ᠮᠥᠩᠬᠡ ᠵᠢᠨ ᠰᠠᠬᠢᠶ᠎ᠠ
2024-11-27 10:18:35
ᠵᠣᠬᠢᠶᠠᠭ᠍ᠴᠢ᠄
ᠤᠷᠬᠢᠯ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ —

ᠵᠤᠬᠢᠶᠠᠨ ᠪᠦᠲᠦᠭᠡᠭᠰᠡᠨ ᠴᠠᠭ  ᠄  2014   ᠤᠨ

ᠦᠭᠡ  ᠄ ᠰᠤᠷᠲᠠᠯᠲᠦ

ᠠᠶ᠎ᠠ  ᠄  ᠰᠢᠨᠵᠢᠯᠲᠦ

ᠵᠤᠬᠢᠶᠠᠨ ᠪᠦᠲᠦᠭᠡᠭᠰᠡᠨ ᠬᠡᠯᠪᠡᠷᠢ ᠄ ᠬᠢᠲᠠᠳ ᠬᠡᠯᠡ ᠪᠠᠷ ᠵᠤᠬᠢᠶᠠᠨ ᠪᠦᠳᠤᠭᠡᠵᠤ ᠂     ᠳ· ᠪᠤᠯᠤᠳ   ᠮᠤᠩᠭᠤᠯᠴᠢᠯᠠᠪᠠ

ᠠᠶ᠎ᠠ᠎ᠶᠢᠨ ᠤᠨᠴᠠᠯᠢᠭ ᠄ ᠢᠷᠠᠭᠤ ᠤᠶᠠᠩᠭᠠᠯᠢᠭ᠋ ᠵᠢᠪᠬᠤᠭ᠎ᠠ ᠲᠡᠭᠦᠯᠳᠡᠷ ᠂ ᠠᠭᠤᠲᠠᠮ    ᠲᠡᠨᠢᠬᠦᠨ

ᠲᠠᠭᠤᠤ᠎ᠶᠢᠨ ᠲᠦᠷᠦᠯ  ᠄  ᠵᠤᠬᠢᠶᠠᠯ  ᠎ᠤᠨ    ᠳᠠᠭᠤᠤ


ᠦᠯᠢᠭᠡᠷ —

2014 ᠣᠨ᠎ᠤ 1 ᠰᠠᠷ᠎ᠠ᠎ᠳᠤ᠂ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ᠎ᠳᠤ ᠰᠢᠨᠵᠢᠯᠡᠨ ᠪᠠᠢᠴᠠᠭᠠᠬᠤ᠎ᠳᠠᠭᠠᠨ᠂ ᠬᠢᠯᠢ ᠵᠢᠨ ᠬᠠᠮᠠᠭᠠᠯᠠᠯᠲᠠ ᠵᠢᠨ ᠳᠠᠷᠤᠭ᠎ᠠ ᠪᠠᠢᠯᠳᠤᠭ᠍ᠴᠢᠳ ᠪᠣᠯᠣᠨ ᠦᠨᠳᠦᠰᠦᠨ ᠱᠠᠲᠤᠨ᠎ᠦ ᠤᠯᠠᠨ ᠲᠦᠮᠡᠨ ᠎ᠢ ᠬᠠᠯᠠᠭᠤᠨ ᠵᠢᠡᠷ ᠲᠣᠬᠣᠨᠢᠭᠤᠯᠵᠤ《ᠥᠪᠥᠷ ᠮᠣᠩᠭᠣᠯ᠎ᠤᠨ ᠦᠨᠳᠦᠰᠦᠲᠡᠨ ᠨᠦ᠍ᠭᠦᠳ᠎ᠤᠨ ᠺᠠᠳ᠋ᠷ ᠤᠯᠠᠨ ᠲᠦᠮᠡᠨ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠬᠤ ᠬᠡᠷᠡᠭᠲᠡᠢ》 ᠭᠡᠵᠦ ᠵᠢᠭᠠᠪᠤᠷᠢᠯᠠᠭᠰᠠᠨ ᠨᠢ ᠤᠯᠠᠨ ᠲᠦᠮᠡᠨ᠎ᠦ ᠳᠤᠮᠳᠠ ᠬᠠᠯᠠᠭᠤᠨ ᠲᠤᠰᠬᠠᠯ ᠭᠠᠷᠪᠠ᠃

《ᠶᠡᠷᠦᠩᠬᠡᠢ ᠱᠦᠵᠢ ᠵᠢᠨ ᠮᠠᠨ᠎ᠦ ᠣᠷᠣᠨ᠎ᠳᠤ ᠰᠢᠨᠵᠢᠯᠡᠨ ᠪᠠᠢᠴᠠᠭᠠᠭᠰᠠᠨ ᠰᠣᠨᠢᠨ ᠮᠡᠳᠡᠭᠡ ᠶ᠋ᠢ ᠲᠸᠯᠸᠢᠰ ᠳᠡᠭᠡᠷ᠎ᠡ ᠡᠴᠡ ᠦᠵᠡᠭᠡᠳ ᠳᠠᠭᠤᠤ ᠪᠤᠯᠭᠠᠵᠦ ᠪᠢᠴᠢᠬᠦ ᠪᠤᠳᠤᠯ ᠭᠡᠨᠡᠳᠲᠡ ᠳᠣᠲᠣᠷ᠎ᠠ ᠭᠢᠯᠠᠰᠬᠢᠨ ᠣᠷᠣᠭᠰᠠᠨ》  ᠭᠡᠵᠦ ᠰᠤᠷᠲᠠᠯᠲᠤ ᠲᠤᠬᠠᠢ ᠵᠢᠨ ᠦᠶ᠎ᠡ ᠵᠢᠨ ᠪᠠᠢᠳᠠᠯ ᠵᠢᠡᠨ ᠡᠷᠭᠢᠴᠡᠭᠦᠯᠤᠨ᠎ᠠ᠃ ᠲᠡᠷᠡ ᠪᠠᠷ ᠲᠤᠬᠠᠢ ᠵᠢᠨ ᠦᠶ᠎ᠡ᠎ᠳᠤ ᠲᠦᠩᠯᠢᠶᠣᠣ ᠬᠤᠲᠠ ᠵᠢᠨ ᠰᠣᠶᠣᠯ ᠤᠷᠠᠯᠢᠭ᠋᠎ᠤᠨ ᠲᠣᠪᠴᠢᠶ᠎ᠠ ᠵᠢᠨ ᠳᠡᠳ᠋ ᠳᠠᠷᠤᠭ᠎ᠠ ᠵᠢᠨ ᠲᠤᠰᠢᠶᠠᠯ ᠎ᠢ ᠬᠠᠷᠢᠭᠤᠴᠠᠵᠤ ᠪᠠᠢᠪᠠ᠃ ᠶᠡᠷᠦᠩᠬᠡᠢ ᠱᠦᠵᠢ ᠵᠢᠨ ᠬᠠᠬᠢᠷ ᠬᠦᠢᠲᠡᠨ ᠠᠭᠤᠷ ᠠᠮᠢᠰᠬᠤᠯ᠎ᠢ ᠬᠠᠢᠬᠤᠷᠤᠯ ᠦᠭᠡᠢ ᠭᠦᠷ ᠴᠠᠰᠤ ᠶ᠋ᠢ ᠭᠢᠰᠬᠢᠯᠡᠵᠦ ᠶᠠᠪᠤᠭ᠎ᠠ᠂ ᠴᠠᠩᠲᠤᠭᠰᠠᠨ ᠮᠠᠯᠠᠭᠠᠢ ᠪᠠ ᠬᠥᠮᠥᠰᠬᠡ᠂ ᠳᠠᠷᠤᠭ᠎ᠠ ᠪᠠᠢᠯᠳᠤᠭ᠍ᠴᠢᠳ ᠲᠠᠢ ᠭᠠᠷ ᠠᠳᠬᠤᠨ ᠲᠣᠬᠣᠨᠢᠭᠤᠯᠵᠤ ᠪᠠᠢᠭ᠎ᠠ᠂ ᠰᠦ ᠡᠷᠭᠦᠨ ᠢᠷᠦᠭᠡᠨ ᠵᠥᠩᠨᠡᠵᠦ ᠮᠠᠯᠴᠢᠨ ᠲᠦᠮᠡᠨ ᠲᠠᠢ ᠶᠠᠷᠢᠯᠴᠠᠵᠤ ᠪᠠᠢᠭ᠎ᠠ ᠦᠵᠡᠭᠳᠡᠯ᠎ᠤᠳ᠎ᠢ ᠦᠵᠡᠭᠡᠳ ᠲᠠᠷᠠ ᠪᠠᠷ ᠮᠠᠰᠢ ᠶᠡᠬᠡ ᠰᠡᠳᠬᠢᠯ ᠳᠣᠭᠳᠣᠯᠵᠠᠢ᠃ ᠲᠡᠭᠡᠭᠡᠳ ᠪᠤᠳᠤᠯ᠎ᠳᠠᠭᠠᠨ ᠤᠯᠠᠨ ᠲᠠᠭᠢᠨ ᠲᠤᠩᠭᠠᠨ ᠰᠡᠳᠬᠢᠵᠦ᠂ ᠴᠠᠭ ᠬᠠᠭᠠᠰ ᠳᠣᠲᠣᠷ᠎ᠠ ᠳᠠᠭᠤᠤ ᠵᠢᠨ ᠵᠢᠡᠨ ᠦᠭᠡ ᠶ᠋ᠢ  ᠪᠢᠴᠢᠵᠦ  ᠭᠠᠷᠭᠠᠭᠰᠠᠨ ᠪᠠᠢᠨ᠎ᠠ᠃

《ᠡᠨᠡ ᠳᠠᠭᠤᠤ ᠪᠡᠨ 〈ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠬᠤ〉 ᠭᠡᠵᠦ ᠭᠠᠷᠴᠠᠬᠯᠠᠬᠰᠠᠨ᠃ ᠡᠨᠡ ᠪᠣᠯ ᠡᠬᠡ ᠤᠯᠤᠰ᠎ᠤᠨ ᠬᠢᠯᠢ ᠬᠢᠵᠠᠭᠠᠷ ᠵᠢᠡᠨ ᠰᠠᠢᠲᠤᠷ ᠰᠠᠬᠢᠨ ᠬᠠᠮᠠᠭᠠᠯᠠᠵᠤ᠂ ᠡᠯ᠎ᠡ ᠦᠨᠳᠦᠰᠦᠲᠡᠨ᠎ᠤ ᠺᠠᠳ᠋ᠷ ᠤᠯᠠᠨ ᠲᠦᠮᠡᠨ᠎ᠢ ᠬᠠᠷᠢᠯᠴᠠᠨ ᠪᠡᠶ᠎ᠡ ᠪᠡᠶ᠎ᠡ ᠪᠠᠨ ᠬᠠᠪᠰᠤᠷᠤᠯᠴᠠᠵᠤ ᠰᠠᠢᠨ ᠰᠠᠢᠬᠠᠨ ᠭᠡᠷ ᠣᠷᠣᠨ ᠵᠢᠡᠨ ᠬᠠᠮᠲᠤ ᠪᠠᠷ ᠪᠠᠢᠭᠤᠯᠵᠤ ᠬᠠᠮᠲᠤᠪᠠᠷ ᠲᠠᠪᠰᠢᠭᠠᠷᠠᠢ ᠭᠡᠰᠡᠨ ᠶᠡᠷᠦᠩᠬᠡᠢ ᠱᠦᠵᠢ ᠰᠢ ᠵᠢᠨ ᠫᠢᠩ᠎ᠤᠨ ᠴᠢᠩ ᠰᠡᠳᠬᠢᠯ᠎ᠤᠨ ᠨᠠᠢᠳᠠᠯᠭ᠎ᠠ᠂ ᠮᠥᠨ ᠴᠸ᠋ ᠥᠪᠥᠷ ᠮᠣᠩᠭᠣᠯ᠎ᠳᠤ ᠲᠠᠯᠪᠢᠭ᠍ᠰᠠᠨ ᠱᠠᠭᠠᠷᠳᠠᠯᠭ᠎ᠠ ᠪᠢᠯᠡ》 ᠭᠡᠵᠦ ᠰᠤᠷᠲᠠᠯᠲᠤ ᠭᠤᠸᠠᠢ ᠶᠠᠷᠢᠨ᠎ᠠ᠃

《2014 ᠣᠨ᠎ᠤ 3 ᠰᠠᠷ᠎ᠠ ᠵᠢᠨ 7᠎ᠤ᠋ ᠡᠳᠦᠷ ᠪᠠᠢᠵᠤ ᠪᠢᠯᠡ᠃ ᠰᠤᠷᠲᠠᠯᠲᠤ ᠭᠤᠸᠠᠢ ᠭᠡᠨᠡᠳᠲᠡ ᠨᠠᠳᠠ ᠲᠠᠢ ᠬᠠᠷᠢᠯᠴᠠᠵᠤ ᠠᠶ᠎ᠠ ᠲᠠᠭᠠᠷᠠᠭᠤᠯᠤᠭᠠᠳ ᠥᠭᠭᠦᠭᠡᠷᠡᠢ ! ᠭᠡᠵᠦ 〈ᠠᠯᠪᠠ ᠲᠤᠯᠭᠠᠪᠠ〉》 ᠭᠡᠵᠦ ᠰᠢᠨᠵᠢᠯᠲᠦ ᠡᠷᠬᠢᠴᠡᠬᠦᠯᠤᠨ᠎ᠠ᠃ ᠶᠡᠷᠦᠩᠬᠡᠢ ᠱᠦᠵᠢ ᠵᠢᠨ ᠥᠪᠥᠷ ᠮᠣᠩᠭᠣᠯ᠎ᠳᠤ ᠰᠢᠨᠵᠢᠯᠡᠨ ᠪᠠᠢᠴᠠᠭᠠᠬᠤ ᠦᠶ᠎ᠡ ᠵᠢᠨ ᠠᠬᠤᠢ ᠲᠠᠯᠠᠪᠠᠢ᠎ᠶᠢᠨ ᠸᠢᠳᠢᠤ᠋ ᠪᠢᠴᠢᠯᠭᠡ ᠶ᠋ᠢ ᠲᠠᠷᠠ ᠬᠡᠳᠦᠨ ᠡᠳᠦᠷ ᠲᠠᠭᠢᠨ ᠳᠠᠪᠲᠠᠨ ᠦᠵᠡᠪᠡ᠃ ᠦᠵᠡᠭᠳᠡᠯ ᠪᠣᠯᠭᠠᠨ ᠨᠢ ᠲᠡᠭᠦᠨ᠎ᠦ ᠰᠡᠳᠬᠢᠯ᠎ᠤᠨ ᠬᠥᠪᠴᠢ ᠶ᠋ᠢ ᠳᠣᠷᠭᠢᠭᠤᠯᠵᠤ᠂ ᠶᠠᠷᠢᠶ᠎ᠠ ᠪᠣᠯᠭᠠᠨ ᠨᠢ ᠤᠷᠠᠯᠢᠭ᠋᠎ᠤᠨ ᠣᠩᠭᠣᠳ᠎ᠢ ᠨᠢ ᠳᠠᠯᠠᠯᠵᠤ ᠪᠠᠢᠯ᠎ᠠ᠃ 《ᠵᠣᠬᠢᠶᠠᠨ ᠲᠤᠭᠤᠷᠪᠢᠬᠤ᠎ᠳᠤ ᠣᠩᠭᠣᠳ ᠬᠡᠷᠡᠭᠲᠡᠢ ᠭᠡᠳᠡᠭ᠃ ᠠᠶ᠎ᠠ ᠪᠢᠴᠢᠬᠦ ᠡᠭᠦᠷᠭᠡ ᠶ᠋ᠢ ᠳᠤᠰᠤᠭᠰᠠᠨ᠎ᠤ ᠳᠥᠷᠪᠡᠳᠦᠭᠡᠷ ᠡᠳᠦᠷ ᠲᠤᠨᠢ ᠪᠠᠷᠤᠭ ᠯᠡ ᠨᠢᠭᠡᠯᠡ ᠠᠮᠢᠰᠬᠤᠭ᠎ᠡ ᠪᠠᠷ ᠪᠢᠴᠢᠵᠦ᠂ ᠨᠣᠲ᠎ᠢ ᠨᠢ ᠬᠠᠭᠤᠯᠵᠤ ᠪᠢᠴᠢᠬᠦ ᠲᠠᠢ ᠪᠠᠨ ᠲᠦᠷᠪᠡᠨ ᠴᠠᠭ ᠬᠡᠷᠡᠭᠰᠡᠵᠦ᠂ ᠪᠢᠴᠢᠵᠦ ᠭᠠᠷᠭᠠᠭᠰᠠᠨ ᠲᠠᠷᠠ ᠳᠠᠷᠤᠢ᠎ᠳᠤ ᠰᠤᠷᠲᠠᠯᠲᠤ ᠭᠤᠸᠠᠢ᠎ᠳᠤ ᠢᠯᠡᠭᠡᠭᠰᠡᠨ ᠶᠤᠮ》 ᠭᠡᠵᠦ ᠲᠡᠷᠡ ᠪᠠᠷ ᠶᠠᠷᠢᠵᠤ ᠪᠢᠯᠡ᠃

ᠳᠠᠭᠤᠤ ᠵᠢᠨ ᠨᠣᠲ᠎ᠢ ᠳᠤᠰᠤᠭᠰᠠᠨ ᠳᠠᠷᠤᠢ  ᠰᠤᠷᠲᠠᠯᠲᠤ  ᠲᠦᠩᠯᠢᠶᠣᠣ ᠬᠤᠲᠠ ᠵᠢᠨ ᠳᠠᠭᠤᠤ ᠬᠥᠭᠵᠢᠮ᠎ᠤᠨ ᠪᠦᠯᠭᠦᠮ᠎ᠤᠨ ᠲᠣᠭᠯᠠᠭ᠍ᠴᠢ ᠰᠤᠷᠤᠨ᠎ᠡ ᠲᠠᠢ ᠬᠠᠷᠢᠯᠴᠠᠵᠤ ᠰᠢᠩᠭᠡᠬᠡᠨ ᠦᠢᠯᠡᠳᠬᠦ ᠠᠵᠢᠯ᠎ᠢᠶᠠᠨ ᠡᠬᠢᠯᠡᠭᠦᠯᠵᠦ᠂ 2014 ᠣᠨ᠎ᠤ 4 ᠰᠠᠷ᠎ᠠ ᠵᠢᠨ ᠡᠬᠢ ᠪᠠᠷ ᠲᠤᠰ ᠳᠠᠭᠤᠤ ᠤᠯᠠᠨ ᠨᠠᠢᠳᠠ ᠲᠠᠢ ᠵᠤᠯᠭᠠᠯ᠎ᠠ᠃

ᠰᠢᠨ᠎ᠡ ᠲᠤᠮᠳᠠᠳᠤ ᠤᠯᠤᠰ ᠪᠠᠢᠭᠤᠯᠤᠭᠳᠠᠭᠰᠠᠨ 75 ᠵᠢᠯ᠎ᠤᠨ ᠤᠢ ᠶ᠋ᠢ ᠪᠡᠯᠭᠡᠯᠡᠵᠦ᠂ ᠥᠪᠥᠷ ᠮᠣᠩᠭᠣᠯ᠎ᠤᠨ ᠡᠳᠦᠷ᠎ᠤᠨ ᠰᠣᠨᠢᠨ᠎ᠦ ᠮᠣᠩᠭᠣᠯ ᠪᠦᠷᠢᠨ ᠵᠠᠭᠤᠴᠢᠯᠠᠭᠤᠷ《ᠤᠮᠠᠷᠠᠲᠤ ᠬᠢᠯᠢ ᠵᠢᠨ ᠳᠠᠭᠤᠯᠠᠯ》ᠰᠢᠷᠢᠰ ᠮᠡᠳᠡᠭᠡᠯᠡᠯ᠎ᠢ ᠤᠬᠠᠭᠠᠯᠠᠨ ᠳᠥᠰᠥᠪᠯᠡᠬᠥ ᠳ᠋ᠡᠭᠡᠨ ᠲᠤᠰ ᠳᠠᠭᠤᠤ ᠶ᠋ᠢ ᠰᠡᠭᠦᠯ ᠬᠤᠷᠢᠶᠠᠬᠤ ᠳᠠᠭᠤᠤ ᠵᠢᠨ ᠬᠤᠪᠢ ᠪᠠᠷ ᠲᠤᠰᠬᠠᠢᠯᠠᠨ ᠰᠣᠩᠭᠣᠨ ᠣᠷᠣᠭᠤᠯᠵᠤ᠂ ᠦᠭᠡ ᠶ᠋ᠢ ᠨᠢ ᠣᠷᠴᠢᠭᠤᠯᠤᠭᠰᠠᠨ ᠪᠠᠢᠨ᠎ᠠ᠃ 《ᠳᠠᠭᠤᠤ ᠵᠢᠨ ᠦᠭᠡ ᠭᠡᠳᠡᠭ ᠥᠪᠡᠷ ᠵᠢᠡᠨ ᠠᠶ᠎ᠠ ᠪᠠᠨ ᠳᠠᠭᠠᠭᠤᠯᠵᠤ ᠪᠠᠢᠳᠠᠭ ᠭᠡᠳᠡᠭ᠃ ᠨᠢᠭᠡ ᠲᠠᠯ᠎ᠠ ᠪᠠᠷ ᠳᠠᠭᠤᠤ ᠵᠢᠨ ᠬᠢᠨᠢ ᠠᠢᠵᠠᠮ ᠴᠣᠬᠢᠯᠭ᠎ᠠ᠂ ᠭᠡᠮ ᠵᠣᠬᠢᠴᠠᠯ᠎ᠢ ᠪᠤᠳᠤᠵᠤ᠂ ᠨᠦᠭᠦᠭᠡ ᠲᠠᠯ᠎ᠠ ᠪᠠᠷ ᠤᠭ ᠳᠠᠭᠤᠤ ᠵᠢᠨ ᠭᠣᠣᠯ ᠤᠳᠬ᠎ᠠ ᠰᠠᠨᠠᠭ᠎ᠠ ᠶ᠋ᠢ ᠨᠢ ᠪᠠᠷᠢᠵᠤ〈ᠮᠥᠩᠬᠡ ᠵᠢᠨ ᠰᠠᠬᠢᠶ᠎ᠠ〉 ᠭᠡᠵᠦ ᠭᠠᠷᠴᠠᠭᠯᠠᠭᠠᠳ᠂  ᠴᠠᠭᠠᠰᠢ ᠪᠠᠨ ᠦᠰᠦᠭ ᠳᠠᠷᠠᠭᠠᠯᠠᠭᠰᠠᠨ ᠪᠤᠰᠤ᠂ ᠮᠥᠷ ᠳᠠᠷᠠᠭᠠᠯᠠᠭᠰᠠᠨ ᠴᠸ᠋ ᠪᠤᠰᠤ᠂ ᠪᠠᠳᠠᠭ ᠵᠢᠡᠷ ᠨᠢᠭᠡᠴᠢ ᠪᠤᠯᠭᠠᠵᠦ ᠣᠷᠴᠢᠭᠤᠯᠤᠭᠠᠳ ᠤᠤᠯ ᠳᠠᠭᠤᠤ ᠵᠢᠨ ᠲᠦᠷᠪᠠᠨ ᠮᠥᠷ᠎ᠲᠤ ᠬᠠᠷᠠᠭᠤᠯᠤᠭᠰᠠᠨ ᠤᠳᠬ᠎ᠠ ᠰᠠᠨᠠᠭ᠎ᠠ ᠨᠢ ᠮᠢᠨᠤ ᠣᠷᠴᠢᠭᠤᠯᠵᠤ ᠭᠠᠷᠭᠠᠭᠰᠠᠨ ᠲᠦᠷᠪᠠᠨ ᠮᠥᠷ ᠲᠸ᠋ ᠪᠦᠷᠢᠨ ᠤᠨᠤᠪᠴᠢᠳᠠᠢ ᠲᠤᠰᠬᠠᠭᠳᠠᠭᠰᠠᠨ ᠤᠤ ᠦᠭᠡᠢ ᠤᠤ ᠭᠡᠰᠡᠨ᠎ᠢ ᠶᠡᠬᠡᠳᠡ ᠬᠢᠴᠢᠶᠡᠭᠰᠡᠨ》 ᠭᠡᠵᠦ ᠥᠪᠥᠷ ᠮᠣᠩᠭᠣᠯ᠎ᠤᠨ ᠡᠳᠦᠷ᠎ᠤᠨ ᠰᠣᠨᠢᠨ᠎ᠦ ᠬᠣᠷᠢᠶ᠎ᠠ ᠵᠢᠨ  ᠬᠢᠨᠠᠨ ᠤᠷᠴᠢᠭᠤᠯᠤᠭ᠍ᠴᠢ  ᠎ᠳ᠋᠊·ᠪᠣᠯᠣᠳ ᠲᠤᠰ ᠳᠠᠭᠤᠤ ᠵᠢᠨ ᠦᠭᠡ ᠶ᠋ᠢ ᠣᠷᠴᠢᠭᠤᠯᠤᠭᠰᠠᠨ ᠲᠤᠬᠠᠢ ᠪᠡᠨ ᠶᠠᠷᠢᠵᠤ ᠪᠠᠢᠯ᠎ᠠ ᠃

ᠥᠪᠥᠷ ᠮᠣᠩᠭᠣᠯ᠎ᠤᠨ 2400 ᠭᠠᠷᠤᠢ ᠲᠦᠮᠡᠨ ᠡᠯ᠎ᠡ ᠦᠨᠳᠦᠰᠦᠲᠡᠨ᠎ᠦ ᠠᠷᠠᠳ ᠲᠦᠮᠡᠨ《ᠮᠥᠩᠬᠡ ᠵᠢᠨ ᠰᠠᠬᠢᠶ᠎ᠠ》 ᠪᠡᠨ ᠪᠠᠲᠦ ᠵᠢᠷᠤᠮᠯᠠᠨ᠂ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠠᠨᠠᠷ᠎ᠤᠨ ᠦᠷ᠎ᠡ ᠮᠡᠲᠦ ᠨᠢᠭ᠍ᠲᠠᠷᠠᠨ ᠪᠦᠯᠬᠦᠮᠳᠡᠭᠡᠳ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠭᠦ ᠲᠠᠯ᠎ᠠ ᠪᠠᠷ ᠪᠦᠲᠦᠭᠡᠨ ᠪᠠᠢᠭᠤᠯᠵᠤ᠂ ᠲᠠᠪᠤᠨ ᠶᠡᠬᠡ ᠡᠭᠦᠷᠭᠡ ᠶ᠋ᠢ ᠴᠢᠷᠮᠠᠢᠨ ᠪᠡᠶᠡᠯᠡᠭᠦᠯᠵᠦ᠂ ᠲᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠵᠢᠨ ᠥᠪᠥᠷ ᠮᠣᠩᠭᠣᠯ᠎ᠤᠨ ᠰᠢᠨ᠎ᠡ ᠬᠠᠭᠤᠳᠠᠰᠤ ᠶ᠋ᠢ ᠪᠢᠴᠢᠭᠯᠡᠨᠡᠮ᠃

ᠦᠨᠡᠯᠡᠯᠲᠡ —

ᠴᠠᠭᠠᠨ (ᠤᠯᠤᠰ᠎ᠤᠨ ᠨᠢᠭᠡᠳᠦᠭᠡᠷ ᠲᠠᠰ᠎ᠤᠨ ᠬᠥᠭᠵᠢᠮ᠎ᠤᠨ ᠵᠣᠬᠢᠶᠠᠯᠴᠢ᠂ ᠰᠢᠮᠫᠤᠨᠢ ᠨᠠᠢᠷᠠᠯ ᠬᠥᠭᠵᠢᠮ᠎ᠤᠨ ᠤᠳᠤᠷᠢᠳᠤᠭᠠᠴᠢ)

《ᠮᠥᠩᠬᠡ ᠵᠢᠨ ᠰᠠᠬᠢᠶ᠎ᠠ》 ᠭᠡᠬᠦ ᠳᠠᠭᠤᠤ ᠶ᠋ᠢ ᠤᠯᠤᠰ ᠲᠦᠷᠦ ᠵᠢᠨ ᠪᠠᠷᠢᠮᠵᠢᠶ᠎ᠠ᠂ ᠤᠷᠠᠯᠢᠭ᠋᠎ᠤᠨ ᠪᠠᠷᠢᠮᠵᠢᠶ᠎ᠠ ᠠᠯᠢ ᠠᠯᠢ ᠪᠠᠷ ᠨᠢ ᠠᠪᠴᠤ ᠦᠵᠡᠭᠰᠡᠨ ᠴᠸ᠋ ᠪᠦᠷ ᠥᠨᠳᠥᠷ ᠲᠦᠪᠰᠢᠨ᠎ᠳᠤ ᠭᠦᠷᠦᠭᠰᠡᠨ ᠰᠢᠯᠢᠳᠡᠭ ᠰᠠᠢᠬᠠᠨ ᠤᠷᠠᠨ ᠪᠦᠲᠦᠭᠡᠯ ᠪᠣᠯᠣᠨ᠎ᠠ᠂ ᠵᠠᠰᠠᠭ᠎ᠤᠨ ᠣᠷᠳᠣᠨ᠎ᠦ 《ᠲᠠᠪᠤᠨ ᠨᠢᠭᠡ ᠵᠢᠨ ᠢᠨᠵᠧᠨᠧᠷᠢᠩ》 ᠎ᠤ᠋ᠨ ᠱᠠᠩᠨᠠᠯ ᠬᠦᠷᠳᠡᠵᠦ᠂ ᠠᠷᠪᠠᠨ ᠵᠢᠯ᠎ᠤᠨ ᠲᠤᠷᠰᠢ ᠠᠷᠠᠳ ᠲᠦᠮᠡᠨ᠎ᠦ ᠳᠤᠮᠳᠠ ᠮᠠᠰᠢ ᠥᠷᠭᠡᠨ ᠬᠡᠪᠴᠢᠶ᠎ᠡ ᠪᠠᠷ ᠤᠶᠠᠩᠭᠠᠯᠠᠨ ᠳᠠᠭᠤᠯᠠᠭᠳᠠᠵᠤ ᠪᠠᠢᠭ᠎ᠠ ᠨᠢ ᠡᠭᠦᠨ᠎ᠢ ᠭᠡᠷᠡᠴᠢᠯᠡᠨ᠎ᠡ᠃ ᠠᠷᠠᠳ ᠲᠦᠮᠡᠨ᠎ᠦ ᠠᠮᠢᠳᠤᠷᠠᠯ᠎ᠤᠨ ᠢᠲᠡᠭᠡᠯ ᠵᠣᠷᠢᠭ᠋᠎ᠢ ᠢᠪᠡᠭᠡᠨ ᠲᠡᠳᠬᠦᠵᠦ᠂ ᠠᠷᠠᠳ ᠲᠦᠮᠡᠨ᠎ᠦ ᠬᠦᠰᠡᠯ ᠱᠠᠭᠠᠷᠳᠠᠯᠭ᠎ᠠ ᠶ᠋ᠢ ᠦᠨᠡᠨ ᠶᠣᠰᠣᠭᠠᠷ ᠢᠯᠡᠳᠬᠡᠵᠦ᠂ ᠠᠭᠤᠤ ᠨᠠᠮ᠎ᠤᠨ ᠵᠢᠭᠠᠪᠤᠷᠢ ᠶ᠋ᠢ ᠴᠤᠤᠷᠢᠶᠠᠲᠤᠨ ᠲᠠᠭᠠᠵᠦ ᠤᠷᠢᠶᠠᠯᠠᠨ ᠤᠬᠠᠭᠤᠯᠵᠤ᠂ ᠡᠯ᠎ᠡ ᠦᠨᠳᠦᠰᠦᠲᠡᠨ᠎ᠦ ᠪᠦᠯᠬᠦᠮᠳᠡᠯ ᠨᠢᠭ᠍ᠲᠠᠷᠠᠯ᠎ᠢ ᠬᠥᠪᠴᠢᠯᠡᠭᠰᠡᠨ ᠳᠠᠭᠤᠤ᠃

ᠠᠯᠳᠠᠷ —

2015 ᠣᠨ᠎ᠳᠤ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ 《ᠲᠠᠪᠤᠨ ᠨᠢᠭᠡ ᠵᠢᠨ ᠢᠨᠵᠧᠨᠧᠷᠢᠩ》 ᠤ᠋ᠨ ᠱᠠᠩᠨᠠᠯ᠎ᠢ ᠬᠦᠷᠲᠡᠵᠡᠢ; 2016 ᠤᠨ᠎ᠳᠤ ᠲᠥᠪ ᠲᠸᠯᠸᠢᠰ᠎ᠤᠨ ᠴᠠᠭᠠᠨ ᠰᠠᠷ᠎ᠠ ᠵᠢᠨ ᠦᠳᠡᠰᠢᠯᠡᠭᠡ᠎ᠳᠤ ᠰᠤᠡᠭᠭᠤᠬᠳᠠᠵᠠᠢ;2017 ᠤᠨ᠎ᠳᠤ ᠦᠪᠡᠷᠳᠡᠭᠡᠨ ᠵᠠᠰᠠᠬᠤ ᠤᠷᠤᠨ ᠪᠠᠢᠭᠤᠯᠤᠭᠳᠠᠭᠰᠠᠨ 70 ᠵᠢᠯ᠎ᠤᠨ ᠤᠢ ᠵᠢ ᠪᠡᠯᠭᠡᠯᠡᠬᠦ ᠨᠠᠢᠷ ᠲᠦ᠍ ᠰᠣᠩᠭᠣᠭᠳᠠᠪᠠ᠃


QQ20241127-101301.png

ᠠᠭᠠᠷ ᠲᠡᠭᠷᠢ᠎ᠳᠡᠭᠡᠨ ᠰᠢᠪᠠᠭᠤᠳ ᠨᠢ ᠳᠣᠩᠭᠣᠳᠤᠭᠰᠠᠨ

ᠠᠯᠤᠰ᠎ᠤᠨ ᠬᠦᠰᠡᠯ᠎ᠳᠡᠭᠡᠨ ᠵᠢᠭᠦᠷ ᠵᠢᠡᠨ ᠳᠡᠯᠭᠡᠭᠰᠡᠨ

ᠠᠲᠠᠷ ᠲᠠᠯ᠎ᠠ᠎ᠳᠠᠭᠠᠨ ᠨᠠᠷᠠᠨ ᠨᠢ ᠳᠤᠯᠠᠢᠭᠰᠠᠨ

ᠠᠮᠤᠭᠤᠯᠠᠩᠲᠤ ᠨᠤᠲᠤᠭ ᠮᠢᠨᠢ ᠵᠢᠷᠭᠠᠯ ᠵᠢᠡᠷ ᠴᠠᠯᠭᠢᠯᠠᠭᠰᠠᠨ

ᠠᠢ ᠭᠦ

ᠠᠭᠤᠳᠠᠮ ᠲᠠᠯ᠎ᠠ ᠮᠢᠨᠢ ᠦᠨᠳᠦᠰᠦ ᠪᠠᠷ ᠵᠢᠡᠨ ᠬᠤᠯᠪᠤᠭ᠎ᠡ ᠲᠠᠢ

ᠠᠭᠤᠯᠠ ᠨᠢᠷᠤᠭᠤᠳ ᠮᠢᠨᠢ ᠤᠷᠤᠰᠬᠠᠯ ᠵᠢᠡᠷ ᠵᠢᠡᠨ ᠬᠤᠯᠪᠤᠭ᠎ᠡ ᠲᠠᠢ

ᠦᠨᠳᠦᠰᠦᠲᠡᠨ ᠪᠦᠭᠦᠨ ᠮᠢᠨᠢ ᠰᠡᠳᠬᠢᠯ ᠵᠢᠡᠷ ᠵᠢᠡᠨ ᠬᠤᠯᠪᠤᠭ᠎ᠡ ᠲᠠᠢ

ᠥᠷᠯᠥᠭ ᠲᠦᠷᠦ ᠮᠢᠨᠢ ᠮᠥᠩᠬᠡ ᠵᠢᠨ ᠰᠠᠬᠢᠶ᠎ᠠ ᠲᠠᠢ

ᠲᠠᠨᠠᠨ ᠦᠷᠭᠦᠭᠡᠳ ᠮᠢᠨᠢ ᠵᠡᠭᠦᠳᠦ ᠪᠠᠨ ᠮᠠᠨᠠᠭᠰᠠᠨ

ᠲᠠᠷᠬᠠᠨ ᠬᠢᠯᠢ ᠮᠢᠨᠢ ᠰᠠᠷᠠᠨ ᠨᠢ ᠲᠡᠷᠭᠡᠯᠰᠢᠭᠰᠡᠨ

ᠣᠮᠣᠭᠯᠠᠩ ᠭᠦᠯᠦᠭ᠎ᠤᠳ ᠮᠢᠨᠢ ᠨᠤᠲᠤᠭ ᠵᠢᠡᠨ ᠮᠠᠨᠠᠭᠰᠠᠨ

ᠤᠮᠠᠷᠠᠲᠤ ᠬᠢᠵᠠᠭᠠᠷ ᠮᠢᠨᠢ ᠦᠵᠡᠮᠵᠢ ᠪᠦᠷᠢᠳᠦᠭᠰᠡᠨ

ᠠᠢ ᠭᠦ

ᠠᠭᠤᠳᠠᠮ ᠲᠠᠯ᠎ᠠ ᠮᠢᠨᠢ ᠦᠨᠳᠦᠰᠦ ᠪᠠᠷ ᠵᠢᠡᠨ ᠬᠤᠯᠪᠤᠭ᠎ᠡ ᠲᠠᠢ

ᠠᠭᠤᠯᠠ ᠨᠢᠷᠤᠭᠤᠳ ᠮᠢᠨᠢ ᠤᠷᠤᠰᠬᠠᠯ ᠵᠢᠡᠷ ᠵᠢᠡᠨ ᠬᠤᠯᠪᠤᠭ᠎ᠡ ᠲᠠᠢ

ᠦᠨᠳᠦᠰᠦᠲᠡᠨ ᠪᠦᠭᠦᠨ ᠮᠢᠨᠢ ᠰᠡᠳᠬᠢᠯ ᠵᠢᠡᠷ ᠵᠢᠡᠨ ᠬᠤᠯᠪᠤᠭ᠎ᠡ ᠲᠠᠢ

ᠥᠷᠯᠥᠭ ᠲᠦᠷᠦ ᠮᠢᠨᠢ ᠮᠥᠩᠬᠡ ᠵᠢᠨ ᠰᠠᠬᠢᠶ᠎ᠠ ᠲᠠᠢ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号