ᠥᠨᠢ ᠮᠥᠩᠬᠡ ᠶ᠋ᠢᠨ ᠤᠯᠠᠭᠠᠨᠮᠥ᠋ᠴᠢᠷ
2024-11-27 10:23:47
ᠵᠣᠬᠢᠶᠠᠭ᠍ᠴᠢ᠄
ᠬᠦᠰᠡᠯᠡᠩ ᠰᠢᠶᠠᠩ ᠲᠤᠤ ᠬᠦᠨᠪᠢᠯᠢᠭ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ —

ᠵᠤᠭᠢᠶᠠᠨ ᠪᠦᠳᠦᠭᠡᠭᠰᠡᠨ ᠴᠠᠭ  ᠄  2017  ᠤᠨ

ᠦᠭᠡ  ᠄   ᠶᠤ·ᠡᠷᠳᠡᠨᠢᠲᠣᠭ᠍ᠲᠠᠬᠤ

ᠠᠶ᠎ᠠ ᠄ ᠬᠡ᠊· ᠰᠡᠴᠡᠨᠳᠦ

ᠵᠤᠭᠢᠶᠠᠨ ᠪᠦᠳᠦᠭᠡᠭᠰᠡᠨ ᠭᠡᠯᠪᠡᠷᠢ ᠄ ᠠᠶ᠎ᠠ ᠵᠢ ᠨᠢ ᠤᠷᠢᠳ ᠵᠢᠡᠷ ᠵᠤᠭᠢᠶᠠᠵᠤ᠂ ᠳᠠᠷᠠᠭ᠎ᠠ ᠨᠢ ᠦᠭᠡ ᠳᠠᠭᠠᠷᠠᠭᠤᠯᠵᠠᠢ

ᠠᠶ᠎ᠠ ᠵᠢᠨ ᠤᠨᠴᠠᠯᠢᠭ ᠄ 3/4 ᠵᠢᠨ ᠴᠣᠬᠢᠯᠭ᠎ᠠ ᠪᠡᠷ ᠪᠢᠴᠢᠭ᠌ᠳᠡᠭ᠌ᠰᠡᠨ ᠪᠤᠯᠬᠤᠷ ᠴᠣᠭ᠍ᠯᠢᠭ ᠬᠡᠪ ᠨᠠᠮᠪᠠ ᠲᠠᠢ

ᠳᠠᠭᠤᠤ ᠵᠢᠨ ᠳᠦᠷᠦᠯ ᠄ ᠵᠤᠭᠢᠶᠠᠯ ᠎ᠤᠨ   ᠲᠠᠭᠤᠤ

ᠦᠯᠢᠭᠡᠷ —

1957 ᠣᠨ᠎ᠤ 6 ᠰᠠᠷ᠎ᠠ᠎ᠶ᠋ᠢᠨ 17 ᠤ᠋ ᠡᠳᠦᠷ᠂ ᠥᠪᠥᠷ ᠮᠣᠩᠭᠣᠯ᠎ᠤᠨ  ᠤᠤᠭᠠᠨ ᠤᠯᠠᠭᠠᠨᠮᠥ᠋ᠴᠢᠷ ᠱᠢᠯᠢ᠎ᠶ᠋ᠢᠨ ᠭᠣᠣᠯ ᠠᠢᠮᠠᠭ᠎ᠤᠨ ᠰᠥᠨᠢᠳ ᠪᠠᠷᠠᠭᠤᠨ ᠬᠣᠱᠢᠭᠤᠨ᠎ᠳᠤ ᠪᠠᠢᠭᠤᠯᠤᠭ᠍ᠳᠠᠵᠠᠢ᠃ ᠡᠨᠡ ᠬᠦ᠌ ᠴᠠᠭ ᠦᠶ᠎ᠠ ᠪᠤᠯ ᠰᠢᠨ᠎ᠠ ᠳᠤᠮᠳᠠᠳᠦ ᠤᠯᠤᠰ ᠪᠠᠢᠭᠤᠯᠤᠭᠳᠠᠭᠰᠠᠨ᠎ᠤ ᠳᠠᠷᠠᠭ᠎ᠠ ᠨᠠᠮ᠎ᠤᠨ ᠵᠦᠪ ᠤᠨᠤᠪᠴᠢᠳᠠᠢ ᠤᠳᠤᠷᠢᠳᠤᠯᠭ᠎ᠠ ᠳᠤᠤᠷ᠎ᠠ ᠦᠪᠦᠷ ᠮᠤᠩᠭᠤᠯ᠎ᠤᠨ ᠡᠯ᠎ᠡ ᠳᠠᠯ᠎ᠠ ᠵᠢᠨ ᠠᠵᠢᠯ ᠳᠦᠷᠭᠡᠨ ᠬᠦᠭᠵᠢᠵᠦ᠂ ᠡᠯ᠎ᠡ ᠦᠨᠳᠦᠰᠦᠳᠡᠨ᠎ᠤ ᠠᠷᠠᠳ ᠳᠦᠮᠡᠨ ᠡᠷᠭᠡ ᠴᠢᠯᠦᠭᠡᠳᠠᠢ᠂ ᠵᠢᠷᠭᠠᠯᠳᠦ ᠠᠮᠢᠳᠤᠷᠠᠯ ᠵᠢᠡᠨ ᠴᠤᠭᠴᠠᠯᠠᠵᠦ ᠪᠠᠢᠭᠰᠠᠨ  ᠶᠤᠮ᠃ ᠭᠡᠪᠡᠴᠦ ᠦᠪᠦᠷ ᠮᠤᠩᠭᠤᠯ ᠤᠷᠤᠨ᠎ᠤ ᠭᠠᠵᠠᠷ ᠠᠭᠤᠳᠠᠮ᠂ ᠬᠦᠮᠦᠨ ᠴᠦᠭᠡᠨ᠂ ᠵᠠᠮ ᠬᠠᠷᠢᠯᠴᠠᠭ᠎ᠠ ᠳᠦᠬᠦᠮ ᠦᠭᠡᠢ ᠵᠡᠷᠭᠡ ᠰᠢᠯᠳᠠᠭᠠᠨ ᠡᠴᠡ ᠪᠤᠯᠵᠦ᠂ ᠬᠦᠳᠡᠭᠡ ᠳᠤᠰᠬᠤᠨ ᠮᠠᠯᠵᠢᠬᠤ ᠤᠷᠤᠨ᠎ᠳᠦ ᠨᠠᠮ᠎ᠤᠨ ᠴᠢᠭᠯᠡᠯᠳᠡ ᠳᠦᠷᠦ ᠵᠢᠨ ᠪᠤᠳᠤᠯᠭ᠎ᠠ ᠵᠢ ᠤᠬᠠᠭᠤᠯᠬᠤ᠂ ᠤᠳᠬ᠎ᠠ ᠤᠷᠠᠯᠢᠭ᠎ᠤᠨ ᠪᠦᠳᠦᠭᠡᠯ᠎ᠢ ᠬᠦᠷᠭᠡᠬᠦ᠎ᠳᠦ ᠬᠦᠴᠢᠷᠳᠠᠯ ᠲᠠᠢ ᠪᠠᠢᠭᠰᠠᠨ ᠵᠢᠡᠷ《ᠤᠯᠠᠭᠠᠨᠮᠥ᠋ᠴᠢᠷ》 ᠭᠡᠬᠦ ᠦᠪᠦᠷ ᠮᠤᠩᠭᠤᠯ ᠤᠷᠤᠨ᠎ᠳᠦ ᠯᠡ ᠪᠠᠢᠳᠠᠭ ᠬᠤᠪᠢᠰᠬᠠᠯᠳᠦ ᠰᠤᠶᠤᠯ᠎ᠤᠨ ᠠᠵᠢᠯ᠎ᠤᠨ ᠠᠩᠬᠢ ᠪᠠᠢᠭᠤᠯᠤᠭᠳᠠᠭᠰᠠᠨ ᠨᠢ ᠦᠨᠳᠦᠰᠦᠨ ᠱᠠᠳᠤᠨ᠎ᠤ ᠤᠯᠠᠨ ᠳᠦᠮᠡᠨ᠎ᠤ ᠤᠶᠤᠨ᠎ᠤ ᠬᠦᠨᠡᠰᠦ ᠬᠦᠷᠳᠡᠬᠦ  ᠵᠠᠪᠰᠢᠶᠠᠨ ᠪᠤᠯᠵᠦ᠂ 2022 ᠤᠨ ᠪᠤᠯᠬᠤ᠎ᠳᠦ ᠪᠦᠬᠦ ᠤᠷᠤᠨ᠎ᠳᠦ ᠨᠢᠭᠡᠨᠳᠡ 75 ᠤᠯᠠᠭᠠᠨᠮᠦ᠋ᠴᠢᠷ  ᠳᠠᠢ  ᠪᠤᠯᠵᠠᠢ᠃

2017 ᠣᠨ᠎ᠤ 11 ᠰᠠᠷ᠎ᠠ᠎ᠶ᠋ᠢᠨ 21 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ  ᠰᠥᠨᠢᠳ  ᠪᠠᠷᠠᠭᠤᠨ ᠬᠣᠱᠢᠭᠤᠨ᠎ᠤ  ᠤᠯᠠᠭᠠᠨᠮᠥ᠋ᠴᠢᠷ᠎ᠦᠨ ᠭᠡᠱᠢᠭᠦᠳ᠎ᠲᠦ ᠬᠠᠷᠢᠭᠤ ᠵᠠᠬᠢᠳᠠᠯ ᠢᠯᠡᠭᠡᠵᠦ᠂ ᠥᠨᠢ ᠡᠭᠦᠷᠢᠳᠡ ᠲᠠᠯ᠎ᠠ ᠨᠤᠲᠤᠭ ᠎ᠤᠨ 《ᠬᠤᠪᠢᠰᠭᠠᠯᠲᠤ ᠤᠳᠭ᠎ᠠ ᠤᠷᠠᠯᠢᠭ᠎ᠤᠨ ᠬᠥᠩᠭᠡᠨ ᠮᠣᠷᠢᠲᠤ ᠴᠡᠷᠢᠭ》ᠪᠣᠯᠬᠤ᠎ᠶ᠋ᠢ ᠬᠦᠰᠡᠭᠰᠡᠨ  ᠪᠠᠢᠨ᠎ᠠ᠃  ᠶᠡᠷᠦᠩᠬᠡᠶ ᠱᠦᠵᠢ᠎ᠶ᠋ᠢᠨ ᠴᠢᠩ ᠰᠡᠳᠭᠢᠯ᠎ᠦᠨ ᠬᠦᠰᠡᠯ ᠨᠠᠢᠳᠠᠯᠭ᠎ᠠ ᠨᠢ ᠪᠥᠬᠥ᠌ ᠣᠷᠣᠨ᠎ᠤ ᠤᠯᠠᠭᠠᠨᠮᠥ᠋ᠴᠢᠷ᠎ᠦᠨ ᠭᠡᠱᠢᠭᠦᠳ  ᠴᠢᠨᠠᠭ᠍ᠰᠢᠯᠠᠨ  ᠪᠦᠬᠦ᠌ ᠣᠷᠣᠨ᠎ᠤ ᠤᠳᠭ᠎ᠠ ᠤᠷᠠᠯᠢᠭ᠎ᠤᠨ ᠠᠵᠢᠯᠲᠠᠳ᠎ᠤᠨ  ᠳᠤᠮᠳᠠ ᠬᠠᠯᠠᠭᠤᠨ ᠲᠤᠰᠭᠠᠯ ᠭᠠᠷᠴᠤ᠌᠂ ᠲᠠᠳᠠᠨ᠎ᠤ ᠵᠣᠬᠢᠶᠠᠨ  ᠪᠦᠳᠦᠭᠡᠯᠭᠡ᠎ᠶ᠋ᠢᠨ  ᠤᠷᠮ᠎ᠠ ᠵᠣᠷᠢᠭ᠎ᠢ  ᠬᠦᠪᠴᠢᠯᠡᠵᠦ᠂  ᠤᠯᠠᠭᠠᠨᠮᠥ᠋ᠴᠢᠷ ᠎ᠤᠨ  ᠲᠤᠬᠠᠢ ᠱᠢᠯᠦᠭ ᠳᠠᠭᠤᠤ ᠤᠷᠠᠨ ᠪᠦᠳᠦᠭᠡᠯ ᠤᠯᠠᠨ ᠵᠣᠬᠢᠶᠠᠭ᠍ᠳᠠᠪᠠ᠃  ᠲᠡᠭᠦᠨ᠎ᠦ  ᠨᠢᠭᠡ ᠨᠢ ᠨᠠᠷᠠᠲᠤ ᠮᠣᠷᠢᠨ ᠬᠤᠭᠤᠷᠴᠢᠨ᠂ ᠬᠥᠭ᠌ᠵᠢᠮ᠎ᠦᠨ ᠵᠣᠬᠢᠶᠠᠯᠴᠢ ᠰᠡᠴᠡᠨᠲᠦ ᠵᠢᠨ ᠠᠶ᠎ᠠ᠂ ᠢᠷᠠᠭᠤ ᠨᠠᠢᠷᠠᠭ᠍ᠴᠢ ᠶᠤ·ᠡᠷᠳᠡᠨᠢᠲᠣᠭ᠍ᠲᠠᠬᠤ᠎ᠶ᠋ᠢᠨ ᠱᠢᠯᠦᠭ ᠵᠢᠡᠷ ᠠᠮᠢᠯᠠᠭ᠍ᠰᠠᠨ《ᠥᠨᠢ  ᠮᠥᠩᠬᠡ ᠎ᠶ᠋ᠢᠨ ᠤᠯᠠᠭᠠᠨᠮᠥ᠋ᠴᠢᠷ》 ᠭᠡᠭᠦ ᠳᠠᠭᠤᠤ  ᠪᠣᠯᠣᠨ᠎ᠠ᠃

《2017 ᠣᠨ᠎ᠳᠤ ᠰᠡᠴᠡᠨᠲᠦ ᠨᠤᠲᠤᠭ᠎ᠤᠨ ᠎ᠢᠶᠠᠨ  ᠤᠯᠠᠭᠠᠨᠮᠥ᠋ᠴᠢᠷ ᠎ᠤᠨ ᠤᠷᠢᠯᠭ᠎ᠠ᠎ᠪᠠᠷ ᠰᠥᠨᠢᠳ ᠵᠡᠭᠦᠨ ᠬᠤᠰᠢᠭᠤᠨ᠎ᠳᠤ ᠠᠶ᠎ᠠ ᠬᠦᠭ᠌ᠵᠢᠮ᠎ᠦᠨ ᠵᠢᠯᠣᠭᠣᠳᠤᠯᠭ᠎ᠠ ᠬᠢᠵᠦ᠍ ᠪᠠᠢᠭ᠍ᠰᠠᠨ᠂ ᠲᠤᠬᠠᠢ ᠵᠢᠨ ᠦᠶ᠎ᠡ ᠎ᠶ᠋ᠢᠨ ᠰᠥᠨᠢᠳ ᠵᠡᠭᠦᠨ ᠬᠣᠱᠢᠭᠤᠨ ᠎ᠤ ᠤᠯᠠᠭᠠᠨᠮᠥ᠋ᠴᠢᠷ ᠎ᠤᠨ ᠳᠠᠷᠤᠭ᠎ᠠ ᠠᠯᠳᠠᠨᠳᠠᠯᠠᠢ ᠤᠯᠠᠭᠠᠨᠮᠥ᠋ᠴᠢᠷ᠎ᠦᠨ ᠲᠤᠬᠠᠢ ᠳᠠᠭᠤᠤ ᠵᠣᠬᠢᠶᠠᠵᠤ ᠥᠭ᠌ᠬᠦ ᠎ᠶ᠋ᠢ  ᠨᠠᠢᠳᠠᠵᠠᠢ᠃ ᠰᠡᠴᠡᠨᠲᠦ ᠨᠠᠳᠠ ᠲᠠᠢ ᠬᠤᠯᠪᠣᠭ᠍ᠳᠠᠨ ᠳᠠᠭᠤᠤ ᠎ᠶ᠋ᠢᠨ ᠠᠶ᠎ᠠ ᠪᠠᠨ ᠨᠠᠳᠠ ᠤᠷᠤᠭᠤ ᠢᠯᠡᠭᠡᠭ᠌ᠰᠡᠨ᠃  ᠠᠶᠠᠯᠭᠤ ᠎ᠶ᠋ᠢ ᠨᠢ ᠰᠣᠨᠣᠰᠭᠤ ᠎ᠳᠤ ᠰᠠᠨᠠᠭᠠᠨ ᠎ᠳᠤ ᠨᠡᠢᠴᠡᠭ᠌ᠰᠡᠨ ᠰᠠᠢᠬᠠᠨ ᠠᠶᠠᠯᠭᠤ ᠪᠠᠢᠯ᠎ᠠ᠃ ᠠᠶᠠᠯᠭᠤ ᠪᠠᠨ ᠥᠭ᠌ᠬᠦ᠎ᠶ᠋ᠢᠨ ᠬᠠᠮᠲᠤ  ᠰᠡᠴᠡᠨᠲᠦ ᠮᠠᠨᠢ ᠳᠠᠭᠤᠤ ᠎ᠶ᠋ᠢᠨ ᠦᠭᠡ ᠎ᠶ᠋ᠢᠨ ᠡᠷᠭᠦᠯᠲᠡ  ᠳᠠᠷᠤᠢ ᠨᠢᠭᠡ  ᠮᠥᠷ᠎ᠲᠦ ᠭᠡᠳᠦᠨ ᠦᠭᠡ ᠲᠠᠢ ᠪᠠᠢᠪᠠᠯ ᠠᠶ᠎ᠠ᠎ᠳᠠᠭᠠᠨ ᠵᠤᠬᠢᠴᠠᠬᠤ ᠲᠠᠯ᠎ᠠ ᠪᠡᠷ ᠰᠠᠨᠠᠭᠤᠯᠤᠮᠵᠢ ᠦᠭᠴᠡᠢ᠃  ᠳᠠᠭᠤᠤ ᠵᠢᠨ ᠠᠶ᠎ᠠ᠎ᠶ᠋ᠢ ᠬᠦᠯᠢᠶᠡᠵᠦ᠍ ᠠᠪᠤᠭ᠍ᠰᠠᠨ ᠲᠡᠷᠡ ᠣᠷᠣᠢ᠎ᠳᠠᠭᠠᠨ ᠱᠢᠯᠦᠭ ᠎ᠢ ᠨᠢ ᠪᠢᠴᠢᠭᠡᠳ ᠰᠡᠴᠡᠨᠲᠦ᠎ᠳᠦ ᠢᠯᠡᠭᠡᠭ᠌ᠰᠡᠨ ᠎ᠳᠦ ᠰᠠᠢᠬᠠᠨ ᠦᠭᠡ  ᠪᠣᠯᠵᠠᠢ ᠭᠡᠵᠦ᠍ ᠲᠡᠷᠡ  ᠪᠠᠶᠠᠷᠲᠠᠢ ᠬᠦᠯᠢᠶᠡᠨ ᠠᠪᠤᠭ᠍ᠰᠠᠨ ᠶᠤᠮ》 ᠭᠡᠵᠦ᠍ ᠶᠤ·ᠡᠷᠳᠡᠨᠢᠲᠣᠭ᠍ᠲᠠᠬᠤ ᠭᠤᠸᠠᠢ ᠳᠠᠭᠤᠤ ᠵᠢᠨ ᠰᠢᠯᠦᠭ ᠪᠦᠳᠦᠭᠰᠡᠨ ᠳᠤᠬᠠᠢ ᠡᠷᠬᠢᠴᠠᠬᠦᠯᠦᠨ᠎ᠠ᠃

《 ᠲᠤᠰ ᠳᠠᠭᠤᠤ ᠵᠢᠨ ᠱᠢᠯᠦᠭ ᠎ᠢ ᠪᠦᠳᠦᠭᠡᠭᠦ᠌ ᠎ᠳᠡᠭᠡᠨ ᠨᠡᠢᠭᠡᠮ ᠵᠢᠷᠤᠮᠲᠤ ᠤᠳᠭ᠎ᠠ ᠤᠷᠠᠯᠢᠭ ᠎ᠢ ᠨᠢᠭᠡᠨ ᠰᠠᠭᠤᠷᠢ ᠰᠠᠬᠤᠯᠢᠭ ᠲᠣᠮᠣ ᠤᠶᠠᠩᠭᠠᠲᠤ ᠮᠣᠳᠣ ᠪᠡᠷ ᠪᠤᠳᠤᠪᠠᠯ ᠤᠯᠠᠭᠠᠨ ᠮᠥᠴᠢᠷ ᠮᠠᠨᠢ ᠲᠡᠭᠦᠨ ᠎ᠦ  ᠨᠠᠪᠴᠢ ᠨᠠᠮᠠᠭ᠎ᠠ ᠰᠠᠢᠲᠠᠢ ᠨᠢᠭᠡᠨ ᠮᠥᠴᠢᠷ ᠨᠢ ᠶᠤᠮ》 ᠭᠡᠵᠦ᠍ ᠶᠤ·ᠡᠷᠳᠡᠨᠢᠲᠣᠭ᠍ᠲᠠᠬᠤ  ᠭᠤᠸᠠᠢ ᠤᠴᠢᠷᠯᠠᠨ᠎ᠠ᠃ 

《ᠰᠠᠢᠨ ᠱᠢᠯᠦᠭ ᠠᠶ᠎ᠠ ᠲᠠᠢ ᠪᠠᠨ ᠢᠷᠡᠳᠡᠭ ᠭᠡᠳᠡᠭ᠃ ᠲᠤᠰ ᠠᠶ᠎ᠠ ᠎ᠶ᠋ᠢ ᠠᠩᠬ᠎ᠠ ᠵᠤᠬᠢᠶᠠᠬᠤ᠎ᠳᠤ ᠬᠥᠯᠦᠨ ᠪᠦᠢᠷ ᠨᠤᠲᠤᠭ ᠲᠠᠢ ᠱᠢᠯᠦᠭ᠌ᠴᠢ  ᠪᠠᠢ ᠠᠢ  ᠵᠢᠶᠦ᠋ᠨ ᠎ᠦ ᠬᠢᠳᠡᠳ ᠱᠢᠯᠦᠭ᠎ᠲᠤ  ᠲᠠᠭᠠᠷᠠᠭᠤᠯᠤᠭ᠍ᠰᠠᠨ ᠶᠤᠮ᠃ ᠰᠡᠭᠦᠯᠡᠷ ᠨᠢ ᠡᠨᠡ ᠠᠶ᠎ᠠ  ᠶᠤ·ᠡᠷᠳᠡᠨᠢᠲᠣᠭ᠍ᠲᠠᠬᠤ ᠠᠬ᠎ᠠ ᠎ᠶ᠋ᠢᠨ ᠵᠤᠬᠢᠶᠠᠭ᠍ᠰᠠᠨ ᠳᠠᠭᠤᠤ ᠵᠢᠨ ᠱᠢᠯᠦᠭ ᠲᠠᠢ ᠵᠤᠬᠢᠴᠠᠵᠤ᠂ ᠨᠢᠭᠡ ᠦᠰᠦᠭ ᠨᠢᠭᠡ ᠳᠠᠭᠠᠪᠣᠷᠢ᠎ᠳᠤ ᠴᠦ᠍ ᠵᠠᠰᠠᠯᠲᠠ ᠤᠷᠤᠭᠤᠯᠤᠭ᠍ᠰᠠᠨ ᠦᠭᠡᠢ》 ᠭᠡᠵᠦ᠍ ᠰᠠᠴᠠᠨᠳᠦ  ᠶᠠᠷᠢᠨ᠎ᠠ᠃

2019 ᠣᠨ᠎ᠳᠦ ᠰᠡᠴᠡᠨᠲᠦ ᠪᠣᠯᠣᠨ ᠶᠤ·ᠡᠷᠳᠡᠨᠢᠲᠣᠭ᠍ᠲᠠᠬᠤ᠎ᠶ᠋ᠢᠨ  ᠰᠠᠨᠠᠭᠠᠴᠢᠯᠠᠭ᠎ᠠ ᠪᠡᠷ ᠮᠸᠳᠡᠭ᠂ ᠯᠾᠠᠰᠦ᠋ᠷᠦᠩ ᠵᠡᠷᠭᠡ ᠤᠯᠠᠭᠠᠨᠮᠥ᠋ᠴᠢᠷ᠎ᠤᠨ ᠠᠬᠠᠮᠠᠳ ᠭᠡᠱᠢᠭᠦᠨ ᠪᠠ ᠦᠨᠳᠦᠰᠦᠨ ᠱᠠᠳᠤᠨ ᠎ᠤ ᠵᠠᠯᠠᠭᠤ ᠤᠯᠠᠭᠠᠨᠮᠥ᠋ᠴᠢᠷ ᠎ᠤᠨ ᠭᠡᠱᠢᠭᠦᠳ ᠵᠡᠷᠭᠡ ᠵᠢᠷᠭᠤᠭᠠᠨ ᠦᠶ᠎ᠡ᠎ᠶ᠋ᠢᠨ ᠤᠯᠠᠭᠠᠨᠮᠥ᠋ᠴᠢᠷ᠎ᠤᠨ  ᠤᠷᠠᠯᠢᠭ᠍ᠴᠢᠳ᠎ᠢ ᠲᠠᠮᠠᠴᠢ ᠎ᠶ᠋ᠢᠨ ᠲᠠᠯ᠎ᠠ ᠎ᠳᠤ  ᠤᠷᠢᠵᠤ 《ᠥᠨᠢ ᠮᠥᠩᠬᠡ ᠎ᠶ᠋ᠢᠨ ᠤᠯᠠᠭᠠᠨᠮᠥ᠋ᠴᠢᠷ》 ᠭᠡᠭᠦ ᠳᠠᠭᠤᠤ ᠵᠢᠨ MV ᠎ᠶ᠋ᠢ  ᠰᠡᠭᠦᠳᠡᠷᠯᠡᠨ ᠦᠢᠯᠡᠳᠴᠦ᠍᠂ ᠤᠯᠠᠭᠠᠨᠮᠥ᠋ᠴᠢᠷ ᠎ᠤᠨ ᠤᠯᠠᠮᠵᠢᠯᠠᠯ ᠵᠠᠯᠭᠠᠮᠵᠢᠯᠠᠯ᠎ᠢ ᠢᠯᠡᠷᠡᠭᠦᠯᠵᠦ᠍᠂ ᠲᠤᠰ ᠳᠠᠭᠤᠤ ᠵᠢ ᠤᠯᠠᠭᠠᠨᠮᠥ᠋ᠴᠢᠷ᠎ᠤᠨ ᠠᠵᠢᠯ ᠲᠥᠷᠥᠯ᠎ᠦᠨ ᠲᠥᠯᠥᠭᠡᠯᠡᠬᠦ᠌ ᠴᠢᠨᠠᠷᠳᠠᠢ ᠳᠠᠭᠤᠤ ᠪᠤᠯᠭᠠᠪᠠ ᠃

ᠴᠠᠭ ᠦᠶ᠎ᠡ ᠬᠤᠪᠢᠷᠠᠬᠰᠠᠨ ᠴᠤ᠌ ᠤᠯᠠᠭᠠᠨᠮᠥ᠋ᠴᠢᠷ᠎ᠦᠨ ᠠᠷᠠᠳ ᠲᠦᠮᠡᠨ᠎ᠳᠦ ᠦᠢᠯᠡᠴᠢᠯᠡᠬᠦ᠌ ᠴᠢᠩ ᠰᠡᠳᠬᠢᠯ ᠡᠭᠦᠷᠢᠳᠡ ᠬᠤᠪᠢᠷᠠᠬᠤ ᠦᠭᠡᠢ ᠶᠤᠮ᠃ 60 ᠭᠠᠷᠤᠶ ᠵᠢᠯ᠎ᠦᠨ ᠲᠤᠷᠰᠢ ᠤᠯᠠᠭᠠᠨᠮᠥ᠋ᠴᠢᠷ ᠨᠢᠭᠡᠨᠲᠡ ᠪᠥᠬᠥ᠌ ᠤᠯᠤᠰ᠎ᠤᠨ ᠤᠳᠭ᠎ᠠ ᠤᠷᠠᠯᠢᠭ᠎ᠤᠨ ᠹᠷᠣᠨᠲ᠎ᠤᠨ ᠨᠢᠬᠡᠨ ᠲᠣᠭ ᠪᠣᠯᠵᠣ᠂ ᠥᠪᠥᠷ ᠮᠣᠩᠭᠣᠯ᠎ᠤᠨ ᠨᠡᠷ᠎ᠡ ᠴᠤᠤᠲᠠᠶ ᠰᠣᠶᠣᠯ᠎ᠤᠨ ᠲᠦᠷᠦᠯ ᠲᠡᠮᠳᠡᠭ ᠪᠣᠯᠪᠠ᠃

ᠦᠨᠡᠯᠡᠯᠳᠡ —

ᠵᠠᠬ᠍ᠳᠠᠰᠦ᠋ᠷᠦᠩ (ᠠᠯᠳᠠᠷᠲᠤ ᠤᠷᠲᠤ ᠵᠢᠨ ᠳᠠᠭᠤᠴᠢᠨ᠂ ᠤᠯᠤᠰ᠎ᠤᠨ ᠨᠢᠭᠡᠳᠦᠭᠡᠷ ᠳᠡᠰ᠎ᠦᠨ ᠲᠣᠭ᠍ᠯᠠᠭ᠍ᠴᠢ)

《ᠥᠨᠢ ᠮᠥᠩᠬᠡ ᠎ᠶ᠋ᠢᠨ ᠤᠯᠠᠭᠠᠨᠮᠥ᠋ᠴᠢᠷ》 ᠭᠡᠭᠦ ᠳᠠᠭᠤᠤ ᠦᠬᠡ ᠪᠡ ᠠᠶ᠎ᠠ ᠨᠢ ᠵᠤᠬᠢᠴᠠᠯᠳᠤᠭ᠎ᠠ ᠴᠢᠨᠭᠭ᠎ᠠ᠂ ᠠᠪᠴᠠᠯᠳᠤᠭ᠎ᠠ ᠦᠨᠳᠤᠷ ᠪᠤᠯᠤᠭᠰᠠᠨ ᠳᠤᠯᠠ ᠬᠦᠮᠦᠰ᠎ᠤᠨ ᠰᠡᠳᠬᠢᠯ᠎ᠤᠨ ᠬᠦᠪᠴᠢ ᠵᠢ ᠡᠷᠬᠡ ᠦᠬᠡᠢ ᠬᠦᠳᠡᠯᠬᠡᠵᠦ ᠴᠢᠳᠠᠳᠠᠭ᠃  ᠦᠭᠡ ᠵᠢᠨ ᠲᠠᠯ᠎ᠠ ᠪᠡᠷ ᠭᠡᠳᠦᠨ ᠦᠶ᠎ᠡ ᠎ᠶ᠋ᠢᠨ ᠤᠯᠠᠭᠠᠨᠮᠥ᠋ᠴᠢᠷ᠎ᠤᠨ ᠤᠷᠠᠯᠢᠭ᠍ᠴᠢᠳ᠎ᠤᠨ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ  ᠠᠷᠠᠳ ᠲᠦᠮᠡᠨ᠎ᠳᠦ  ᠦᠢᠯᠡᠴᠢᠯᠡᠬᠦ᠌  ᠵᠣᠷᠢᠭ ᠰᠠᠨᠠᠭ᠎ᠠ᠎ᠶ᠋ᠢ  ᠢᠯᠡᠷᠡᠭᠦᠯᠵᠦ᠍ ᠴᠢᠳᠠᠯ᠎ᠠ ᠭᠡᠵᠦ᠍ ᠪᠤᠳᠤᠵᠤ ᠪᠠᠢᠨ᠎ᠠ᠃  ᠠᠶ᠎ᠠ ᠎ᠶ᠋ᠢᠨ ᠲᠠᠯ᠎ᠠ ᠪᠡᠷ 3/4 ᠵᠢᠨ ᠴᠣᠬᠢᠯᠭ᠎ᠠ ᠪᠡᠷ ᠪᠢᠴᠢᠭ᠌ᠳᠡᠭ᠌ᠰᠡᠨ ᠪᠤᠯᠬᠤᠷ ᠴᠣᠭ᠍ᠯᠢᠭ ᠬᠡᠪ ᠨᠠᠮᠪᠠ ᠪᠡᠷ ᠤᠯᠠᠭᠠᠨᠮᠥ᠋ᠴᠢᠷ᠎ᠤᠨ ᠤᠷᠠᠯᠢᠭ᠍ᠴᠢᠳ᠎ᠤᠨ ᠴᠣᠭ ᠵᠢᠪᠬᠤᠭ᠎ᠠ᠎ᠶ᠋ᠢ ᠲᠤᠰᠭᠠᠭ᠍ᠰᠠᠨ ᠮᠥᠷᠳᠡᠭᠡᠨ ᠤᠯᠠᠭᠠᠨᠮᠥ᠋ᠴᠢᠷ ᠎ᠢᠶᠠᠨ ᠮᠠᠭᠳᠠᠨ ᠳᠠᠭᠤᠯᠠᠬᠤ ᠰᠡᠳᠬᠢᠯᠬᠡ ᠬᠦᠨᠵᠡᠬᠡᠢ ᠠᠭᠤᠯᠤᠭᠳᠠᠵᠦ ᠪᠠᠢᠭ᠎ᠠ ᠶᠤᠮ᠃ ᠤᠨᠴᠠᠭᠠᠢᠯᠠᠨ ᠳᠠᠬᠢᠯᠳᠡ᠎ᠶ᠋ᠢᠨ ᠬᠡᠰᠡᠭ ᠲᠤ᠌ ᠰᠡᠳᠬᠢᠯ᠎ᠤᠨ ᠳᠤᠭᠳᠤᠯᠤᠯ ᠪᠡ ᠬᠠᠰᠬᠢᠷᠤᠯ ᠢᠯᠡᠳᠳᠡ ᠭᠠᠷᠴᠤ ᠪᠠᠢᠭ᠎ᠠ ᠪᠡᠷ ᠵᠢᠡᠨ ᠳᠤᠰ ᠳᠠᠭᠤᠤ ᠨᠢ ᠦᠨᠳᠦᠰᠦᠨ ᠱᠠᠳᠤᠨ ᠎ᠤ ᠤᠯᠠᠨ ᠲᠦᠮᠡᠨ ᠪᠠ ᠤᠷᠠᠯᠢᠭ᠍ᠴᠢᠳ᠎ᠲᠤ ᠲᠠᠭᠠᠱᠢᠶᠠᠭ᠍ᠳᠠᠭ᠍ᠰᠠᠨ ᠰᠢᠯᠢᠳᠡᠭ ᠤᠷᠡᠨ ᠪᠦᠳᠤᠬᠡᠯ ᠪᠤᠯᠤᠭᠰᠠᠨ ᠬᠡᠳᠡᠭ᠎ᠢ ᠬᠦᠢᠴᠡᠳ  ᠬᠠᠷᠠᠭᠤᠯᠤᠨ᠎ᠠ᠃

ᠠᠯᠳᠠᠷ —

2019 ᠣᠨ᠎ᠳᠤ ᠲᠤᠰ ᠲᠠᠭᠤᠤ ᠨᠢ ᠤᠯᠤᠰ᠎ᠤᠨ ᠤᠳᠭ᠎ᠠ ᠤᠷᠠᠯᠢᠭ᠎ᠤᠨ ᠰᠠᠭᠤᠷᠢ ᠮᠥᠩᠭᠦ ᠵᠢᠨ ᠨᠡᠢᠭᠡᠮᠯᠢᠭ ᠎ᠦᠨ ᠳᠤᠭᠯᠠᠯᠳᠠ ᠵᠢᠨ ᠳᠦᠷᠦᠯ ᠵᠦᠢᠯ᠎ᠳᠦ ᠰᠣᠩᠭᠣᠭ᠍ᠳᠠᠪᠠ᠃


QQ20241127-101313.png




ᠠᠭᠤᠳᠠᠮ  ᠲᠠᠮᠠᠴᠢ᠎ᠠᠴᠠ ᠦᠨᠳᠦᠰᠦᠯᠡᠨ ᠣᠷᠭᠣᠭ᠍ᠰᠠᠨ

ᠤᠶᠠᠩᠭᠠᠲᠤ ᠮᠣᠳᠣᠨ᠎ᠤ ᠤᠯᠠᠭᠠᠨᠮᠥ᠋ᠴᠢᠷ ᠮᠢᠨᠢ

ᠤᠷᠳᠤ ᠵᠢᠨ ᠲᠠᠭᠤᠨ ᠎ᠤ ᠡᠭᠡᠱᠢᠭ ᠎ᠢᠶᠡᠷ ᠱᠢᠷᠤᠩᠬᠠᠢᠯᠠᠭᠠᠳ

ᠤᠯᠤᠰ ᠣᠷᠣᠨ ᠵᠢᠡᠨ ᠮᠠᠭ᠍ᠲᠠᠨ ᠳᠠᠭᠤᠯᠠᠨ᠎ᠠ

                 ᠠ  ᠠ ᠁

                 ᠤᠯᠠᠭᠠᠨᠮᠥ᠋ᠴᠢᠷ ᠮᠢᠨᠢ

                 ᠤᠷᠠᠯᠢᠭ ᠎ᠤᠨ ᠱᠢᠳᠢ ᠣᠷᠣᠱᠢᠭ᠍ᠰᠠᠨ  ᠮᠥᠴᠢᠷ  ᠮᠢᠨᠢ

                 ᠲᠥᠷᠥᠯᠬᠢ ᠰᠣᠶᠣᠯ ᠎ᠢᠶᠠᠨ ᠳᠡᠭᠡᠳᠦᠯᠡᠭ᠌ᠰᠡᠨ ᠳᠠᠢᠴᠢᠳ

                 ᠲᠥᠷᠥ᠍ ᠲᠦᠮᠡᠨ ᠎ᠳᠡᠭᠡᠨ ᠵᠢᠳᠬᠦᠭ᠌ᠰᠡᠨ ᠡᠩᠨᠡᠭᠡ

ᠠᠭᠤᠯᠠ ᠲᠠᠯ᠎ᠠ ᠦᠭᠡᠢ ᠨᠠᠪᠴᠢᠯᠠᠨ ᠲᠥᠯᠵᠢᠭ᠌ᠰᠡᠨ

ᠤᠶᠠᠩᠭᠠᠲᠤ ᠮᠣᠳᠣᠨ᠎ᠤ ᠤᠯᠠᠭᠠᠨᠮᠥ᠋ᠴᠢᠷ ᠮᠢᠨᠢ

ᠮᠣᠷᠢᠨ ᠬᠤᠭᠤᠷ᠎ᠤᠨ ᠬᠥᠭ᠎ᠢᠶᠡᠷ ᠡᠭᠡᠱᠢᠭ᠌ᠯᠡᠭᠡᠳ

ᠮᠣᠩᠭᠣᠯ ᠨᠤᠲᠤᠭ ᠎ᠢᠶᠠᠨ ᠪᠠᠬᠠᠳᠤᠨ ᠳᠠᠭᠤᠯᠠᠨ᠎ᠠ

                 (ᠲᠠᠬᠢᠯᠳᠠ)

ᠣᠷᠴᠢᠯᠠᠩ ᠳᠡᠯᠡᠬᠡᠢ ᠎ᠳᠦ ᠰᠣᠶᠣᠯ ᠵᠢᠡᠨ ᠭᠠᠢᠬᠠᠭᠤᠯᠤᠭ᠍ᠰᠠᠨ

ᠤᠶᠠᠩᠭᠠᠲᠤ ᠮᠣᠳᠣᠨ᠎ᠤ ᠤᠯᠠᠭᠠᠨᠮᠥ᠋ᠴᠢᠷ ᠮᠢᠨᠢ

ᠤᠷᠠᠨ ᠪᠥᠵᠢᠭ ᠎ᠦᠨ ᠰᠠᠨᠠᠭ᠎ᠠ ᠪᠡᠷ ᠪᠡᠶᠡᠯᠡᠭᠡᠳ

ᠣᠯᠠᠨ ᠲᠦᠮᠡᠨ ᠎ᠢᠶᠡᠨ  ᠪᠠᠶᠠᠰᠭᠠᠨ ᠬᠥᠭ᠌ᠵᠢᠭᠡᠨ᠎ᠡ

                 (ᠲᠠᠬᠢᠯᠳᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号