯᠡᠨ ᠴᠡᠩᠭᠡᠷ ᠨᠤᠲᠤᠭ》 ᠤ᠋ᠨ ᠬᠢᠨᠢ 《ᠴᠢᠨᠳᠠᠭᠠᠨ ᠴᠠᠭᠠᠨ ᠦᠷᠬᠦᠭᠡ》ᠳ᠋ᠤᠨᠢ 《ᠮᠠᠯᠴᠢᠳ᠎ᠤᠨ ᠪᠠᠶᠠᠷ》 ᠦᠷᠬᠦᠯᠵᠢᠯᠡᠵᠦ᠂ 《ᠨᠤᠲᠤᠭ᠎ᠤᠨ ᠰᠢᠷᠭᠠᠯ ᠴᠠᠢ》 ᠵᠢᠨ ᠠᠩᠬᠢᠯᠤᠮ᠎ᠠ ᠦᠨᠦᠷ ᠬᠠᠩᠬᠤᠯᠤᠨ᠂ 《ᠵᠤᠴᠢᠨ ᠤᠭᠳᠤᠬᠤ ᠲᠠᠭᠤᠤ》 ᠲᠡᠭᠷᠢ ᠵᠢᠨ ᠤᠳᠤᠳ᠎ᠢ ᠤᠶᠠᠷᠠᠭᠤᠯᠤᠨ᠎ᠠ᠃ ᠡᠢᠮᠦ ᠯᠡ《ᠰᠠᠢᠬᠠᠨ》 《ᠮᠠᠯᠴᠢᠨ ᠠᠷᠠᠳ᠎ᠤᠨ ᠰᠡᠳᠬᠢᠯ》 ᠢ᠋ ᠡᠯᠢᠭᠡ ᠵᠢᠷᠦᠭᠡᠨ᠎ᠳᠡᠭᠡᠨ ᠰᠡᠢᠯᠦᠶ᠎ᠡ! ᠦᠵᠡᠰᠭᠦᠯᠡᠩᠳᠠᠢ  ᠪᠦᠰᠡᠬᠦᠢ ᠬᠠᠷ᠎ᠠ ᠨᠢᠳᠤᠨ ᠲᠠᠢ ᠪᠠᠨ ᠬᠠᠨᠢᠯᠠᠬᠤ ᠵᠢᠨ ᠬᠦᠰᠡᠯ ᠲᠠᠯᠪᠢᠵᠦ᠂ ᠭᠡᠬᠦᠳᠡᠭ ᠴᠡᠭᠡᠵᠢᠨ᠎ᠳᠡᠭᠡᠨ 《ᠵᠢᠷᠤᠶ᠎ᠠ ᠴᠢᠮ᠎ᠠ ᠪᠠᠨ》!

《ᠤᠨ ᠵᠢᠯ᠎ᠤᠳ》 ᠤᠷᠤᠰᠤᠨ ᠤᠷᠤᠰᠤᠭᠰᠠᠭᠠᠷ ᠪᠠᠰᠠ ᠨᠢᠭᠡᠨ ᠵᠢᠯ᠎ᠤᠨ ᠨᠠᠮᠤᠷ ᠪᠤᠯᠤᠯ᠎ᠠ᠃ 《ᠬᠤᠨ ᠭᠠᠯᠠᠭᠤ》 ᠬᠦᠭᠡ ᠤᠭᠳᠠᠷᠭᠤᠢ᠎ᠳᠤ ᠵᠡᠯᠡᠯᠡᠨ ᠨᠡᠬᠦᠳᠡᠯᠯᠡᠭᠡᠳ ᠤᠢᠳᠬᠠᠷ ᠬᠦᠷᠦᠮ᠎ᠡ᠃《ᠵᠡᠷᠭᠡᠯᠭᠡᠨᠳᠤ ᠭᠤᠪᠢ》 ᠵᠢᠨ ᠠᠯᠳᠠᠨ ᠰᠢᠷᠭᠠᠯ ᠡᠯᠡᠰᠦᠨ ᠲᠡᠭᠡᠷ᠎ᠡ ᠢᠩᠭᠡᠨ ᠲᠡᠮᠡᠭᠡᠳ ᠪᠤᠢᠯᠠᠨ᠎ᠠ᠃ ᠡᠨᠡ ᠪᠤᠯ 《ᠲᠡᠭᠷᠢᠯᠢᠭ ᠵᠠᠶᠠᠭᠠᠨ᠎ᠤ ᠬᠤᠷᠤᠢ》 ᠲᠠᠢ 《ᠬᠠᠨ ᠲᠡᠭᠷᠢ ᠠᠯᠠᠱᠠ》 ᠵᠢᠨ ᠬᠠᠴᠢᠨ ᠭᠠᠢᠬᠠᠮᠰᠢᠬᠳᠤ ᠦᠵᠡᠮᠵᠢ᠃

ᠠᠮᠤᠭᠤᠯᠠᠩ ᠲᠠᠢᠪᠤᠩ 《ᠪᠠᠶᠠᠨ ᠴᠠᠬᠠᠷ ᠮᠢᠨᠦ ᠨᠤᠲᠤᠭ》 ᠤ᠋ᠨ ᠮᠢᠨᠢ 《ᠲᠠᠯ᠎ᠠ ᠵᠢᠨ ᠰᠦᠨᠢ ᠭᠤᠶᠤᠬᠠᠨ᠎ᠳᠠ》᠃ ᠠᠳᠤᠭᠤ ᠪᠠᠨ ᠮᠠᠨᠠᠵᠦ ᠬᠤᠨᠤᠭᠰᠠᠨ《ᠨᠢᠭᠡᠳᠦᠯ᠎ᠤᠨ ᠠᠳᠤᠭᠤᠴᠢᠨ》 ᠦᠷ᠎ᠤᠨ ᠭᠡᠭᠡ ᠵᠢ ᠤᠭᠳᠤᠨ 《ᠤᠳᠠᠰᠤᠳᠤ ᠬᠤᠪᠢᠰ ᠶᠤᠭᠠᠨ ᠴᠢᠪᠬᠠᠳᠠᠵᠦ ᠤᠶᠠᠨᠭᠭᠠᠳᠤ ᠲᠠᠭᠤᠤ ᠪᠠᠨ ᠲᠠᠭᠤᠯᠠᠶ᠎ᠠ》 ᠭᠡᠵᠦ ᠬᠠᠩᠬᠢᠨᠠᠳᠠᠯ᠎ᠠ ᠢᠰᠭᠡᠷᠦᠨ ᠮᠠᠨᠠᠭᠠᠨ ᠡᠴᠡ ᠪᠠᠨ ᠪᠠᠭᠤᠬᠤ᠎ᠳᠤ ᠰᠠᠭᠠᠯᠢ ᠵᠢᠨ ᠵᠡᠯᠡᠨ ᠲᠡᠭᠡᠷ᠎ᠡ 《ᠠᠩᠬᠢᠯᠤᠮ᠎ᠠ ᠰᠦ》 ᠰᠠᠭᠤᠯᠠᠭ᠎ᠠ ᠲᠦᠬᠦᠷᠡᠩ ᠴᠠᠯᠬᠢᠯᠠᠨ᠎ᠠ᠃ 《ᠱᠠᠩᠬᠠᠢ ᠬᠢᠴᠡ ᠲᠠᠢ ᠪᠠᠨᠳᠤᠤᠲ》 ᠡᠴᠡ ᠪᠠᠨ 《ᠠᠢᠯᠠᠳᠬᠠᠨ ᠪᠠᠷᠢᠶ᠎ᠠ》 ᠪᠠᠨ ᠰᠤᠨᠤᠰᠤᠭᠰᠠᠭᠠᠷ ᠪᠠᠢᠵᠦ᠂ ᠠᠪᠤ ᠡᠵᠢ ᠪᠠᠨ ᠰᠠᠨᠠᠭᠠᠳ 《ᠮᠦᠭᠡᠷᠤᠤ ᠮᠦᠭᠡᠷᠤᠤ ᠱᠤᠷᠤᠩ ᠬᠠᠳᠠ》 ᠲᠠᠢ 《ᠬᠤᠯᠠ ᠵᠢᠨ ᠲᠡᠷᠭᠡᠯ ᠬᠦᠳᠡᠭᠡ》 ᠎ᠳ᠋ᠡᠭᠡᠨ ᠪᠠᠢᠭ᠎ᠠ 《ᠠᠷᠤ ᠭᠡᠷ ᠲᠡᠭᠡᠨ ᠵᠠᠬᠢᠳᠠᠯ ᠪᠢᠴᠢᠯ᠎ᠠ ᠪᠢ》᠃ 《ᠠᠪᠤ ᠵᠢᠨ ᠰᠤᠷᠭᠠᠯ ᠡᠵᠢ ᠵᠢᠨ ᠬᠠᠢᠷ᠎ᠠ》 ᠭᠡᠵᠦ ᠠᠯᠳᠠᠨ ᠲᠡᠯᠡᠬᠡᠢ᠎ᠳᠤ ᠦᠭᠡᠷ᠎ᠡ ᠪᠠᠢᠬᠤ ᠦᠭᠡᠢ ᠠᠷᠢᠭᠤᠨ ᠬᠠᠢᠷ᠎ᠠ᠃ ᠪᠤᠭᠤᠷᠤᠯ ᠡᠵᠢ ᠮᠢᠨᠢ ᠴᠠᠢ ᠪᠠᠨ ᠰᠦᠯᠡᠵᠦ ᠰᠠᠭᠤᠬᠤ᠎ᠳᠠᠭᠠᠨ ᠬᠠᠮᠤᠭ᠎ᠤᠨ ᠰᠤᠨᠤᠰᠬᠤ ᠲᠤᠷᠠᠳᠠᠢ 《ᠬᠤᠨᠢ ᠬᠠᠢᠴᠢᠯᠠᠬᠤ ᠲᠠᠭᠤᠤ》 ᠪᠠᠨ ᠰᠤᠨᠤᠰᠤᠭ᠎ᠠ ᠪᠤᠯ ᠤᠤ᠂ ᠡᠰᠡᠬᠦᠯ᠎ᠡ《ᠰᠠᠢᠬᠠᠨ ᠮᠤᠨᠢ ᠵᠢᠨ ᠨᠤᠲᠤᠭ》 ᠎ᠢ᠋ ᠭᠢᠩᠰᠢᠭᠡ ᠴᠦ᠍ ᠪᠤᠯ ᠤᠤ᠃ 《ᠲᠡᠭᠷᠢ ᠵᠢᠨ ᠬᠠᠶᠠᠭ᠎ᠠ》 ᠳ᠋ᠦ《ᠮᠦᠩᠬᠦᠨ ᠭᠤᠤᠯ》 ᠤᠭᠠᠯᠵᠠᠯᠠᠨ ᠤᠷᠤᠰᠤᠨ᠎ᠠ᠃ ᠡᠨᠡ ᠪᠤᠯ ᠦᠷᠭᠡᠨ ᠠᠭᠤᠳᠠᠮ ᠲᠠᠯ᠎ᠠ ᠨᠤᠲᠤᠭ᠎ᠤᠨ ᠦᠨᠢᠳᠡ ᠲᠠᠰᠤᠷᠠᠰᠢ ᠦᠭᠡᠢ 《ᠠᠮᠢᠨ ᠭᠤᠤᠯ》᠃

《ᠰᠢᠯᠢ ᠵᠢᠨ ᠭᠤᠤᠯ》 ᠤ᠋ᠨ ᠲᠠᠯ᠎ᠠ ᠨᠤᠲᠤᠭ ᠎ᠤᠨ ᠮᠦᠩᠬᠦᠨ ᠡᠪᠦᠯ᠎ᠤᠨ 《ᠪᠠᠶᠠᠰᠬᠤᠯᠠᠩᠳᠤ ᠨᠠᠭᠠᠳᠤᠮ》 ᠎ᠤ᠋ᠨ ᠲᠡᠪᠵᠢᠶᠡᠨ᠎ᠳᠤ ᠬᠦᠴᠦᠳᠤ ᠪᠦᠭᠡ ᠲᠡᠯᠡᠬᠡᠢ ᠬᠤᠳᠤᠯᠵᠠᠳᠠᠯ᠎ᠠ ᠲᠡᠪᠢᠵᠦ᠂ ᠬᠤᠷᠳᠤᠨ ᠬᠦᠯᠦᠭ ᠡᠪᠦᠯ᠎ᠢ ᠡᠯᠳᠡᠨ ᠬᠤᠷᠳᠤᠯᠠᠵᠦ᠂ ᠬᠠᠷᠪᠤᠭᠰᠠᠨ ᠰᠤᠮᠤ ᠨᠠᠷᠠᠨ ᠭᠤᠤᠯ ᠤᠨᠤᠭᠠᠬᠤ᠎ᠳᠤ ᠨᠠᠭᠠᠳᠤᠮᠴᠢᠳ ᠤᠤᠬᠠᠢᠯᠠᠨ᠎ᠠ᠃ ᠢᠷᠡᠬᠦ ᠵᠢᠯ ᠪᠤᠷᠤᠭᠠᠨ ᠬᠤᠷ᠎ᠠ ᠲᠡᠭᠰᠢ᠂ ᠲᠠᠪᠤᠨ ᠬᠤᠰᠢᠭᠤ ᠮᠠᠯ ᠲᠠᠩᠰᠤᠭ᠂ ᠠᠷᠠᠳ ᠲᠦᠮᠡᠨ ᠵᠤᠯ ᠵᠢᠷᠭᠠᠯ ᠲᠠᠢ ᠡᠩᠬᠡ ᠠᠮᠤᠭᠤᠯᠠᠩ ᠪᠠᠢᠬᠤ ᠨᠢ ᠯᠠᠪᠳᠠᠢ᠃ ᠡᠨᠡ ᠪᠤᠯ ᠲᠠᠷᠤᠢ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠭᠰᠠᠨ 《ᠠᠪᠤ ᠡᠵᠢ ᠵᠢᠨ ᠨᠤᠲᠤᠭ ᠤᠰᠤᠨ》᠃ ᠡᠨᠡ ᠪᠤᠯ ᠲᠠᠷᠤᠢ 《ᠮᠦᠩᠬᠡ ᠵᠢᠨ ᠰᠠᠬᠢᠶ᠎ᠠ》 ᠲᠠᠢ 《ᠦᠨᠢᠷ ᠪᠠᠶᠠᠯᠢᠬ ᠦᠪᠦᠷ ᠮᠤᠩᠭᠤᠯ》᠃

《ᠵᠠᠩᠭᠠᠷ᠎ᠤᠨ ᠠᠷᠪᠠᠨ ᠬᠤᠶᠠᠷ ᠪᠠᠭᠠᠳᠤᠷ᠎ᠤᠨ ᠮᠠᠭᠳᠠᠭᠠᠯ》 ᠳ᠋ᠦ ᠲᠠᠭᠤᠯᠠᠭᠳᠠᠭᠰᠠᠨ ᠭᠠᠷᠮᠠᠭᠠᠢ ᠪᠠᠭᠠᠳᠤᠳ ᠰᠢᠭ᠋ ᠵᠢᠡᠷ ᠮᠤᠩᠭᠤᠯ ᠮᠤᠷᠢᠨ᠎ᠤ ᠵᠤᠷᠢᠭ ᠰᠠᠨᠠᠭ᠎ᠠ  ᠵᠢ ᠪᠠᠳᠠᠷᠠᠭᠤᠯᠵᠦ᠂ ᠲᠤᠮᠳᠠᠳᠤ ᠤᠯᠤᠰ᠎ᠤᠨ ᠮᠠᠶᠢᠬ᠎ᠤᠨ ᠤᠳᠤᠬᠢᠴᠢᠯᠠᠯᠳᠠ ᠵᠢᠨ ᠦᠪᠦᠷ ᠮᠤᠩᠭᠤᠯ᠎ᠤᠨ ᠰᠢᠨ᠎ᠡ ᠬᠠᠭᠤᠳᠠᠰᠤ ᠵᠢ ᠪᠢᠴᠢᠭᠯᠡᠭᠡᠳ 《ᠲᠦᠬᠦᠷᠡᠩ ᠪᠠᠶᠠᠷᠯᠠᠶ᠎ᠠ》 ᠪᠢᠳᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号