— 《ᠣᠮᠠᠷᠠᠲᠣ ᠬᠢᠯᠢ᠎ᠶᠢᠨ ᠲᠠᠭᠣᠯᠠᠯ》᠎ᠢ ᠬᠤᠪᠢᠶᠠᠯᠴᠠᠨ ᠰᠤᠳᠤᠯᠤᠨ ᠶᠠᠷᠢᠯᠴᠠᠬᠤ ᠱᠠᠯᠦᠢ᠍ᠨ ᠶᠠᠪᠤᠬᠳᠠᠪᠠ
11 ᠰᠠᠷ᠎ᠠ᠎ᠶᠢᠨ 30 ᠤ᠋ ᠡᠳᠦᠷ᠂ ᠦᠪᠦᠷ ᠮᠣᠩᠭᠣᠯ᠎ᠤᠨ ᠡᠳᠦᠷ᠎ᠤᠨ ᠰᠣᠨᠢᠨ᠎ᠤ ᠬᠣᠷᠢᠶ᠎ᠠ ᠪᠣᠯᠣᠨ ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ ᠡᠴᠡ ᠭᠣᠣᠯᠯᠠᠨ ᠡᠷᠬᠢᠯᠡᠵᠦ᠂ ᠦᠪᠦᠷ ᠮᠣᠩᠭᠣᠯ᠎ᠤᠨ ᠪᠣᠲᠠᠰ᠎ᠤᠨ ᠪᠣᠰᠣ ᠰᠣᠶᠣᠯ᠎ᠤᠨ ᠦᠪ᠎ᠤᠨ ᠬᠠᠮᠠᠭᠠᠯᠠᠯᠲᠠ᠎ᠶᠢᠨ ᠰᠣᠲᠣᠯᠭᠠᠨ᠎ᠤ ᠨᠡᠢᠭᠡᠮᠯᠢᠭ᠂ ᠦᠪᠦᠷ ᠮᠣᠩᠭᠣᠯ᠎ᠤᠨ ᠴᠠᠬᠠᠷ ᠰᠣᠶᠣᠯ᠎ᠤᠨ ᠰᠣᠲᠣᠯᠭᠠᠨ᠎ᠤ ᠨᠡᠢᠭᠡᠮᠯᠢᠭ ᠡᠴᠡ ᠬᠠᠮᠵᠢᠨ ᠡᠷᠬᠢᠯᠡᠭᠰᠡᠨ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠮᠤᠩᠭᠤᠯ ᠬᠠᠮ ᠵᠠᠭᠤᠴᠢᠯᠠᠭᠤᠷ᠎ᠤᠨ ᠰᠢᠨ᠎ᠡ ᠲᠣᠮᠲᠠᠲᠣ ᠣᠯᠣᠰ ᠪᠠᠢᠭᠣᠯᠣᠬᠲᠠᠬᠰᠠᠨ 75 ᠵᠢᠯ᠎ᠤᠨ ᠣᠢ᠎ᠶᠢ ᠣᠬᠲᠣᠬᠰᠠᠨ ᠲᠣᠮᠣ ᠬᠡᠪᠴᠢᠶᠡᠨ᠎ᠤ ᠰᠢᠷᠢᠰ ᠮᠡᠳᠡᠭᠡᠯᠡᠯ 《ᠣᠮᠠᠷᠠᠲᠣ ᠬᠢᠯᠢ᠎ᠶᠢᠨ ᠲᠠᠭᠣᠯᠠᠯ》᠎ᠢ ᠬᠤᠪᠢᠶᠠᠯᠴᠠᠨ ᠰᠤᠳᠤᠯᠤᠨ ᠶᠠᠷᠢᠯᠴᠠᠬᠤ ᠱᠠᠯᠦᠢ᠍ᠨ ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ ᠳ᠋ᠦ ᠶᠠᠪᠣᠬᠲᠠᠪᠠ᠃

《ᠣᠮᠠᠷᠠᠲᠣ ᠬᠢᠯᠢ᠎ᠶᠢᠨ ᠲᠠᠭᠣᠯᠠᠯ》᠎ᠢ ᠬᠤᠪᠢᠶᠠᠯᠴᠠᠨ ᠰᠤᠳᠤᠯᠤᠨ ᠶᠠᠷᠢᠯᠴᠠᠬᠤ ᠱᠠᠯᠦᠢ᠍ᠨᠦ ᠠᠬᠤᠢ ᠲᠠᠯᠠᠪᠠᠢ
ᠲᠠᠭᠣᠣ ᠪᠡᠷ ᠲᠣᠯᠠᠭᠠᠴᠠᠲᠠᠬ ᠬᠣᠷᠸ᠎ᠠ ᠭᠡᠬᠦ ᠡᠴᠡ ᠲᠠᠭᠣᠯᠠᠵᠦ ᠪᠠᠢᠬᠰᠠᠨ ᠨᠢᠭᠡᠨ ᠪᠣᠯᠣᠨ ᠲᠣᠭᠣᠯᠵᠦ ᠦᠩᠭᠡᠷᠡᠭᠰᠡᠨ ᠤᠨ ᠵᠢᠯ ᠶ᠋ᠢᠡᠨ ᠡᠷᠬᠢᠴᠡᠬᠦᠯᠦᠨ ᠲᠣᠷᠠᠰᠬᠣ ᠨᠢ ᠲᠦᠮᠡᠨ ᠵᠦᠪ᠃ ᠦᠲᠡ᠎ᠶᠢᠨ ᠡᠮᠦᠨᠡᠬᠢ 9 ᠴᠠᠬ ᠲᠦ᠍ 《ᠣᠮᠠᠷᠠᠲᠣ ᠬᠢᠯᠢ᠎ᠶᠢᠨ ᠲᠠᠭᠣᠯᠠᠯ》᠎ᠢ ᠬᠤᠪᠢᠶᠠᠯᠴᠠᠨ ᠰᠤᠳᠤᠯᠤᠨ ᠶᠠᠷᠢᠯᠴᠠᠬᠤ ᠱᠠᠯᠦᠢ᠍ᠨ ᠪᠣᠯᠵᠣᠭ᠎ᠠ ᠶᠣᠰᠣᠭᠠᠷ ᠡᠬᠢᠯᠡᠯ᠎ᠠ᠃ ᠬᠦᠬᠡᠬᠣᠲᠠ ᠦᠨᠳᠦᠰᠦᠲᠡᠨ᠎ᠤ ᠲᠣᠷᠰᠢᠯᠲᠠ᠎ᠶᠢᠨ ᠰᠣᠷᠭᠠᠭᠣᠯᠢ᠎ᠶᠢᠨ ᠰᠣᠷᠣᠬᠴᠢᠳ 《ᠵᠠᠩᠭᠠᠷ᠎ᠤᠨ ᠠᠷᠪᠠᠨ ᠬᠣᠶᠠᠷ ᠪᠠᠭᠠᠲᠣᠷ᠎ᠤᠨ ᠮᠠᠬᠲᠠᠭᠠᠯ》ᠶ᠋ᠢᠡᠷ ᠬᠣᠷᠠᠬᠰᠠᠨ ᠣᠯᠠᠨ ᠶ᠋ᠢᠡᠨ ᠣᠬᠲᠣᠬᠣ ᠳ᠋ᠦ ᠦᠪᠦᠷ ᠮᠣᠩᠭᠣᠯ᠎ᠤᠨ ᠣᠷᠠᠯᠢᠬ ᠵᠦᠴᠦᠭᠡ᠎ᠶᠢᠨ ᠬᠦᠷᠢᠶᠡᠯᠡᠩ᠎ᠤᠨ ᠵᠠᠯᠠᠭᠣ ᠲᠠᠭᠣᠴᠢᠨ ᠴᠣᠯᠮᠣᠨ 《ᠴᠣᠮᠪᠣᠩ ᠲᠣᠭᠣᠷᠠᠢ ᠲᠠᠢ ᠬᠦᠯᠦᠭ》 ᠶ᠋ᠢᠡᠨ ᠬᠠᠩᠬᠢᠨᠠᠭᠣᠯᠤᠨ ᠬᠦᠭ ᠨᠡᠮᠡᠵᠦ᠂ ᠵᠠᠯᠠᠭᠤ ᠲᠠᠭᠤᠴᠢᠨ ᠴᠤᠯᠮᠤᠨ ᠴᠡᠯᠮᠡᠭ ᠬᠤᠶᠠᠭᠤᠯᠠ 《ᠮᠦᠩᠭᠡ ᠵᠢᠨ ᠰᠠᠬᠢᠶ᠎ᠠ》 ᠲᠠᠭᠤᠤ ᠪᠠᠨ ᠡᠷᠬᠦᠨ ᠪᠠᠷᠢᠵᠦ᠂ ᠴᠢᠯᠦᠭᠡᠳᠤ ᠶᠠᠷᠢᠯᠴᠠᠭ᠎ᠠ ᠵᠢ ᠦᠨᠳᠦᠷᠯᠡᠬᠦᠯᠪᠡ᠃

ᠬᠦᠬᠡᠬᠣᠲᠠ ᠦᠨᠳᠦᠰᠦᠲᠡᠨ᠎ᠤ ᠲᠣᠷᠰᠢᠯᠲᠠ᠎ᠶᠢᠨ ᠰᠣᠷᠭᠠᠭᠣᠯᠢ᠎ᠶᠢᠨ ᠰᠣᠷᠣᠬᠴᠢᠳ ᠡᠴᠡ 《ᠵᠠᠩᠭᠠᠷ᠎ᠤᠨ ᠠᠷᠪᠠᠨ ᠬᠣᠶᠠᠷ ᠪᠠᠭᠠᠲᠣᠷ᠎ᠤᠨ ᠮᠠᠬᠲᠠᠭᠠᠯ》 ᠵᠢᠡᠨ ᠡᠷᠭᠦᠪᠡ
ᠡᠳᠡᠭᠡᠷ 75 ᠲᠠᠭᠣᠣ ᠨᠢ ᠴᠠᠬ ᠡᠷᠢᠨ᠎ᠤ ᠣᠶᠠᠩᠭᠠᠯᠠᠯ ᠪᠣᠯᠣᠨ ᠲᠡᠦᠬᠡ᠎ᠶᠢᠨ ᠬᠦᠣᠷᠨᠢᠯᠢ ᠡᠪᠯᠢᠭ ᠣᠶᠠᠯᠲᠣᠭᠣᠯᠵᠦ᠂ ᠲᠣᠬ ᠲᠡᠮᠲᠡᠭ ᠲᠣᠲᠣᠷᠬᠠᠢ ᠪᠡᠷ ᠴᠠᠬ ᠡᠷᠢᠨ᠎ᠤ ᠬᠦᠭ ᠠᠶᠠᠰ᠎ᠢ ᠴᠢᠪᠬᠠᠲᠠᠵᠦ᠂ ᠵᠢᠵᠢᠭ ᠰᠡᠳᠦᠪ ᠶ᠋ᠢᠡᠷ ᠲᠣᠮᠣ ᠬᠠᠷᠠᠭᠠᠰᠣ᠎ᠶᠢ ᠬᠠᠷᠠᠭᠣᠯᠵᠦ᠂ ᠰᠣᠩᠭᠣᠲᠠᠬ᠎ᠤᠨ ᠰᠣᠩᠭᠣᠯᠲᠠ ᠪᠣᠯᠵᠦ ᠴᠢᠲᠠᠬᠰᠠᠨ ᠭᠡᠵᠦ ᠬᠣᠷᠠᠯ ᠳ᠋ᠦ ᠣᠷᠣᠯᠴᠠᠬᠰᠠᠨ ᠡᠷᠳᠡᠮᠲᠡᠳ ᠰᠠᠨᠠᠯ ᠨᠢᠭᠡᠲᠡᠢ ᠦᠵᠡᠵᠡᠭᠡᠪᠡ᠃ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢᠨ ᠫᠷᠣᠹᠸᠰᠰᠣᠷ ᠣᠳᠬᠣᠨᠪᠠᠶᠠᠷ ᠰᠣᠨᠢᠨ ᠮᠡᠳᠡᠭᠡ ᠵᠢᠨ ᠲᠠᠮᠵᠢᠭᠣᠯᠭᠠᠶᠢᠨ ᠬᠠᠷᠠᠭᠠᠰᠣ ᠡᠴᠡ 《ᠣᠮᠠᠷᠠᠲᠣ ᠬᠢᠯᠢ᠎ᠶᠢᠨ ᠲᠠᠭᠣᠯᠠᠯ》᠎ᠢ᠋ ᠦᠨᠡᠯᠡᠵᠦ᠂ ᠮᠡᠳᠡᠭᠡᠯᠡᠯ᠎ᠤᠨ ᠭᠠᠷᠴᠠᠬ ᠡᠴᠡ ᠠᠪᠣᠭᠠᠳ ᠮᠡᠳᠡᠭᠡᠯᠡᠯ᠎ᠤᠨ ᠠᠭᠣᠯᠭ᠎ᠠ ᠳ᠋ᠦ ᠬᠦᠷᠲᠡᠯ᠎ᠡ ᠬᠦᠨ ᠵᠣᠵᠠᠭᠠᠨ ᠰᠣᠶᠣᠯ᠎ᠤᠨ ᠠᠭᠣᠯᠬᠣᠨᠢ ᠢᠯᠡᠷᠡᠬᠦᠯᠵᠦ᠂ ᠲᠠᠭᠣᠣ ᠪᠡᠷ 75 ᠵᠢᠯ᠎ᠤᠨ ᠲᠡᠦᠬᠡ᠎ᠶᠢ ᠲᠡᠯᠭᠡᠭᠰᠡᠨ ᠰᠣᠲᠣᠨ ᠣᠬᠠᠭᠠᠯᠠᠯ ᠪᠣᠯᠵᠦ᠂ ᠣᠯᠣᠰ ᠣᠷᠣᠨ᠎ᠤ ᠮᠠᠬᠲᠠᠭᠠᠯ᠂ ᠣᠶᠠᠩᠭ᠎ᠠ ᠲᠠᠭᠣᠣ᠎ᠶᠢᠨ ᠬᠦᠣᠷᠨᠢᠯ ᠪᠣᠯᠣᠬᠰᠠᠨ ᠭᠡᠵᠦ ᠶᠠᠷᠢᠵᠦ ᠪᠠᠢᠯ᠎ᠠ᠃

《 ᠣᠮᠠᠷᠠᠲᠣ ᠬᠢᠯᠢ᠎ᠶᠢᠨ ᠲᠠᠭᠣᠯᠠᠯ》 ᠤ᠋ᠨ 75 ᠰᠣᠩᠭᠣᠲᠠᠬ ᠲᠠᠭᠣᠣ ᠨᠢ ᠲᠡᠦᠬᠡ᠎ᠶᠢᠨ ᠦᠨ᠎ᠡ ᠦᠷᠲᠡᠭ᠂ ᠣᠷᠠᠯᠢᠬ᠎ᠤᠨ ᠦᠨ᠎ᠡ ᠦᠷᠲᠡᠭ ᠪᠠ ᠰᠢᠨᠵᠢᠯᠡᠬᠦ ᠣᠬᠠᠭᠠᠨ᠎ᠤ ᠦᠨ᠎ᠡ ᠦᠷᠲᠡᠭ ᠶ᠋ᠢᠡᠷ ᠮᠠᠰᠢ ᠦᠨᠳᠦᠷ ᠪᠣᠯᠵᠠᠢ᠃ ᠲᠡᠷᠡ ᠨᠢ ᠪᠢᠳᠡᠨ ᠳ᠋ᠦ ᠦᠪᠦᠷ ᠮᠣᠩᠭᠣᠯ᠎ᠤᠨ ᠲᠠᠭᠣᠣ ᠬᠦᠭᠵᠢᠮ᠎ᠤᠨ ᠲᠡᠦᠬᠡ᠎ᠶᠢ ᠵᠢᠷᠣᠬᠯᠠᠨ ᠭᠠᠷᠭᠠᠵᠦ᠂ ᠣᠮᠠᠷᠠᠲᠣ ᠬᠢᠯᠢ᠎ᠶᠢᠨ ᠦᠨᠳᠦᠰᠦᠲᠡᠨ ᠨᠣᠬᠦᠳ᠎ᠤᠨ ᠠᠷᠠᠳ ᠲᠦᠮᠡᠨ ᠬᠠᠮᠲᠣ ᠪᠡᠷ ᠰᠣᠷᠣᠯᠴᠠᠨ ᠬᠠᠮᠲᠣ ᠪᠡᠷ ᠲᠠᠭᠣᠯᠠᠵᠦ᠂ ᠬᠠᠮᠲᠣ ᠪᠡᠷ ᠰᠣᠨᠢᠷᠬᠠᠨ ᠬᠠᠮᠲᠣ ᠪᠡᠷ ᠬᠦᠭᠡᠷᠦᠯᠲᠦᠵᠦ᠂ ᠬᠠᠮᠲᠣ ᠪᠡᠷ ᠪᠠᠢᠭᠣᠯᠵᠦ ᠬᠠᠮᠲᠣ ᠪᠡᠷ ᠡᠳ᠋ᠯᠡᠬᠦ ᠠᠮᠢᠲᠣᠯᠢᠬ ᠦᠢᠯᠡᠳᠦᠯᠭᠡ᠎ᠶᠢ ᠬᠦᠣᠷᠨᠢᠵᠦ᠂ ᠦᠨᠳᠦᠰᠦᠲᠡᠨ ᠨᠣᠬᠦᠳ᠎ᠤᠨ ᠠᠷᠠᠳ ᠲᠦᠮᠡᠨ ᠦᠷᠭᠡᠨ ᠶ᠋ᠢᠡᠷ ᠶᠠᠪᠣᠯᠴᠠᠵᠦ ᠰᠣᠯᠢᠯᠴᠠᠵᠦ ᠠᠭᠣᠰᠣᠯᠴᠠᠬᠰᠠᠨ ᠲᠡᠦᠬᠡᠨ ᠵᠠᠮᠨᠠᠯᠢ ᠲᠡᠯᠭᠡᠭᠰᠡᠨ ᠭᠡᠵᠦ ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ᠎ᠶᠢᠨ ᠫᠷᠣᠹᠸᠰᠰᠣᠷ ᠦᠯᠵᠡᠢᠪᠠᠶᠠᠷ ᠦᠨᠡᠯᠡᠪᠡ᠃

ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ᠎ᠶᠢᠨ ᠲᠡᠳ᠋ ᠫᠷᠣᠹᠸᠰᠰᠣᠷ ᠪᠦᠷᠢᠨᠪᠠᠶᠠᠷ᠂ 《ᠣᠮᠠᠷᠠᠲᠣ ᠬᠢᠯᠢ᠎ᠶᠢᠨ ᠲᠠᠭᠣᠯᠠᠯ》 ᠰᠢᠷᠢᠰ ᠮᠡᠳᠡᠭᠡᠯᠡᠯ᠎ᠢ ᠦᠨᠳᠦᠷ ᠦᠨᠡᠯᠡᠵᠦ᠂ ᠮᠡᠳᠡᠭᠡᠯᠡᠯ ᠨᠢ ᠡᠬᠡ ᠣᠷᠣᠨᠴᠢ ᠴᠢᠨᠠᠷ ᠶ᠋ᠢᠡᠷ ᠴᠢᠩᠭ᠎ᠠ᠂ ᠣᠷᠠᠯᠢᠬᠴᠢ ᠴᠢᠨᠠᠷ ᠶ᠋ᠢᠡᠷ ᠴᠢᠩᠭ᠎ᠠ᠂ ᠣᠯᠠᠨ ᠲᠦᠮᠡᠨᠴᠢ ᠴᠢᠨᠠᠷ ᠶ᠋ᠢᠡᠷ ᠴᠢᠩᠭ᠎ᠠ᠂ ᠣᠯᠠᠮᠵᠢᠯᠠᠯᠲᠣ ᠴᠢᠨᠠᠷ ᠶ᠋ᠢᠡᠷ ᠴᠢᠩᠭ᠎ᠠ᠂ ᠲᠦᠭᠡᠮᠡᠯ ᠴᠢᠨᠠᠷ ᠶ᠋ᠢᠡᠷ ᠴᠢᠩᠭ᠎ᠠ᠂ ᠢᠯᠡᠳᠭᠡᠬᠦ ᠴᠢᠨᠠᠷ ᠶ᠋ᠢᠡᠷ ᠴᠢᠩᠭ᠎ᠠ ᠭᠡᠬᠦ ᠵᠢᠷᠭᠣᠭᠠᠨ ᠣᠨᠴᠠᠯᠢᠬ ᠲᠠᠢ ᠭᠡᠮᠡᠨ ᠦᠨᠡᠯᠡᠵᠦ ᠪᠢᠯᠡ᠃

ᠦᠪᠦᠷ ᠮᠣᠩᠭᠣᠯ᠎ᠤᠨ ᠠᠷᠠᠳ᠎ᠤᠨ ᠬᠡᠪᠯᠡᠯ᠎ᠤᠨ ᠬᠣᠷᠢᠶ᠎ᠠ᠎ᠶᠢᠨ ᠲᠡᠳ᠋ ᠶᠡᠷᠦᠩᠬᠡᠢ ᠨᠠᠢᠷᠠᠭᠤᠯᠤᠬᠴᠢ ᠰᠢᠣᠸᠠᠢ ᠮᠢᠩ᠂ ᠰᠡᠳᠦᠪ ᠣᠬᠠᠭᠠᠯᠠᠯ ᠨᠢ ᠴᠠᠬ ᠲᠠᠭᠠᠨ ᠲᠣᠬᠢᠷᠠᠵᠦ᠂ 《ᠣᠮᠠᠷᠠᠲᠣ ᠬᠢᠯᠢ᠎ᠶᠢᠨ ᠰᠣᠶᠣᠯ》᠎ᠤ᠋ᠨ ᠴᠣᠬᠴᠠᠯᠠᠯᠲᠠᠶᠢ ᠪᠡᠶᠡᠴᠢᠯᠡᠨ ᠦᠢᠯᠡᠲᠦᠯᠭᠡᠵᠢᠬᠦᠯᠦᠭᠰᠡᠨ ᠪᠦᠲᠦᠮᠵᠢᠲᠡᠢ ᠠᠵᠢᠯᠯᠠᠭ᠎ᠠ ᠪᠣᠯᠣᠬᠰᠠᠨ ᠭᠡᠵᠦ ᠶᠠᠷᠢᠵᠦ ᠪᠠᠢᠯ᠎ᠠ᠃ ᠲᠡᠷᠡ ᠪᠡᠷ 《ᠣᠮᠠᠷᠠᠲᠣ ᠬᠢᠯᠢ᠎ᠶᠢᠨ ᠲᠠᠭᠣᠯᠠᠯ》 ᠤ᠋ᠨ 75 ᠰᠣᠩᠭᠣᠲᠠᠬ ᠲᠠᠭᠣᠣ᠎ᠶᠢᠨ ᠨᠡᠢᠭᠡᠮ᠎ᠤᠨ ᠨᠦᠯᠦᠭᠡ ᠲᠣᠰᠬᠠᠯ᠎ᠢ ᠦᠷᠭᠡᠳᠭᠡᠬᠦ᠎ᠶᠢ ᠵᠣᠷᠢᠵᠦ ᠦᠪᠦᠷ ᠮᠣᠩᠭᠣᠯ᠎ᠤᠨ ᠠᠷᠠᠳ᠎ᠤᠨ ᠬᠡᠪᠯᠡᠯ᠎ᠤᠨ ᠬᠣᠷᠢᠶ᠎ᠠ ᠡᠴᠡ ᠡᠨᠡᠬᠦ ᠰᠢᠷᠢᠰ ᠮᠡᠳᠡᠭᠡᠯᠡᠯ᠎ᠢ ᠨᠣᠮ ᠪᠣᠯᠭᠠᠨ ᠬᠡᠪᠯᠡᠬᠦᠯᠬᠦ ᠲᠦᠯᠦᠪᠯᠡᠭᠡ ᠲᠠᠢ ᠪᠠᠢᠭ᠎ᠠ ᠪᠠᠨ ᠲᠠᠮᠵᠢᠭᠣᠯᠣᠯᠠ᠃

ᠦᠪᠦᠷ ᠮᠣᠩᠭᠣᠯ᠎ᠤᠨ ᠣᠷᠠᠯᠢᠬ ᠵᠦᠴᠦᠭᠡ᠎ᠶᠢᠨ ᠬᠦᠷᠢᠶᠡᠯᠡᠩ᠎ᠤᠨ ᠵᠠᠯᠠᠭᠣ ᠲᠠᠭᠣᠴᠢᠨ ᠴᠣᠯᠮᠣᠨ᠄ 《ᠪᠢ 〈ᠣᠮᠠᠷᠠᠲᠣ ᠬᠢᠯᠢ᠎ᠶᠢᠨ ᠲᠠᠭᠣᠯᠠᠯ〉 ᠤ᠋ᠨ 75 ᠰᠣᠩᠭᠣᠲᠠᠬ ᠲᠠᠭᠣᠯᠠᠯ᠎ᠤᠨ ᠣᠯᠠᠩᠬᠢ᠎ᠶᠢ ᠨᠢ ᠲᠤᠭᠯᠠᠯᠳᠠ ᠵᠢᠨ ᠲᠠᠢᠰᠠᠨ ᠳ᠋ᠦ ᠲᠠᠭᠣᠯᠠᠵᠦ ᠦᠩᠭᠡᠷᠡᠭᠰᠡᠨ᠃ ᠡᠲᠡᠭᠡᠷ ᠲᠠᠭᠣᠣ ᠰᠣᠲᠣᠨ ᠰᠣᠩᠭᠣᠲᠠᠬ ᠦᠨ᠎ᠡ ᠴᠡᠨ᠎ᠡ ᠲᠠᠢ ᠪᠣᠯᠬᠣᠷ ᠠᠮᠢᠵᠢᠷᠠᠯ᠎ᠤᠨ ᠬᠦᠴᠦᠨ ᠶ᠋ᠢᠡᠨ ᠭᠠᠢᠬᠠᠭᠣᠯᠣᠬᠰᠠᠭᠠᠷ᠂ ᠡᠳᠡᠭᠡᠷ ᠲᠠᠭᠤᠤ ᠪᠤᠯ ᠮᠠᠨ᠎ᠤ ᠬᠤᠪᠤᠷ ᠨᠠᠨᠳᠢᠨ ᠦᠪ ᠬᠦᠷᠦᠩᠭᠡ ᠪᠤᠯᠤᠨ᠎ᠠ》 ᠭᠡᠵᠦ ᠶᠠᠷᠢᠪᠠ᠃

ᠦᠪᠦᠷ ᠮᠣᠩᠭᠣᠯ᠎ᠤᠨ ᠡᠳᠦᠷ᠎ᠤᠨ ᠰᠣᠨᠢᠨ᠎ᠤ ᠬᠣᠷᠢᠶ᠎ᠠ᠎ᠶᠢᠨ ᠲᠡᠭᠡᠲᠦ ᠵᠡᠷᠭᠡ᠎ᠶᠢᠨ ᠨᠠᠢᠷᠠᠭᠤᠯᠤᠬᠴᠢ ᠳ·ᠪᠣᠯᠣᠳ 《ᠮᠦᠩᠭᠡ᠎ᠶᠢᠨ ᠰᠠᠬᠢᠶ᠎ᠠ》 ᠲᠠᠭᠣᠣ᠎ᠶᠢ ᠮᠣᠩᠭᠣᠯᠴᠢᠯᠠᠬᠰᠠᠨ ᠦᠩᠭᠡᠷᠡᠯᠲᠡ ᠪᠠᠨ ᠡᠷᠬᠢᠴᠡᠬᠦᠯᠵᠦ᠂ ᠲᠤᠰ ᠰᠢᠷᠢᠰ ᠮᠡᠳᠡᠭᠡᠯᠡᠯ ᠴᠠᠭ ᠦᠶ᠎ᠡ ᠵᠢᠨ ᠤᠨᠴᠠᠯᠢᠬ ᠲᠦ᠍ ᠨᠡᠢᠴᠡᠭᠰᠡᠨ᠂ ᠮᠡᠳᠡᠭᠡᠯᠡᠯ᠎ᠤᠨ ᠰᠢᠨ᠎ᠡ ᠵᠢ ᠡᠭᠦᠳᠦᠭᠰᠡᠨ᠂ ᠵᠠᠭᠤᠴᠢᠯᠠᠭᠤᠷ᠎ᠤᠨ ᠨᠦᠯᠦᠭᠡ ᠲᠤᠰᠬᠠᠯ ᠵᠢᠡᠨ ᠦᠷᠭᠡᠳᠭᠡᠭᠰᠡᠨ ᠵᠡᠷᠭᠡ ᠲᠠᠯ᠎ᠠ ᠪᠠᠷ ᠪᠦᠷ ᠰᠢᠨ᠎ᠡ ᠲᠡᠮᠳᠡᠭᠯᠡᠯ᠎ᠢ ᠡᠭᠦᠳᠪᠡ ᠭᠡᠵᠦ ᠦᠨᠳᠦᠷ ᠦᠨᠡᠯᠡᠵᠡᠢ᠃ ᠴᠢᠯᠦᠭᠡᠳᠤ ᠶᠠᠷᠢᠯᠴᠠᠭ᠎ᠠ᠎ᠳᠤ ᠪᠠᠰᠠ ᠬᠤᠱᠤᠳ ᠨᠤᠮᠢᠨ᠂ ᠮᠦᠩᠭᠦᠨᠳᠤᠶᠠᠭᠠ᠂ ᠬᠢᠯᠪᠢᠭᠡᠨ ᠭᠤᠷᠪᠠᠨ ᠰᠤᠷᠪᠤᠯᠵᠢᠯᠠᠭᠴᠢ ᠵᠢᠨ ᠲᠦᠯᠦᠭᠡᠯᠡᠭᠴᠢ 《ᠤᠮᠠᠷᠠᠳᠤ ᠬᠢᠯᠢ ᠵᠢᠨ ᠲᠠᠭᠤᠯᠠᠯ》᠎ᠳᠤ ᠤᠷᠤᠯᠴᠠᠨ ᠰᠤᠷᠪᠤᠯᠵᠢᠯᠠᠭᠰᠠᠨ ᠤᠯᠤᠯᠳᠠ ᠲᠦᠷᠦᠭᠳᠡᠯ ᠵᠢᠡᠨ ᠬᠤᠪᠢᠶᠠᠯᠴᠠᠪᠠ᠃

ᠠᠯᠲᠠᠷᠲᠣ ᠤᠷᠳᠤ ᠵᠢᠨ ᠲᠠᠭᠣᠴᠢᠨ ᠵᠠᠬᠲᠠᠰᠦᠢ᠍ᠷᠦᠩ 《ᠣᠯᠠᠭᠠᠨᠮᠦᠢ᠍ᠴᠢᠷ ᠪᠣᠯ ᠮᠢᠨᠦ ᠬᠠᠮᠣᠬ ᠠᠩᠬᠠᠨ᠎ᠤ ᠰᠣᠷᠭᠠᠭᠣᠯᠢ ᠮᠦᠨ》 ᠭᠡᠵᠦ ᠦᠯᠢᠭᠡᠷ ᠶᠠᠷᠢᠬᠤ᠎ᠳᠠᠭᠠᠨ ᠲᠣᠬᠲᠣᠯᠵᠦ ᠪᠠᠶᠠᠰᠤᠭᠰᠠᠨ ᠰᠡᠳᠬᠢᠯᠭᠡ ᠪᠡᠨ ᠲᠠᠷᠤᠵᠦ ᠶᠠᠳᠠᠨ 《ᠮᠠᠬᠲᠠᠭᠠᠯ ᠲᠠᠭᠣᠣ》 ᠪᠠᠨ ᠡᠷᠬᠦᠪᠡ᠃ ᠲᠠᠭᠣᠯᠠᠵᠦ ᠶᠠᠪᠣᠬᠣ ᠳ᠋ᠦ ᠲᠡᠯᠡᠬᠡᠢ ᠪᠠᠶᠠᠰᠣᠨ᠎ᠠ᠂ ᠲᠣᠪᠲᠣᠯᠵᠦ ᠶᠠᠪᠣᠬᠣ ᠳ᠋ᠦ ᠬᠡᠢᠮᠦᠷᠢ ᠰᠡᠷᠬᠦᠨᠡ᠃ 《ᠠᠭᠣᠲᠠᠮ ᠲᠠᠯ᠎ᠠ ᠮᠢᠨᠢ ᠦᠨᠳᠦᠰᠦ ᠪᠡᠷ ᠶ᠋ᠢᠡᠨ ᠬᠣᠯᠪᠣᠭ᠎ᠠ ᠲᠠᠢ᠂ ᠠᠭᠣᠯᠠ ᠨᠢᠷᠣᠭᠣ ᠮᠢᠨᠢ ᠣᠷᠣᠰᠬᠠᠯ ᠶ᠋ᠢᠡᠷ ᠶ᠋ᠢᠡᠨ ᠬᠣᠯᠪᠣᠭ᠎ᠠ ᠲᠠᠢ ᠁》 ᠭᠡᠵᠦ ᠠᠭᠣᠯᠠᠰ᠎ᠤᠨ ᠴᠠᠭᠠᠨ᠎ᠠ ᠡᠴᠡ ᠪᠣᠭᠣ ᠣᠷᠣᠮᠲᠠᠬᠣ ᠰᠢᠬ᠂ ᠡᠬᠦᠯᠡᠰ᠎ᠤᠨ ᠲᠡᠷᠳᠡᠭᠡ ᠡᠴᠡ ᠪᠣᠲᠣᠭᠣ ᠪᠣᠢᠯᠠᠬᠣ ᠰᠢᠬ ᠠᠶᠠᠯᠭᠣ ᠲᠠᠭᠣᠣ ᠪᠣᠯᠠᠬ᠎ᠤᠨ ᠣᠰᠣᠨ ᠮᠡᠲᠦ ᠡᠭᠡᠯᠢᠲᠡᠢ ᠮᠦᠷᠲᠡᠭᠡᠨ ᠠᠶᠠᠲᠠᠢ ᠣᠷᠣᠰᠣᠨ ᠬᠠᠩᠬᠢᠨᠠᠨ᠎ᠠ᠃ ᠴᠠᠬ ᠡᠷᠢᠨ᠎ᠢ ᠲᠣᠲᠣᠷᠠᠭᠣᠯᠣᠨ ᠲᠣᠷᠠᠢᠯᠭᠠᠬᠰᠠᠨ ᠣᠮᠠᠷᠠᠲᠣ ᠬᠢᠯᠢ᠎ᠶᠢᠨ ᠰᠣᠩᠭᠣᠲᠠᠬ ᠲᠠᠭᠣᠣ ᠨᠣᠭᠣᠳ ᠰᠡᠳᠬᠢᠯ ᠵᠢᠷᠦᠭᠡᠨ᠎ᠤ ᠨᠠᠨᠳᠢᠨ ᠬᠣᠯᠪᠣᠭ᠎ᠠ᠂ ᠰᠠᠬᠢᠨ ᠪᠠᠷᠠᠯᠠᠬᠣ ᠮᠦᠩᠬᠡ᠎ᠶᠢᠨ ᠰᠠᠬᠢᠶ᠎ᠠ ᠪᠣᠯᠵᠦ ᠬᠠᠩᠬᠢᠨᠠᠨ᠎ᠠ᠃

ᠬᠤᠶᠠᠷ ᠬᠡᠮᠵᠢᠯᠲᠦ ᠺᠤᠳ᠋᠎ᠢ ᠰᠢᠷᠪᠢᠵᠦ ᠱᠠᠯᠦ᠋ᠨᠦ ᠠᠭᠤᠯᠭ᠎ᠠ ᠵᠢ ᠦᠵᠡᠭᠡᠷᠡᠢ !
ᠲᠤᠰᠬᠠᠢ ᠮᠡᠷᠭᠡᠵᠢᠯᠲᠡᠨ᠎ᠦ ᠦᠨᠡᠯᠡᠯᠲᠡ





