— 《ᠤᠮᠠᠷᠠᠲᠦ ᠬᠢᠯᠢ ᠵᠢᠨ ᠳᠠᠭᠤᠯᠠᠯ 》 ᠲᠤᠮᠦ ᠬᠡᠪᠴᠢᠶᠡᠨ᠎ᠦ ᠰᠢᠷᠢᠰ ᠮᠡᠳᠡᠭᠡᠯᠡᠯ ᠦᠨᠳᠦᠷᠯᠡᠬᠦ ᠳᠠᠰᠢᠷᠠᠮ᠎ᠳᠦ
ᠰᠢᠨ᠎ᠠ ᠲᠤᠮᠳᠠᠳᠤ ᠤᠯᠤᠰ ᠪᠠᠢᠭᠤᠯᠤᠭᠳᠠᠭᠰᠠᠨ 75 ᠵᠢᠯ᠎ᠤᠨ ᠤᠢ ᠵᠢ ᠤᠭᠳᠤᠭᠰᠠᠨ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠮᠤᠩᠭᠤᠯ ᠬᠠᠮ ᠵᠠᠭᠤᠴᠢᠯᠠᠭᠤᠷ᠎ᠤᠨ ᠲᠤᠮᠤ ᠬᠡᠪᠴᠢᠶᠡᠨ᠎ᠤ ᠰᠢᠷᠢᠰ ᠮᠡᠳᠡᠭᠡᠯᠡᠯ 《ᠤᠮᠠᠷᠠᠳᠤ ᠬᠢᠯᠢ ᠵᠢᠨ ᠲᠠᠭᠤᠯᠠᠯ》 ᠬᠠᠭᠠᠰ ᠵᠢᠯ ᠭᠠᠷᠤᠢ ᠶᠠᠪᠤᠭᠳᠠᠭᠠᠳ ᠠᠮᠵᠢᠯᠳᠠ ᠲᠦᠭᠦᠷᠡᠩ ᠦᠨᠳᠦᠷᠯᠡᠵᠦ ᠪᠠᠢᠨ᠎ᠠ᠃
ᠪᠢᠳᠠ 75 ᠵᠢᠯ᠎ᠤᠨ ᠲᠤᠷᠰᠢᠬᠢ ᠦᠪᠦᠷ ᠮᠤᠩᠭᠤᠯ᠎ᠳᠤ ᠵᠤᠬᠢᠶᠠᠨ ᠪᠦᠲᠦᠭᠡᠭᠳᠡᠭᠰᠡᠨ 75 ᠰᠤᠩᠭᠤᠳᠠᠭ ᠲᠠᠭᠤᠤ ᠵᠢ ᠰᠤᠩᠭᠤᠵᠦ ᠮᠡᠳᠡᠭᠡᠯᠡᠨ᠂ ᠡᠬᠡ ᠤᠯᠤᠰ᠎ᠤᠨ ᠵᠢᠡᠨ 75 ᠵᠢᠯ᠎ᠤᠨ ᠭᠡᠷᠡᠯ ᠰᠠᠴᠤᠷᠠᠩᠭᠤᠢ ᠬᠦᠭᠵᠢᠯᠳᠡ ᠵᠢᠨ ᠲᠡᠦᠭᠡ ᠵᠢ ᠲᠤᠷᠠᠰᠬᠠᠨ ᠲᠡᠮᠳᠡᠭᠯᠡᠵᠦ ᠪᠠᠢᠨ᠎ᠠ᠃ 《ᠰᠤᠩᠭᠤᠳᠠᠭ ᠲᠠᠭᠤᠤ ᠤᠷᠠᠯᠢᠭ ᠲᠤ᠌ ᠰᠢᠩᠭᠡᠭᠰᠡᠨ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠬᠴᠠ ᠵᠢᠨ ᠤᠬᠠᠮᠰᠠᠷ᠎ᠢ ᠪᠠᠳᠤ ᠴᠤᠭᠴᠠᠯᠠᠭᠰᠠᠨ ᠦᠯᠢᠬᠡᠷ᠎ᠢ ᠶᠠᠷᠢᠵᠤ᠂ ᠤᠮᠠᠷᠠᠳᠤ ᠬᠢᠯᠢ ᠵᠢᠨ ᠰᠤᠶᠤᠯ᠎ᠤᠨ ᠪᠠᠢᠭᠤᠯᠤᠯᠳᠠ ᠵᠢ ᠴᠢᠩᠭᠠᠳᠬᠠᠵᠤ᠂ 〈ᠵᠢᠱᠶ᠋ᠶᠡᠴᠢ ᠦᠪᠡᠷᠳᠡᠬᠡᠨ ᠵᠠᠰᠠᠬᠤ ᠤᠷᠤᠨ〉 ᠢ᠋ ᠪᠦᠬᠦ ᠲᠠᠯ᠎ᠠ ᠪᠡᠷ ᠪᠦᠳᠦᠬᠡᠨ ᠪᠠᠢᠭᠤᠯᠬᠤ ᠵᠢᠨ ᠲᠦᠯᠦᠬᠡ ᠴᠤᠴᠠᠯᠳᠠ ᠦᠬᠡᠢ ᠲᠡᠮᠡᠴᠡᠬᠦ ᠡᠷᠴᠢ ᠵᠤᠷᠢᠭ᠎ᠢ ᠬᠦᠭᠵᠢᠬᠡᠬᠦ》 ᠬᠡᠰᠡᠨ ᠮᠠᠨ᠎ᠤ ᠤᠭ ᠰᠠᠨᠠᠭ᠎ᠠ ᠨᠢᠭᠡᠨ ᠶᠤᠰᠤᠨ᠎ᠤ ᠪᠡᠶᠠᠯᠠᠯᠢᠶᠡᠨ ᠤᠯᠤᠬᠰᠠᠨ ᠳ᠋ᠤ ᠤᠮᠤᠬᠰᠢᠮᠠᠷ᠃
5ᠰᠠᠷ᠎ᠠ ᠵᠢᠨ 27 ᠤ᠋ ᠡᠳᠦᠷ᠂ 《ᠲᠠᠯ᠎ᠠ ᠨᠤᠳᠤᠭ ᠲᠤ᠌ ᠮᠦᠩᠬᠡ ᠵᠢᠨ ᠨᠠᠷᠠᠨ ᠰᠠᠴᠤᠷᠠᠨ ᠮᠠᠨᠳᠤᠯ᠎ᠠ》 ᠲᠠᠭᠤᠤ ᠪᠡᠷ ᠰᠢᠷᠢᠰ ᠮᠡᠳᠡᠭᠡᠯᠡᠯ ᠵᠢᠡᠨ ᠡᠬᠢᠯᠡᠭᠦᠯᠦᠭᠰᠡᠨ ᠡᠴᠡ ᠨᠠᠭᠠᠰᠢ᠂ 7 ᠰᠠᠷ᠎ᠠ ᠭᠠᠷᠤᠢ᠎ᠶᠢᠨ ᠬᠤᠭᠤᠴᠠᠭᠠᠨ ᠳ᠋ᠤ ᠮᠡᠳᠡᠭᠡᠯᠡᠯ ᠮᠢᠨᠢ ᠢᠯᠭᠤᠮ ᠰᠢᠯᠤᠭᠤᠬᠠᠨ᠂ ᠤᠳᠬ᠎ᠠ ᠲᠡᠭᠦᠯᠳᠡᠷ ᠶᠠᠪᠤᠬᠳᠠᠵᠤ᠂ ᠡᠨᠡ ᠡᠳᠦᠷ 《ᠮᠦᠨᠭᠭᠡ ᠵᠢᠨ ᠰᠠᠬᠢᠶ᠎ᠠ》 ᠲᠠᠭᠤᠤ ᠪᠠᠷ ᠵᠢᠷᠭᠠᠵᠦ ᠪᠠᠢᠨ᠎ᠠ᠃

75 ᠵᠢᠯ᠂ 75 ᠲᠠᠭᠤᠤ᠂ 75 ᠮᠡᠳᠡᠭᠡᠯᠡᠯ᠃ ᠲᠡᠯᠭᠡᠭᠡᠳ ᠦᠵᠡᠬᠦ ᠳ᠋ᠤ ᠬᠡᠳᠦᠬᠡᠨ ᠮᠢᠨᠦᠢ᠍ᠲ᠎ᠤᠨ ᠰᠢᠩᠭᠡᠭᠡᠯᠳᠡ᠂ ᠠᠪᠤᠭᠠᠳ ᠤᠩᠰᠢᠬᠤ ᠳ᠋ᠤ ᠬᠡᠳᠦᠬᠡᠨ ᠵᠠᠭᠤᠨ ᠦᠰᠦᠭ ᠪᠦᠬᠦᠢ ᠮᠡᠳᠡᠭᠡᠯᠡᠯ ᠪᠠᠢᠬᠰᠠᠨ ᠴᠸ᠋ ᠲᠡᠭᠦᠨ᠎ᠦ ᠠᠷᠤ ᠳ᠋ᠤ ᠰᠢᠷᠢᠰ ᠰᠤᠷᠪᠤᠯᠵᠢᠯᠠᠭ᠎ᠠ ᠳ᠋ᠤ ᠤᠷᠤᠯᠴᠠᠬᠰᠠᠨ ᠤᠬᠠᠭᠠᠯᠠᠨ ᠲᠦᠰᠦᠪᠯᠡᠭᠴᠢ᠂ ᠰᠤᠷᠪᠤᠯᠵᠢᠯᠠᠬᠴᠢ᠂ ᠨᠠᠢᠷᠠᠭᠤᠯᠤᠬᠴᠢ᠂ ᠬᠦᠳᠦᠯᠦᠭᠴᠢ᠂ ᠰᠡᠬᠦᠳᠡᠷᠯᠡᠭᠴᠢ᠂ ᠦᠢᠯᠡᠳᠦᠭᠴᠢ᠂ ᠬᠢᠨᠠᠬᠴᠢ 70 ᠭᠠᠷᠤᠢ ᠬᠦᠮᠦᠨ᠎ᠤ ᠡᠷᠳᠡᠯᠡᠵᠦ ᠤᠷᠤᠢᠯᠠᠨ ᠡᠭᠡᠯᠵᠢ ᠬᠠᠯᠠᠭ᠎ᠠ ᠨᠡᠮᠡᠵᠦ᠂ ᠨᠤᠢᠷ ᠬᠤᠭᠤᠯᠠ ᠪᠠᠨ ᠤᠮᠠᠷᠳᠠᠨ ᠰᠢᠷᠭᠠᠭᠤ ᠠᠵᠢᠯᠯᠠᠭᠰᠠᠨ ᠨᠦᠷᠢ ᠶᠡᠬᠡ ᠬᠦᠳᠡᠯᠮᠦᠷᠢ ᠨᠢᠭᠤᠭᠳᠠᠵᠤ ᠪᠠᠢᠭ᠎ᠠ ᠪᠢᠯᠡ᠃ ᠲᠤᠰ ᠰᠢᠷᠢᠰ ᠮᠡᠳᠡᠭᠡᠯᠡᠯ᠎ᠳᠤ ᠲᠠᠭᠤᠴᠢᠨ᠂ ᠦᠭᠡ ᠠᠶᠠᠯᠭᠤ ᠵᠤᠬᠢᠶᠠᠭᠴᠢ᠂ ᠤᠷᠴᠢᠭᠤᠯᠤᠬᠴᠢ ᠵᠡᠷᠭᠡ ᠬᠠᠮᠢᠶ᠎ᠠ ᠪᠦᠬᠦᠢ ᠬᠦᠮᠦᠰ᠎ᠢ ᠰᠤᠷᠪᠤᠯᠵᠢᠯᠠᠨ᠂ ᠠᠷᠦ ᠵᠢᠨ ᠦᠯᠢᠭᠡᠷ ᠲᠡᠦᠬᠡ ᠵᠢ ᠠᠭᠤᠳᠠᠯᠤᠨ ᠲᠡᠮᠲᠡᠭᠯᠡᠵᠤ ᠂ ᠲᠤᠰᠬᠠᠢ ᠮᠡᠷᠭᠡᠵᠢᠯᠳᠡᠨ ᠤᠷᠢᠵᠦ᠂ ᠲᠠᠭᠤᠤ ᠪᠤᠯᠭᠠᠨ᠎ᠳᠤ ᠦᠨᠡᠯᠡᠯᠳᠡ ᠬᠢᠯᠭᠡᠪᠡ ᠃ ᠪᠢᠴᠢᠯ ᠸᠢᠳᠢᠣ᠋᠂ ᠭᠡᠷᠡᠯ ᠵᠢᠷᠤᠭ᠂ ᠲᠠᠭᠤᠨ ᠲᠠᠪᠳᠠᠮᠵᠢ᠂ ᠤᠷᠳᠤ ᠡᠪᠭᠡᠭᠡᠰᠦ ᠵᠡᠷᠭᠡ ᠤᠯᠠᠨ ᠭᠡᠯᠪᠡᠷᠢ ᠪᠡᠷ ᠦᠪᠦᠷ ᠮᠤᠩᠭᠤᠯ᠎ᠤᠨ ᠡᠳᠦᠷ᠎ᠤᠨ ᠰᠤᠨᠢᠨ᠂ ᠬᠦᠯᠦᠭ ᠰᠢᠯᠵᠢᠶ᠎ᠡ᠂ ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ ᠵᠢᠨ ᠰᠦᠯᠵᠢᠶ᠎ᠡ᠂ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠮᠤᠩᠭᠤᠯ ᠰᠤᠨᠢᠨ᠎ᠤ ᠵᠢᠷᠬᠢᠶ᠎ᠠ ᠵᠢᠨ ᠲᠠᠪᠴᠠᠩ᠂ ᠸᠢᠳᠢᠣ᠋ᠳᠤᠭᠠᠷ ᠵᠡᠷᠭᠡ ᠠᠯᠪᠠᠨ᠎ᠤ ᠵᠠᠭᠤᠴᠢᠯᠠᠭᠤᠷ ᠲᠦ᠍ ᠵᠡᠷᠭᠡ ᠪᠡᠷ ᠨᠡᠢᠳᠡᠯᠡᠨ ᠨᠡᠢᠭᠡᠮ ᠨᠡᠢᠳᠡ᠎ᠳᠤ ᠬᠠᠯᠠᠭᠤᠨ ᠲᠤᠰᠬᠠᠯ ᠪᠤᠯᠵᠠᠢ᠃
ᠮᠠᠨ᠎ᠤ ᠰᠤᠩᠭᠤᠭᠰᠠᠨ 75 ᠲᠦᠯᠦᠭᠡᠯᠡᠬᠦ ᠴᠢᠨᠠᠷᠳᠠᠢ ᠰᠤᠩᠭᠤᠳᠠᠭ ᠲᠠᠭᠤᠤ ᠲᠤᠳᠤᠷ᠎ᠠ ᠬᠤᠪᠢᠰᠬᠠᠯᠳᠤ ᠲᠠᠭᠤᠤ᠂ ᠮᠠᠭᠳᠠᠭᠠᠯ ᠲᠠᠭᠤᠤ᠂ ᠬᠤᠯᠪᠤᠭ᠎ᠠ ᠲᠠᠭᠤᠤ᠂ ᠲᠤᠤᠯᠢ ᠳᠠᠭᠤᠤ᠂ ᠺᠢᠨᠣ᠋ ᠵᠦᠴᠦᠭᠡ ᠵᠢᠨ ᠲᠠᠭᠤᠤ᠂ ᠪᠦᠵᠢᠭ᠎ᠤᠨ ᠲᠠᠭᠤᠤ᠂ ᠤᠷᠤᠰᠬᠠᠯ ᠳᠠᠭᠤᠤ᠂ ᠨᠠᠢᠷᠠᠯ ᠲᠠᠭᠤᠤ᠂ ᠬᠤᠤᠰᠯᠠᠯ ᠲᠠᠭᠤᠤ᠂ ᠭᠤᠴᠤᠯᠠᠯ ᠲᠠᠭᠤᠤ ᠵᠡᠷᠭᠡ ᠤᠯᠠᠨ ᠲᠦᠷᠦᠯ ᠵᠠᠨᠠᠷ ᠪᠠᠢᠬᠤ ᠪᠦᠭᠡᠳ ᠶᠡᠭᠡ ᠲᠦᠯᠦᠪ ᠬᠡᠯᠪᠡᠷᠢ ᠪᠡᠷ ᠨᠢ ᠠᠷᠠᠳ᠎ᠤᠨ ᠲᠠᠭᠤᠤ᠂ ᠵᠤᠬᠢᠶᠠᠯ᠎ᠤᠨ ᠲᠠᠭᠤᠤ᠂ ᠤᠷᠴᠢᠭᠤᠯᠭ᠎ᠠ ᠵᠢᠨ ᠲᠠᠭᠤᠤ ᠭᠡᠵᠦ ᠬᠤᠪᠢᠶᠠᠵᠦ ᠪᠤᠯᠤᠨ᠎ᠠ᠃ ᠵᠤᠬᠢᠶᠠᠨ ᠪᠦᠲᠦᠭᠡᠭᠴᠢ ᠵᠢᠨ ᠬᠤᠪᠢ᠎ᠳᠤ᠂ ᠡᠯ᠎ᠡ ᠦᠨᠳᠦᠰᠦᠳᠡᠨ ᠬᠠᠮᠳᠤᠷᠠᠨ ᠵᠤᠬᠢᠶᠠᠨ ᠪᠦᠲᠦᠭᠡᠭᠰᠡᠨ ᠲᠠᠭᠤᠤ ᠵᠤᠩᠬᠢᠯᠠᠬᠤ ᠲᠤᠭ᠎ᠠ ᠵᠢ ᠡᠵᠡᠯᠡᠬᠦ ᠪᠦᠭᠡᠳ ᠦᠪᠦᠷ ᠮᠤᠩᠭᠤᠯ᠎ᠳᠤ ᠢᠷᠡᠭᠡ ᠦᠭᠡᠢ ᠬᠦᠮᠦᠰ ᠦᠪᠦᠷ ᠮᠤᠩᠭᠤᠯ᠂ ᠲᠠᠯ᠎ᠠ ᠨᠤᠲᠤᠭ᠎ᠢ ᠮᠠᠭᠳᠠᠨ ᠲᠠᠭᠤᠯᠠᠭᠰᠠᠨ ᠳᠠᠭᠤᠤ ᠴᠦ᠍ ᠴᠦᠭᠡᠨ ᠪᠤᠰᠤ᠃ ᠠᠭᠤᠯᠭ᠎ᠠ ᠵᠢᠨ ᠬᠤᠪᠢ᠎ᠳᠤ ᠭᠤᠤᠯᠳᠠᠭᠤ ᠡᠭᠡ ᠤᠯᠤᠰ ᠡᠪ ᠬᠠᠮᠳᠤ ᠨᠠᠮ ᠵᠢᠡᠨ ᠮᠠᠭᠳᠠᠨ ᠲᠠᠭᠤᠯᠠᠭᠰᠠᠨ᠂ ᠦᠨᠢᠷ ᠪᠠᠶᠠᠯᠢᠬ ᠲᠠᠯ᠎ᠠ ᠨᠤᠲᠤᠭ ᠵᠢᠡᠨ ᠮᠠᠭᠳᠠᠨ ᠲᠠᠭᠤᠯᠠᠭᠰᠠᠨ᠂ ᠦᠯᠦᠭᠡᠢ ᠨᠤᠲᠤᠭ ᠡᠯᠢᠭᠡᠨ ᠰᠠᠳᠤᠨ ᠵᠢᠡᠨ ᠰᠠᠨᠠᠭᠠᠯᠵᠠᠨ ᠲᠠᠭᠤᠯᠠᠭᠰᠠᠨ᠂ ᠡᠴᠢᠭᠡ ᠡᠭᠡ ᠵᠢᠨ ᠬᠠᠢᠷ᠎ᠠ ᠡᠨᠡᠷᠢᠯ᠂ ᠡᠩᠬᠡ ᠲᠠᠢᠪᠤᠩ ᠵᠤᠯ ᠵᠢᠷᠭᠠᠯᠳᠤ ᠠᠮᠢᠳᠤᠷᠠᠯ ᠵᠢᠡᠨ ᠲᠠᠭᠤᠯᠠᠭᠰᠠᠨ ᠵᠡᠷᠭᠡ ᠪᠤᠢ᠃ ᠡᠳᠡᠭᠡᠷ ᠲᠠᠭᠤᠤ ᠵᠢᠨ ᠬᠠᠮᠤᠭ᠎ᠤᠨ ᠨᠡᠢᠳᠡᠯᠢᠭ ᠤᠨᠴᠠᠯᠢᠬ ᠭᠡᠪᠡᠯ ᠲᠠᠷᠤᠢ ᠠᠷᠠᠳ᠎ᠤᠨ ᠲᠠᠭᠤᠤ ᠡᠴᠡ ᠡᠰᠢᠯᠡᠭᠰᠡᠨ ᠪᠤᠶᠤ ᠠᠷᠠᠳ᠎ᠤᠨ ᠳᠠᠭᠤᠤ ᠡᠴᠡ ᠰᠢᠮ᠎ᠠ ᠠᠪᠤᠭᠰᠠᠨ ᠶᠠᠪᠤᠳᠠᠯ ᠪᠤᠯᠤᠨ᠎ᠠ᠃ ᠡᠨᠡ ᠤᠷᠴᠢᠯ᠎ᠤᠨ ᠲᠤᠮᠳᠠ ᠠᠷᠠᠳ᠎ᠤᠨ ᠲᠠᠭᠤᠤ ᠦᠭᠡᠷᠡᠴᠢᠯᠡᠭᠳᠡᠨ ᠰᠢᠨᠡᠴᠢᠯᠡᠭᠳᠡᠭᠰᠡᠭᠡᠷ ᠢᠷᠡᠬᠦ ᠢᠷᠡᠭᠡᠳᠦᠢ ᠪᠠᠨ ᠤᠬᠳᠤᠨ ᠤᠬᠳᠤᠨ᠂ ᠦᠷᠨᠢᠯ ᠬᠦᠭᠵᠢᠯ ᠵᠢᠡᠨ ᠲᠠᠭᠤᠯᠠᠨ ᠲᠠᠭᠤᠯᠠᠨ ᠤᠷᠤᠭᠰᠢᠯᠠᠭᠰᠠᠭᠠᠷ᠃

ᠲᠠᠭᠤᠤ ᠤᠷᠠᠯᠢᠬ᠎ᠢ ᠲᠡᠯᠡᠬᠡᠢ ᠵᠢᠨ ᠠᠯᠢ ᠴᠦ᠍ ᠨᠢᠭᠡᠨ ᠤᠯᠤᠰ ᠦᠨᠳᠦᠰᠦᠳᠡᠨ ᠪᠦᠷ ᠬᠦᠯᠢᠶᠡᠨ ᠠᠪᠴᠤ ᠰᠤᠨᠢᠷᠬᠠᠨ ᠪᠠᠬᠠᠷᠬᠠᠳᠠᠭ᠃ ᠰᠤᠩᠭᠤᠳᠠᠭ ᠲᠠᠭᠤᠤ ᠤᠷᠠᠯᠢᠬ ᠪᠤᠯ ᠬᠦᠮᠦᠨ ᠲᠦᠷᠦᠯᠬᠢᠳᠡᠨ᠎ᠤ ᠬᠠᠮᠳᠤ ᠵᠢᠨ ᠬᠡᠯᠡ ᠪᠢᠯᠡ᠃ ᠦᠪᠦᠷ ᠮᠤᠩᠭᠤᠯ᠎ᠤᠨ ᠠᠯᠢ ᠨᠢᠭᠡᠨ ᠰᠤᠩᠭᠤᠳᠠᠭ ᠲᠠᠭᠤᠤ ᠵᠢ ᠰᠤᠨᠤᠰᠬᠤ᠎ᠳᠤ ᠲᠤᠬᠠᠢ ᠵᠢᠨ ᠴᠠᠬ ᠦᠶ᠎ᠡ ᠵᠢᠨ ᠲᠡᠦᠭᠡᠨ ᠠᠬᠤᠢ ᠪᠠᠢᠳᠠᠯ᠂ ᠠᠵᠦ ᠠᠬᠤᠢ ᠵᠢᠨ ᠬᠦᠭᠵᠢᠯᠳᠡ ᠵᠢᠨ ᠪᠠᠢᠳᠠᠯ᠂ ᠨᠡᠢᠭᠡᠮ᠎ᠤᠨ ᠬᠦᠭᠵᠢᠯᠳᠡ ᠵᠢᠨ ᠪᠠᠢᠳᠠᠯ ᠪᠦᠷ ᠲᠤᠳᠤ ᠡᠴᠡ ᠲᠤᠳᠤ ᠮᠡᠳᠡᠷᠡᠭᠳᠡᠨ᠎ᠡ᠃ ᠡᠢᠮᠦ ᠡᠴᠡ ᠦᠪᠦᠷ ᠮᠤᠩᠭᠤᠯ᠎ᠤᠨ ᠲᠠᠭᠤᠤ ᠤᠷᠠᠯᠢᠭ ᠪᠤᠯ ᠦᠪᠦᠷ ᠮᠤᠩᠭᠤᠯ᠎ᠤᠨ ᠬᠦᠭᠵᠢᠯᠳᠡ ᠵᠢᠨ ᠲᠡᠦᠭᠡ᠂ ᠦᠨᠳᠦᠰᠦᠳᠡᠨ ᠨᠤᠭᠦᠳ᠎ᠤᠨ ᠪᠦᠯᠬᠦᠮᠳᠡᠯ ᠲᠡᠮᠡᠴᠡᠯ᠎ᠤᠨ ᠲᠡᠦᠭᠡ᠂ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠭᠰᠠᠨ ᠲᠡᠦᠭᠡ᠂ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠬᠴᠠ ᠵᠢᠨ ᠤᠬᠠᠮᠰᠠᠷ᠎ᠢ ᠪᠠᠳᠤ ᠴᠤᠭᠴᠠᠯᠠᠭᠰᠠᠨ ᠲᠡᠦᠭᠡ; ᠮᠦᠨᠴᠤ ᠠᠷᠠᠳ᠎ᠤᠨ ᠠᠮᠢᠳᠤᠷᠠᠯ᠂ ᠤᠷᠠᠨ ᠵᠤᠬᠢᠶᠠᠯ᠂ ᠤᠷᠠᠨ ᠵᠢᠷᠤᠭ᠂ ᠤᠯᠤᠰ ᠲᠦᠷᠦ᠂ ᠠᠵᠦ ᠠᠬᠤᠢ ᠂ ᠰᠤᠶᠤᠯ ᠁ᠤᠨ ᠬᠦᠭᠵᠢᠯᠳᠡ ᠵᠢᠨ ᠲᠡᠦᠭᠡ ᠪᠤᠯᠬᠤ ᠶᠤᠮ᠃
ᠦᠷᠨᠢᠯ ᠬᠦᠭᠵᠢᠯ᠎ᠳᠤ 75 ᠵᠢᠯ ᠠᠮᠵᠢᠯᠳᠠ ᠲᠦᠬᠦᠷᠡᠩ᠂ ᠬᠦᠭᠵᠢᠯᠳᠡ ᠦᠯᠡᠮᠵᠢ᠂ ᠠᠰᠢᠳᠠ ᠲᠠᠭᠤᠷᠢᠰᠬᠤᠯᠠᠩ᠃ ᠤᠷᠤᠨ ᠲᠠᠶᠠᠭᠠᠷ ᠲᠤᠮᠳᠠᠳᠤ ᠤᠯᠤᠰ᠎ᠤᠨ ᠮᠠᠶᠢᠭ᠎ᠤᠨ ᠤᠳᠤᠬᠢᠴᠢᠯᠠᠯᠳᠠ᠎ᠶᠢᠨ ᠦᠪᠦᠷ ᠮᠤᠩᠭᠤᠯ᠎ᠤᠨ ᠰᠢᠨ᠎ᠡ ᠬᠠᠭᠤᠳᠠᠰᠤ ᠵᠢ ᠪᠢᠴᠢᠭᠯᠡᠵᠦ᠂ ᠤᠮᠠᠷᠠᠳᠤ ᠬᠢᠯᠢ ᠵᠢᠨ ᠰᠤᠶᠤᠯ᠎ᠤᠨ ᠲᠦᠷᠦᠯ ᠲᠡᠮᠳᠡᠭ᠎ᠢ ᠴᠤᠬᠴᠠᠯᠠᠨ᠂ ᠲᠤᠮᠳᠠᠳᠤ ᠵᠢᠨ ᠰᠢᠯᠢᠳᠡᠭ ᠰᠤᠶᠤᠯ᠎ᠢ ᠤᠯᠠᠮᠵᠢᠯᠠᠨ ᠬᠦᠭᠵᠢᠭᠦᠯᠬᠦ ᠪᠡᠷ ᠬᠦᠴᠦᠯᠡᠨ ᠴᠢᠷᠮᠠᠢᠵᠤ ᠪᠠᠢᠭ᠎ᠠ ᠡᠷᠢᠨ ᠳ᠋ᠤ ᠦᠨᠦᠳᠦᠷ᠎ᠤᠨ 《ᠤᠮᠠᠷᠠᠳᠤ ᠬᠢᠯᠢ ᠵᠢᠨ ᠲᠠᠭᠤᠯᠠᠯ 》 ᠰᠢᠷᠢᠰ ᠮᠡᠳᠡᠭᠡᠯᠡᠯ ᠮᠠᠨᠢ ᠵᠦᠪᠭᠡᠨ ᠵᠠᠪᠰᠠᠷ᠎ᠤᠨ ᠠᠶᠠᠯᠭᠤ ᠲᠡᠳᠦᠢ᠂ ᠤᠮᠠᠷᠠᠳᠤ ᠬᠢᠯᠢ ᠵᠢᠨ ᠰᠤᠶᠤᠯ᠎ᠤᠨ ᠦᠯᠢᠬᠡᠷ ᠦᠷᠬᠦᠯᠵᠢᠯᠡᠭᠰᠡᠬᠡᠷ᠃
《ᠤᠮᠠᠷᠠᠳᠤ ᠬᠢᠯᠢ ᠵᠢᠨ ᠲᠠᠭᠤᠯᠠᠯ》 ᠤ᠋ᠨ 4 ᠰᠢᠨ᠎ᠡ ᠡᠬᠦᠳᠦᠯᠳᠡ

ᠤᠬᠠᠭᠠᠯᠠᠯ᠎ᠤᠨ ᠰᠢᠨ᠎ᠡ ᠡᠬᠦᠳᠦᠯᠳᠡ
ᠲᠤᠰ ᠣᠬᠠᠭᠠᠯᠠᠯ ᠦᠨᠳᠦᠰᠦᠲᠡᠨ᠎ᠤ ᠰᠣᠯᠢᠯᠴᠠᠭ᠎ᠠ ᠠᠭᠣᠰᠣᠯᠴᠠᠯ᠂ ᠲᠣᠲᠣᠭᠠᠲᠣ ᠭᠠᠲᠠᠭᠠᠲᠣ᠎ᠶᠢᠨ ᠬᠠᠷᠢᠯᠴᠠᠭ᠎ᠠ ᠰᠣᠯᠢᠯᠴᠠᠭ᠎ᠠ᠎ᠶᠢᠨ ᠲᠠᠮᠵᠢᠭᠣᠯᠭᠠᠪᠣᠯᠣᠨ ᠣᠯᠠᠷᠢᠵᠦ᠂ ᠭᠣᠣᠯ ᠰᠡᠳᠦᠪ ᠭᠣᠣᠯ ᠰᠢᠵᠢᠮ᠎ᠤᠨ ᠲᠣᠭᠣᠷᠢᠨ ᠳ᠋ᠦ ᠴᠠᠬ ᠦᠶ᠎ᠡ᠎ᠶᠢᠨ ᠬᠦᠭ ᠠᠶᠠᠰ᠎ᠢ ᠴᠢᠪᠬᠠᠲᠠᠨ᠂ ᠣᠯᠣᠰ ᠶ᠋ᠢᠡᠨ ᠬᠠᠢᠷᠠᠯᠠᠬᠣ ᠰᠡᠳᠬᠢᠯᠭᠡ᠎ᠶᠢ ᠣᠬᠠᠭᠣᠯᠣᠨ ᠰᠣᠷᠲᠠᠯᠴᠢᠯᠠᠵᠠᠢ᠃ ᠨᠢᠭᠡ ᠳ᠋ᠦ᠂ ᠭᠣᠣᠯ ᠰᠡᠳᠦᠪ ᠲᠣᠲᠣ ᠲᠣᠪᠣᠭᠣᠷ᠂ ᠰᠡᠳᠦᠪ ᠰᠣᠩᠭᠣᠯᠲᠠ ᠳ᠋ᠦ ᠰᠡᠳᠬᠢᠯᠭᠡ᠎ᠪᠠᠨ ᠠᠭᠣᠰᠬᠠᠵᠠᠢ᠃ ᠰᠢᠨ᠎ᠡ ᠲᠣᠮᠲᠠᠲᠣ ᠣᠯᠣᠰ ᠪᠠᠢᠭᠣᠯᠣᠬᠲᠠᠬᠰᠠᠨ 75 ᠵᠢᠯ᠎ᠤᠨ ᠣᠢ᠎ᠶᠢ ᠪᠡᠯᠭᠡᠯᠡᠬᠦ ᠪᠡᠷ ᠭᠣᠣᠯ ᠰᠡᠳᠦᠪ ᠪᠣᠯᠭᠠᠨ᠂ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ ᠪᠡᠷ ᠭᠣᠣᠯ ᠰᠢᠵᠢᠮ ᠪᠣᠯᠭᠠᠵᠦ᠂ᠣᠮᠠᠷᠠᠲᠣ ᠬᠢᠯᠢ᠎ᠶᠢᠨ ᠦᠨᠳᠦᠰᠦᠲᠡᠨ ᠨᠣᠬᠦᠳ᠎ᠤᠨ ᠠᠷᠠᠳ ᠲᠦᠮᠡᠨ ᠬᠠᠮᠲᠣ ᠪᠡᠷ ᠰᠣᠷᠣᠯᠴᠠᠨ ᠬᠠᠮᠲᠣ ᠪᠡᠷ ᠲᠠᠭᠣᠯᠠᠵᠦ᠂ ᠬᠠᠮᠲᠣ ᠪᠡᠷ ᠰᠣᠨᠢᠷᠬᠠᠨ ᠬᠠᠮᠲᠣ ᠪᠡᠷ ᠬᠦᠭᠡᠷᠦᠯᠲᠦᠵᠦ᠂ ᠬᠠᠮᠲᠣ ᠪᠡᠷ ᠪᠠᠢᠭᠣᠯᠵᠦ ᠬᠠᠮᠲᠣ ᠪᠡᠷ ᠡᠳ᠋ᠯᠡᠬᠦ ᠠᠮᠢᠲᠣᠯᠢᠬ ᠦᠢᠯᠡᠳᠦᠯᠭᠡ᠎ᠶᠢ ᠬᠦᠣᠷᠨᠢᠵᠦ᠂ ᠦᠨᠳᠦᠰᠦᠲᠡᠨ ᠨᠣᠬᠦᠳ᠎ᠤᠨ ᠠᠷᠠᠳ ᠲᠦᠮᠡᠨ ᠦᠷᠭᠡᠨ ᠶ᠋ᠢᠡᠷ ᠶᠠᠪᠣᠯᠴᠠᠵᠦ ᠰᠣᠯᠢᠯᠴᠠᠵᠦ ᠠᠭᠣᠰᠣᠯᠴᠠᠬᠰᠠᠨ ᠲᠡᠦᠬᠡᠨ ᠵᠠᠮᠨᠠᠯᠢ ᠲᠡᠯᠭᠡᠨ᠂ ᠣᠮᠠᠷᠠᠲᠣ ᠬᠢᠯᠢ᠎ᠶᠢᠨ ᠠᠭᠣᠲᠠᠮ ᠲᠠᠪᠴᠠᠩ ᠳ᠋ᠦ ᠠᠲᠠᠯᠢ ᠪᠣᠰᠣ ᠴᠠᠬ ᠦᠶ᠎ᠡ᠎ᠶᠢᠨ ᠲᠠᠭᠣᠣ ᠬᠦᠭᠵᠢᠮ᠎ᠢ ᠣᠲᠠᠭ᠎ᠠ ᠲᠠᠷᠠᠭᠠᠯᠠᠨ ᠢᠯᠡᠷᠡᠬᠦᠯᠵᠦ᠂ ᠶᠡᠷᠦᠩᠬᠡᠢ ᠱᠦᠵᠢ ᠰᠢ ᠵᠢᠨ ᠫᠢᠩ᠎ᠤᠨ ᠦᠪᠦᠷ ᠮᠣᠩᠭᠣᠯ ᠳ᠋ᠦ ᠲᠣᠰᠢᠶᠠᠬᠰᠠᠨ ᠲᠠᠪᠣᠨ ᠶᠡᠬᠡ ᠡᠬᠦᠷᠭᠡ ᠪᠣᠯᠣᠨ ᠵᠢᠱᠶ᠋ᠶᠡᠴᠢ ᠦᠪᠡᠷᠲᠡᠭᠡᠨ ᠵᠠᠰᠠᠬᠣ ᠣᠷᠣᠨ᠎ᠢ ᠪᠦᠬᠦ ᠲᠠᠯ᠎ᠠ ᠪᠡᠷ ᠪᠦᠲᠦᠭᠡᠨ ᠪᠠᠢᠭᠣᠯᠬᠣ ᠬᠣᠶᠠᠷ ᠲᠣᠮᠣ ᠶᠠᠪᠣᠲᠠᠯᠢ ᠪᠡᠶᠡᠯᠡᠬᠦᠯᠬᠦ ᠣᠶᠣᠨ ᠰᠠᠨᠠᠭᠠᠨ᠎ᠤ ᠬᠦᠴᠦᠨ ᠪᠣᠯᠵᠦ ᠪᠦᠷᠢᠯᠲᠦᠪᠡ᠃ ᠬᠣᠶᠠᠷ ᠲᠦ᠍᠂ ᠨᠠᠷᠢᠯᠢᠬ ᠲᠦᠰᠦᠪᠯᠡᠯ᠂ ᠨᠢᠮᠪᠠᠢ ᠬᠦᠣᠷᠨᠢᠯ ᠶ᠋ᠢᠡᠷ ᠬᠦᠮᠦᠰ᠎ᠤᠨ ᠰᠡᠳᠬᠢᠯ᠎ᠢ ᠬᠦᠲᠡᠯᠭᠡᠵᠡᠢ᠃ ᠨᠢᠭᠡᠲᠦᠯᠲᠡᠢ ᠣᠬᠠᠭᠠᠯᠠᠨ ᠨᠢᠭᠡᠲᠦᠯᠲᠡᠢ ᠵᠢᠯᠣᠭᠣᠳᠴᠣ ᠨᠢᠭᠡᠲᠦᠯᠲᠡᠢ ᠬᠠᠮᠢᠶᠠᠷᠴᠣ᠂ ᠣᠬᠠᠭᠠᠯᠠᠯ᠂ ᠰᠣᠷᠪᠣᠯᠵᠢᠯᠠᠭ᠎ᠠ᠂ ᠦᠢᠯᠡᠳᠬᠦ᠂ ᠰᠢᠨ᠎ᠡ᠎ᠶᠢ ᠡᠬᠦᠳᠬᠦ᠂ ᠬᠢᠨᠠᠬᠣ᠂ ᠨᠡᠢᠲᠡᠯᠡᠬᠦ ᠵᠡᠷᠭᠡ ᠡᠯ᠎ᠡ ᠭᠣᠬᠴᠣᠭᠠ ᠲᠠᠷᠠᠭᠠᠯᠠᠯ᠎ᠢ ᠴᠢᠩᠭ᠎ᠠ ᠵᠢᠷᠣᠮᠵᠢᠭᠣᠯᠵᠦ᠂ ᠣᠲᠣᠷᠢᠲᠣᠮᠵᠢ᠎ᠶᠢᠨ ᠴᠢᠨᠠᠷ᠂ ᠨᠠᠢᠲᠠᠪᠣᠷᠢᠲᠣ ᠴᠢᠨᠠᠷ᠂ ᠰᠣᠨᠢᠷᠬᠠᠯᠲᠣ ᠴᠢᠨᠠᠷ᠎ᠢ ᠪᠠᠲᠣᠯᠠᠵᠦ᠂ 《ᠣᠮᠠᠷᠠᠲᠣ ᠬᠢᠯᠢ᠎ᠶᠢᠨ ᠰᠣᠶᠣᠯ》 ᠤ᠋ᠨ ᠭᠣᠣᠯᠯᠠᠬᠣ ᠣᠢᠯᠠᠭᠠᠬᠲᠠᠬᠣᠨ ᠢ ᠲᠣᠪᠣᠢᠯᠭᠠᠵᠦ᠂ ᠦᠪᠦᠷ ᠮᠣᠩᠭᠣᠯ᠎ᠤᠨ ᠦᠯᠢᠭᠡᠷ᠎ᠢ ᠰᠠᠢᠳᠤᠷ ᠶᠠᠷᠢᠵᠠᠢ᠃

ᠰᠤᠷᠪᠤᠯᠵᠢᠯᠠᠭ᠎ᠠ ᠵᠢᠨ ᠰᠢᠨ᠎ᠡ ᠡᠬᠦᠳᠦᠯᠳᠡ
ᠠᠭᠣᠰᠣᠯᠴᠠᠨ ᠰᠢᠨ᠎ᠡ᠎ᠶᠢ ᠡᠬᠦᠳᠴᠦ᠂ ᠭᠣᠷᠪᠠᠨ ᠱᠠᠲᠣᠨ᠎ᠤ ᠬᠣᠯᠪᠣᠭᠠᠯᠠᠯ ᠲᠣᠮᠲᠠ《ᠵᠦᠭ ᠪᠦᠬᠦᠨ ᠳ᠋ᠦ ᠲᠠᠷᠬᠠᠬᠣ》 ᠶ᠋ᠢ ᠪᠡᠶᠡᠯᠡᠬᠦᠯᠪᠡ᠃ ᠰᠣᠶᠣᠯ ᠣᠷᠠᠯᠢᠬ᠎ᠤᠨ ᠬᠠᠷᠠᠭᠠᠰᠣ ᠡᠴᠡ ᠦᠨᠳᠦᠰᠦᠲᠡᠨ᠎ᠤ ᠪᠦᠯᠬᠦᠮᠲᠡᠯ ᠪᠣᠯᠣᠨ ᠣᠯᠠᠨ ᠣᠯᠣᠰ᠎ᠤᠨ ᠲᠠᠮᠵᠢᠭᠣᠯᠭᠠᠶᠢ ᠠᠬᠢᠭᠣᠯᠬᠣ᠎ᠶᠢ ᠴᠢᠬᠣᠯᠠᠴᠢᠯᠠᠵᠦ᠂ ᠨᠠᠷᠢᠯᠢᠬᠵᠢᠭᠣᠯᠣᠬᠰᠠᠨ᠂ ᠲᠠᠭᠠᠭᠠᠮᠠᠭᠠᠢᠵᠢᠬᠰᠠᠨ ᠰᠣᠶᠣᠯ ᠣᠷᠠᠯᠢᠬ᠎ᠤᠨ ᠮᠡᠷᠭᠡᠵᠢᠯ ᠶ᠋ᠢᠡᠷ ᠣᠯᠠᠮᠵᠢᠯᠠᠵᠦ᠂ ᠲᠣᠲᠣᠭᠠᠲᠣ ᠭᠠᠲᠠᠭᠠᠲᠣ᠎ᠶᠢᠨ ᠬᠦᠮᠦᠨ ᠰᠣᠶᠣᠯ᠎ᠤᠨ ᠰᠣᠯᠢᠯᠴᠠᠭ᠎ᠠ ᠪᠣᠯᠣᠨ ᠬᠠᠷᠢᠯᠴᠠᠭ᠎ᠠ᠎ᠶᠢ ᠠᠬᠢᠭᠣᠯᠵᠦ᠂ ᠪᠣᠰᠣᠭ᠎ᠠ ᠴᠣᠬᠴᠠᠵᠢᠬᠰᠠᠨ ᠭᠠᠲᠠᠭᠠᠲᠣ ᠳ᠋ᠦ ᠬᠠᠨᠲᠣᠭᠣᠯᠣᠬᠰᠠᠨ ᠰᠣᠶᠣᠯ᠎ᠤᠨ ᠲᠠᠮᠵᠢᠭᠣᠯᠭᠠᠶᠢᠨ ᠣᠷᠣᠨ ᠵᠠᠢ᠎ᠶᠢᠨ ᠪᠠᠢᠷᠢᠯᠠᠭᠣᠯᠣᠯᠲᠠᠶᠢ ᠪᠣᠢ ᠪᠣᠯᠭᠠᠵᠦ᠂ ᠨᠡᠩ ᠪᠦᠲᠦᠮᠵᠢᠲᠡᠢ ᠠᠷᠠᠳ᠎ᠤᠨ ᠲᠣᠮᠲᠠᠬᠢ ᠣᠬᠠᠭᠣᠯᠭ᠎ᠠ ᠪᠣᠯᠣᠨ ᠣᠯᠠᠨ ᠣᠯᠣᠰ᠎ᠤᠨ ᠲᠠᠮᠵᠢᠭᠣᠯᠭᠠᠶᠢ ᠪᠦᠷᠢᠯᠲᠦᠬᠦᠯᠵᠡᠢ᠃ ᠨᠢᠭᠡ ᠳ᠋ᠦ ᠬᠠᠮᠲᠣᠷᠠᠨ ᠬᠦᠴᠦᠯᠡᠵᠦ ᠦᠷ᠎ᠡ ᠪᠦᠲᠦᠮᠵᠢ ᠪᠠᠨ ᠣᠯᠠᠮ ᠲᠡᠭᠡᠭᠰᠢᠯᠡᠬᠦᠯᠪᠡ᠃ ᠣᠯᠠᠨ ᠣᠲᠠᠭᠠᠨ᠎ᠤ ᠵᠣᠬᠢᠴᠠᠭᠣᠯᠬᠣ ᠬᠣᠷᠠᠯ᠂ ᠣᠬᠠᠭᠠᠯᠠᠯ ᠲᠦᠰᠦᠪᠯᠡᠯ᠂ ᠶᠠᠷᠢᠯᠴᠠᠭ᠎ᠠ ᠰᠣᠲᠣᠯᠭᠠ᠂ ᠦᠨᠡᠯᠡᠯᠲᠡ ᠵᠡᠷᠭᠡ ᠠᠵᠢᠯ᠎ᠢ ᠵᠣᠬᠢᠶᠠᠨ ᠪᠠᠢᠭᠣᠯᠵᠦ᠂ ᠬᠠᠮ ᠵᠠᠭᠣᠴᠢᠯᠠᠭᠣᠷ᠎ᠤᠨ ᠮᠡᠳᠡᠭᠡᠯᠡᠬᠦ ᠲᠦᠰᠦᠪ ᠶ᠋ᠢᠡᠨ ᠲᠡᠬᠦᠯᠲᠡᠷᠵᠢᠬᠦᠯᠵᠦ᠂《ᠣᠮᠠᠷᠠᠲᠣ ᠬᠢᠯᠢ᠎ᠶᠢᠨ ᠰᠣᠶᠣᠯ》 ᠢ᠋ ᠠᠭᠣᠲᠠᠯᠣᠨ᠂ ᠲᠣᠮᠲᠠᠲᠣ ᠵᠢᠨ ᠦᠯᠢᠭᠡᠷ᠎ᠢ ᠰᠠᠢᠲᠣᠷ ᠶᠠᠷᠢᠬᠣ ᠪᠡᠷ ᠮᠡᠳᠡᠭᠡᠯᠡᠬᠦ ᠰᠡᠳᠦᠪ ᠪᠣᠯᠣᠨ ᠢᠯᠡᠷᠡᠬᠦᠯᠬᠦ ᠬᠡᠯᠪᠡᠷᠢ ᠪᠣᠯᠭᠠᠵᠦ᠂ ᠰᠦᠯᠵᠢᠶᠡᠨ ᠲᠡᠭᠡᠷ᠎ᠡ ᠪᠠ ᠰᠦᠯᠵᠢᠶᠡᠨ ᠭᠠᠲᠠᠨ᠎ᠠ᠂ ᠰᠣᠨᠢᠨ ᠰᠦᠯᠵᠢᠶ᠎ᠡ᠂ ᠲᠣᠮᠣ ᠵᠢᠵᠢᠭ ᠲᠡᠯᠭᠡᠴᠡ᠂ ᠲᠣᠲᠣᠭᠠᠲᠣ ᠣᠬᠠᠭᠣᠯᠭ᠎ᠠ ᠭᠠᠲᠠᠭᠠᠲᠣ ᠣᠬᠠᠭᠣᠯᠭ᠎ᠠ ᠭᠣᠷᠪᠠᠨ ᠱᠠᠲᠣᠨ᠎ᠤ ᠵᠠᠭᠣᠴᠢᠯᠠᠭᠣᠷ ᠬᠣᠯᠪᠣᠭᠠᠯᠠᠨ ᠬᠦᠲᠡᠯᠦᠯᠴᠡᠭᠰᠡᠨ ᠪᠠᠢᠲᠠᠯ᠎ᠢ ᠪᠣᠢ ᠪᠤᠯᠭᠠᠵᠠᠢ᠃ ᠬᠣᠶᠠᠷ ᠲᠦ᠍ ᠰᠢᠯᠢᠲᠡᠭ ᠡᠴᠡ ᠰᠢᠯᠢᠲᠡᠭᠢ ᠰᠣᠩᠭᠣᠵᠦ᠂ ᠰᠡᠳᠬᠢᠯ᠎ᠤᠨ ᠬᠦᠨ ᠳ᠋ᠦ ᠨᠡᠪᠲᠡᠷᠡᠪᠡ᠃ ᠨᠡᠢᠲᠡᠯᠡᠬᠦ ᠴᠠᠬ ᠶ᠋ᠢᠡᠨ ᠨᠠᠷᠢᠯᠢᠬ ᠲᠣᠬᠲᠠᠭᠠᠵᠦ᠂ ᠠᠵᠢᠯ᠎ᠤᠨ ᠠᠬᠢᠴᠠ ᠪᠠᠨ ᠵᠢᠷᠣᠮᠵᠢᠭᠣᠯᠵᠦ᠂ ᠨᠠᠷᠢᠯᠢᠬ ᠪᠠᠢᠷᠢᠯᠠᠭᠣᠯᠣᠯᠲᠠ᠂ ᠨᠢᠬᠲᠠ ᠲᠠᠷᠠᠭᠠᠯᠠᠯ ᠶ᠋ᠢᠡᠷ ᠠᠬᠢᠭᠣᠯᠵᠦ᠂ ᠲᠠᠭᠣᠣ ᠪᠣᠯᠭᠠᠨ᠎ᠢ ᠨᠠᠷᠢᠯᠢᠬ ᠰᠣᠩᠭᠣᠵᠣ᠂ ᠰᠣᠷᠪᠣᠯᠵᠢᠯᠠᠭ᠎ᠠ ᠨᠢᠭᠡᠪᠦᠷᠢ᠎ᠶᠢ ᠨᠢᠮᠪᠠᠢ ᠲᠣᠬᠢᠷᠠᠭᠣᠯᠵᠦ᠂ ᠦᠨᠡᠯᠡᠯᠲᠡ ᠪᠣᠯᠭᠠᠨ ᠨᠢ ᠲᠣᠰᠬᠠᠢ ᠮᠡᠷᠭᠡᠵᠢᠯ᠎ᠤᠨ ᠪᠠᠢᠬᠣ᠂ ᠦᠢᠯᠡᠳᠬᠦᠨ ᠪᠦᠷᠢ ᠨᠢ ᠰᠣᠩᠭᠣᠲᠠᠬ ᠪᠠᠢᠬᠣ᠎ᠶᠢ ᠪᠠᠲᠣᠯᠠᠪᠠ᠃ ᠣᠶᠠᠩᠭ᠎ᠠ ᠲᠠᠭᠣᠣ ᠨᠢᠭᠡᠪᠦᠷᠢ ᠳ᠋ᠦ ᠡᠬᠡ ᠣᠯᠣᠰ᠎ᠤᠨ ᠪᠦᠲᠦᠭᠡᠨ ᠪᠠᠢᠭᠣᠯᠣᠯᠲᠠ᠂ ᠦᠨᠳᠦᠰᠦᠲᠡᠨ᠎ᠤ ᠰᠡᠷᠬᠦᠨ ᠮᠠᠨᠲᠣᠯ᠂ ᠰᠣᠶᠣᠯ᠎ᠤᠨ ᠬᠦᠭᠵᠢᠯ ᠴᠡᠴᠡᠭᠯᠡᠯ᠎ᠢ ᠲᠡᠮᠲᠡᠭᠯᠡᠵᠦ᠂ ᠡᠯ᠎ᠡ ᠦᠨᠳᠦᠰᠦᠲᠡᠨ᠎ᠤ ᠠᠷᠠᠳ ᠲᠦᠮᠡᠨ᠎ᠤ ᠡᠷᠡᠯᠬᠡᠭᠯᠡᠨ ᠲᠡᠮᠡᠴᠡᠬᠦ ᠵᠣᠷᠢᠬ ᠰᠠᠨᠠᠭ᠎ᠠ ᠪᠣᠯᠣᠨ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ ᠰᠣᠶᠣᠯ᠎ᠤᠨ ᠢᠲᠡᠭᠡᠯ᠎ᠢ ᠢᠯᠡᠷᠡᠬᠦᠯᠵᠦ᠂ ᠬᠦᠭᠵᠢᠮ᠎ᠤᠨ ᠬᠡᠯᠡ ᠪᠡᠷ《ᠲᠠᠭᠣᠣ ᠬᠦᠭᠵᠢᠮ᠎ᠤᠨ ᠭᠠᠲᠠᠭᠠᠲᠣ ᠬᠠᠷᠢᠯᠴᠠᠭ᠎ᠠ》 ᠦᠷᠨᠢᠬᠦᠯᠵᠦ᠂ ᠰᠣᠶᠣᠯ᠎ᠤᠨ ᠰᠣᠯᠢᠯᠴᠠᠭ᠎ᠠ ᠪᠣᠯᠣᠨ ᠬᠠᠮᠲᠣ᠎ᠶᠢᠨ ᠲᠠᠨᠢᠯᠲᠠ᠎ᠶᠢ ᠠᠬᠢᠭᠣᠯᠵᠠᠢ᠃

ᠮᠡᠳᠡᠭᠡᠯᠡᠯ᠎ᠤᠨ ᠰᠢᠨ᠎ᠡ ᠡᠭᠦᠳᠦᠯᠳᠡ
ᠰᠣᠩᠭᠣᠲᠠᠬ ᠲᠠᠭᠣᠣ᠎ᠶᠢ ᠡᠷᠬᠢᠴᠡᠬᠦᠯᠦᠨ ᠰᠣᠨᠢᠷᠬᠠᠵᠦ᠂ ᠣᠯᠠᠮᠵᠢᠯᠠᠨ ᠲᠠᠭᠣᠯᠠᠵᠦ᠂ ᠵᠣᠬᠢᠶᠠᠨ ᠪᠦᠲᠦᠭᠡᠭᠲᠡᠭᠰᠡᠨ ᠴᠠᠬ ᠦᠶ᠎ᠡ᠎ᠶᠢᠨ ᠣᠯᠪᠠᠭ᠎ᠠ᠂ ᠲᠡᠮᠡᠴᠡᠯ᠎ᠤᠨ ᠲᠡᠦᠬᠡ᠂ ᠪᠦᠯᠬᠦᠮᠲᠡᠯ᠎ᠤᠨ ᠲᠣᠣᠯᠢᠰᠢ ᠬᠦᠨᠵᠡᠭᠡᠢ ᠠᠭᠣᠲᠠᠯᠬᠣ ᠨᠢ ᠢᠲᠡᠭᠡᠯ ᠵᠣᠷᠢᠬ ᠶ᠋ᠢᠡᠨ ᠪᠠᠲᠣᠳᠬᠠᠵᠦ᠂ ᠠᠷᠠᠳ᠎ᠤᠨ ᠰᠡᠳᠬᠢᠯ᠎ᠢ ᠨᠢᠬᠲᠠᠷᠠᠭᠣᠯᠵᠦ ᠲᠦᠷᠢ ᠲᠦᠷᠬᠦ ᠪᠠᠨ ᠱᠣᠭᠣᠬᠣ ᠳ᠋ᠦ ᠴᠢᠬᠣᠯᠠ ᠠᠴᠢ ᠬᠣᠯᠪᠣᠬᠲᠠᠯ ᠲᠠᠢ᠃ 《 ᠣᠮᠠᠷᠠᠲᠣ ᠬᠢᠯᠢ᠎ᠶᠢᠨ ᠲᠠᠭᠣᠯᠠᠯ 》 ᠬᠠᠮ ᠵᠠᠭᠣᠴᠢᠯᠠᠭᠣᠷ᠎ᠤᠨ ᠮᠡᠳᠡᠭᠡᠯᠡᠯ ᠲᠡᠦᠬᠡ ᠵᠢ ᠡᠷᠬᠢᠴᠡᠬᠦᠯᠬᠦ᠂ ᠦᠯᠢᠭᠡᠷ ᠶᠠᠷᠢᠬᠣ᠂ ᠲᠣᠰᠬᠠᠢ ᠮᠡᠷᠭᠡᠵᠢᠯ᠎ᠤᠨ ᠦᠨᠡᠯᠡᠯᠲᠡ ᠬᠢᠬᠦ ᠵᠡᠷᠭᠡ ᠠᠭᠤᠯᠭ᠎ᠠ ᠪᠠᠷ 《ᠦᠰᠦᠭ ᠪᠢᠴᠢᠭ + ᠭᠡᠷᠡᠯ ᠵᠢᠷᠣᠬ + ᠪᠢᠴᠢᠯ ᠸᠢᠳᠢᠣ᠋ + ᠲᠠᠭᠣᠨ ᠲᠠᠪᠲᠠᠮᠵᠢ + ᠲᠠᠭᠣᠣ᠎ᠶᠢᠨ ᠦᠭᠡ + ᠨᠣᠲ + ᠲᠣᠰᠬᠠᠢ ᠮᠡᠷᠭᠡᠵᠢᠯᠲᠡᠨ᠎ᠤ ᠦᠨᠡᠯᠡᠯᠲᠡ + ᠣᠷᠲᠣ ᠡᠪᠬᠡᠭᠡᠰᠦ 》 ᠤ᠋ᠨ ᠬᠡᠯᠪᠡᠷᠢ ᠪᠡᠷ ᠮᠡᠳᠡᠭᠡᠯᠡᠪᠡ᠃ ᠮᠡᠳᠡᠭᠡᠯᠡᠯ ᠡᠯ᠎ᠡ ᠲᠠᠪᠴᠠᠩ ᠶ᠋ᠢᠡᠷ ᠦᠳᠲᠡᠷ ᠲᠦᠭᠡᠨ᠂ ᠣᠩᠰᠢᠬᠴᠢ ᠪᠣᠯᠣᠨ ᠬᠡᠷᠡᠭᠯᠡᠭᠴᠢᠳ᠎ᠤᠨ ᠠᠩᠬᠠᠷᠬᠣ᠂ ᠣᠷᠣᠯᠴᠠᠬᠣ᠂ ᠦᠨᠡᠯᠡᠬᠦ᠎ᠶᠢ ᠴᠢᠨᠠᠬᠰᠢᠲᠠ ᠲᠡᠭᠡᠭᠰᠢᠯᠡᠬᠦᠯᠵᠦ᠂ 《ᠠᠶᠠᠯᠭᠣᠲᠣ ᠵᠢᠭᠣᠯᠴᠢᠯᠠᠯ ᠦᠪᠦᠷ ᠮᠣᠩᠭᠣᠯ》 ᠣᠷᠣᠨ ᠪᠦᠰᠡ᠎ᠶᠢᠨ ᠰᠣᠶᠣᠯ ᠵᠢᠭᠣᠯᠴᠢᠯᠠᠯ᠎ᠤᠨ ᠲᠦᠷᠦᠯ ᠲᠡᠮᠲᠡᠭ᠎ᠢ ᠦᠷᠭᠡᠳᠭᠡᠬᠦ ᠳ᠋ᠦ ᠦᠢᠯᠡᠴᠢᠯᠡᠵᠦ 《ᠣᠮᠠᠷᠠᠲᠣ ᠬᠢᠯᠢ᠎ᠶᠢᠨ ᠰᠣᠶᠣᠯ》 ᠤ᠋ᠨ ᠲᠦᠷᠦᠯ ᠲᠡᠮᠲᠡᠭ᠎ᠢ ᠠᠯᠲᠠᠷᠰᠢᠭᠣᠯᠣᠬᠰᠠᠨ ᠪᠠᠢᠨ᠎ᠠ᠃

ᠪᠢᠳᠡ ᠨᠡᠭᠡᠯᠲᠡᠯᠢᠭ ᠮᠦᠷᠲᠡᠭᠡᠨ ᠲᠡᠯᠭᠡᠷ ᠬᠠᠷᠠᠭᠠᠰᠣ ᠪᠡᠷ ᠲᠠᠭᠣᠣ ᠬᠦᠭᠵᠢᠮ ᠪᠣᠯ ᠬᠦᠮᠦᠨ ᠲᠦᠷᠦᠯᠬᠢᠲᠡᠨ᠎ᠤ ᠬᠠᠮᠲᠣ᠎ᠶᠢᠨ ᠬᠡᠯᠡ ᠪᠣᠯᠬᠣ ᠦᠢᠯᠡᠲᠦᠯ᠎ᠢ ᠬᠦᠢᠴᠡᠳ ᠪᠠᠲᠠᠷᠠᠭᠣᠯᠣᠨ᠂ ᠭᠠᠲᠠᠭᠠᠲᠣ ᠣᠬᠠᠭᠣᠯᠭ᠎ᠠ᠎ᠶᠢᠨ ᠠᠵᠢᠯ ᠲᠣᠮᠲᠠ ᠲᠡᠬᠦᠨ᠎ᠤ ᠣᠯᠠᠮᠵᠢᠯᠠᠨ ᠲᠠᠮᠵᠢᠭᠣᠯᠬᠣ ᠴᠢᠲᠠᠪᠬᠢ ᠪᠣᠯᠣᠨ ᠰᠣᠶᠣᠯ᠎ᠤᠨ ᠦᠷᠲᠡᠭ᠎ᠢ ᠦᠷᠭᠡᠳᠭᠡᠵᠦ᠂ ᠰᠣᠯᠣᠩᠭ᠎ᠠ ᠪᠦᠷᠢᠨ ᠵᠠᠭᠣᠴᠢᠯᠠᠭᠣᠷ᠎ᠤᠨ ᠲᠠᠪᠴᠠᠩ ᠶ᠋ᠢᠡᠷ ᠲᠠᠮᠵᠢᠭᠣᠯᠣᠨ ᠭᠠᠲᠠᠭᠠᠲᠣ ᠣᠬᠠᠭᠣᠯᠭ᠎ᠠ ᠬᠢᠵᠦ᠂ ᠲᠣᠮᠲᠠᠲᠣ ᠣᠯᠣᠰ᠎ᠤᠨ ᠦᠯᠢᠭᠡᠷ᠎ᠢ ᠰᠠᠢᠲᠣᠷ ᠶᠠᠷᠢᠵᠦ᠂ ᠲᠣᠮᠲᠠᠲᠣ᠎ᠶᠢᠨ ᠰᠣᠶᠣᠯ᠎ᠢ ᠣᠯᠠᠮᠵᠢᠯᠠᠵᠦ 《 ᠢᠲᠡᠭᠡᠮᠵᠢ᠎ᠲᠠᠢ ᠂ ᠬᠠᠢᠷᠠᠯᠠᠯᠲᠠᠢ ᠂ ᠬᠦᠨᠳᠦᠳᠭᠡᠯᠲᠡᠢ ᠲᠣᠮᠲᠠᠲᠣ ᠣᠯᠣᠰ᠎ᠤᠨ ᠲᠦᠷᠢ ᠲᠦᠷᠬᠦ》 ᠶ᠋ᠢ ᠬᠠᠷᠠᠭᠣᠯᠬᠣ ᠳ᠋ᠦ ᠣᠨᠴᠠᠭᠠᠢ ᠦᠢᠯᠡᠲᠦᠯ ᠦᠵᠡᠬᠦᠯᠵᠡᠢ᠃
ᠲᠠᠮᠵᠢᠭᠤᠯᠭ᠎ᠠ ᠵᠢᠨ ᠰᠢᠨ᠎ᠡ ᠡᠭᠦᠳᠦᠯᠳᠡ
ᠲᠠᠮᠵᠢᠭᠣᠯᠭᠠᠶᠢᠨ ᠰᠢᠨ᠎ᠡ᠎ᠶᠢ ᠡᠬᠦᠳᠴᠦ᠂ ᠣᠯᠠᠨ ᠲᠠᠪᠬᠣᠷᠭ᠎ᠠ ᠪᠡᠷ ᠲᠦᠭᠡᠵᠦ 《ᠵᠠᠢ ᠵᠠᠪᠰᠠᠷ ᠦᠭᠡᠢ ᠰᠠᠴᠣᠬᠣ》 ᠶ᠋ᠢ ᠪᠡᠶᠡᠯᠡᠬᠦᠯᠪᠡ᠃ ᠲᠠᠮᠵᠢᠭᠣᠯᠭᠠᠶᠢᠨ ᠬᠡᠯᠪᠡᠷᠢ᠎ᠶᠢᠨ ᠨᠡᠭᠡᠯᠲᠡᠯᠢᠭ ᠴᠢᠨᠠᠷ᠂ ᠰᠣᠯᠪᠢᠴᠠᠯ ᠴᠢᠨᠠᠷ᠎ᠢ ᠴᠢᠬᠣᠯᠠᠴᠢᠯᠠᠵᠦ᠂ ᠮᠡᠳᠡᠭᠡᠯᠡᠯ᠎ᠤᠨ ᠠᠭᠣᠯᠣᠬᠲᠠᠬᠣᠨᠢ ᠪᠠᠲᠣᠯᠠᠪᠠ᠃ ᠭᠣᠣᠯ ᠰᠡᠳᠦᠪ ᠶ᠋ᠢᠡᠨ ᠨᠠᠷᠢᠯᠢᠬ ᠲᠣᠬᠲᠠᠭᠠᠵᠦ᠂ ᠡᠬᠢᠯᠡᠯᠲᠡ᠎ᠶᠢᠨ ᠠᠶ᠎ᠠ᠎ᠶᠢᠨ ᠰᠢᠨ᠎ᠡ᠎ᠶᠢ ᠡᠬᠦᠳᠴᠦ᠂ ᠴᠠᠬ ᠦᠶᠡᠴᠢ ᠴᠢᠨᠠᠷ ᠲᠠᠢ ᠬᠦᠭᠵᠢᠮ ᠴᠣᠣᠷᠢᠶᠠᠲᠣᠨ ᠬᠠᠩᠬᠢᠨᠠᠵᠦ᠂ ᠣᠷᠣᠰᠣᠨ ᠬᠠᠩᠬᠢᠨᠠᠬᠣ ᠬᠦᠭᠵᠢᠮ ᠪᠣᠯᠣᠨ ᠣᠶᠠᠩᠭᠠᠷᠠᠨ ᠴᠣᠣᠷᠢᠶᠠᠲᠣᠬᠣ ᠲᠠᠭᠣᠣ ᠨᠢ ᠬᠠᠮ ᠵᠠᠭᠣᠴᠢᠯᠠᠭᠣᠷ᠎ᠤᠨ ᠮᠡᠳᠡᠭᠡᠯᠡᠯ᠎ᠤᠨ《ᠲᠠᠭᠣᠯᠠᠯ》 ᠪᠣᠯᠵᠦ᠂ ᠢᠯᠠ ᠲᠣᠲᠣ ᠣᠨᠴᠠᠯᠢᠬ ᠲᠠᠢ ᠮᠦᠷᠲᠡᠭᠡᠨ ᠢᠲᠡᠪᠬᠢ ᠬᠦᠴᠦᠨ᠎ᠢ ᠨᠡᠢᠳᠭᠡᠵᠦ 75 ᠲᠠᠭᠣᠣ ᠪᠣᠯᠣᠨ 75 ᠦᠢᠯᠡᠳᠬᠦᠨ ᠨᠢ ᠣᠯᠠᠨ᠎ᠤ ᠰᠡᠳᠬᠢᠯ ᠳ᠋ᠦ ᠬᠣᠨᠣᠬᠰᠢᠨ ᠤᠨ ᠴᠠᠬ᠎ᠤᠨ ᠰᠢᠯᠭᠠᠯᠲᠠ᠎ᠶᠢ ᠲᠠᠭᠠᠭᠠᠵᠦ ᠴᠢᠲᠠᠬᠣ ᠪᠣᠯᠪᠠ᠃ ᠠᠵᠢᠯ᠎ᠤᠨ ᠭᠣᠣᠯᠲᠠᠯᠭ᠎ᠠ ᠪᠣᠯᠣᠨ ᠣᠬᠠᠭᠣᠯᠭ᠎ᠠ᠎ᠶᠢᠨ ᠣᠲᠣᠷᠢᠲᠣᠮᠵᠢ᠎ᠶᠢ ᠡᠵᠡᠮᠲᠡᠨ᠂ ᠣᠯᠠᠨ ᠶᠠᠩᠵᠣ᠎ᠲᠦ ᠴᠢᠨᠠᠷᠲᠠᠢ᠂ ᠪᠦᠬᠦ ᠲᠠᠯ᠎ᠠ᠎ᠶᠢᠨ ᠴᠢᠨᠠᠷᠲᠠᠢ᠂ ᠪᠣᠰᠣᠭ᠎ᠠ ᠴᠣᠬᠴᠠᠵᠢᠬᠰᠠᠨ ᠮᠡᠳᠡᠭᠡᠯᠡᠯ᠎ᠤᠨ ᠪᠠᠢᠷᠢᠰᠢᠯ᠎ᠢ ᠪᠦᠷᠢᠯᠲᠦᠬᠦᠯᠪᠡ᠃ ᠣᠯᠣᠰ᠎ᠤᠨ ᠭᠠᠲᠠᠭᠠᠲᠣ ᠳ᠋ᠡᠬᠢ ᠨᠡᠢᠭᠡᠮ᠎ᠤᠨ ᠬᠠᠷᠢᠯᠴᠠᠭᠠᠨ᠎ᠤ ᠲᠠᠪᠴᠠᠩ᠎ᠤᠨ ᠪᠦᠬᠦ ᠲᠡᠯᠡᠬᠡᠢ ᠳ᠋ᠦ ᠬᠠᠨᠲᠣᠭᠣᠯᠣᠬᠰᠠᠨ ᠲᠠᠪᠠᠭᠣᠯᠢᠬᠢ ᠬᠦᠢᠴᠡᠳ ᠠᠰᠢᠬᠯᠠᠨ᠂ ᠶᠠᠷᠢᠬᠣᠢᠶᠢᠨ ᠰᠢᠨ᠎ᠡ᠎ᠶᠢ ᠡᠬᠦᠳᠬᠦ᠂ ᠠᠭᠣᠰᠣᠯᠴᠠᠯ᠎ᠤᠨ ᠰᠢᠨ᠎ᠡ᠎ᠶᠢ ᠡᠬᠦᠳᠬᠦ ᠪᠠ ᠣᠨᠣᠴᠠᠲᠠᠢ ᠲᠠᠮᠵᠢᠭᠣᠯᠭᠠᠶᠢ ᠴᠢᠩᠭᠠᠳᠬᠠᠪᠠ᠃ 《 ᠣᠮᠠᠷᠠᠲᠣ ᠬᠢᠯᠢ᠎ᠶᠢᠨ ᠲᠠᠭᠣᠯᠠᠯ 》 ᠤ᠋ᠨ ᠬᠠᠮ ᠵᠠᠭᠣᠴᠢᠯᠠᠭᠣᠷ᠎ᠤᠨ ᠮᠡᠳᠡᠭᠡᠯᠡᠯ ᠨᠢ ᠬᠠᠩᠬᠢᠨᠠᠨ ᠴᠣᠣᠷᠢᠶᠠᠲᠣᠬᠣ ᠢᠷᠠᠭᠣ ᠠᠶᠠᠰ ᠮᠡᠲᠦ ᠪᠡᠷ ᠲᠣᠬᠠᠢ᠎ᠶᠢᠨ ᠲᠠᠭᠣᠣ᠎ᠶᠢᠨ ᠲᠡᠦᠬᠡᠨ ᠠᠭᠣᠯᠣᠬᠲᠠᠬᠣᠨ᠂ ᠴᠠᠬ ᠦᠶ᠎ᠡ᠎ᠶᠢᠨ ᠠᠭᠣᠯᠣᠬᠲᠠᠬᠣᠨ᠂ ᠰᠡᠳᠬᠢᠯᠭᠡ᠎ᠶᠢᠨ ᠣᠢᠯᠠᠭᠠᠬᠲᠠᠬᠣᠨᠢ ᠮᠡᠲᠡᠷᠡᠬᠦᠯᠵᠦ᠂ ᠰᠢᠨ᠎ᠡ ᠲᠣᠮᠲᠠᠲᠣ ᠣᠯᠣᠰ ᠪᠠᠢᠭᠣᠯᠣᠬᠲᠠᠬᠰᠠᠨ 75 ᠵᠢᠯ᠎ᠤᠨ ᠣᠢ᠎ᠶᠢᠨ ᠭᠣᠣᠯ ᠰᠡᠳᠦᠪᠲᠦ ᠣᠬᠠᠭᠣᠯᠭ᠎ᠠ᠎ᠶᠢᠨ ᠦᠷᠨᠢᠯᠢ ᠪᠣᠢ ᠪᠣᠯᠭᠠᠵᠠᠢ᠃ ᠦᠵᠡᠯ ᠰᠠᠨᠠᠭᠠᠨ᠎ᠤ ᠬᠦᠨᠴᠡ᠂ ᠣᠷᠠᠯᠢᠬ᠎ᠤᠨ ᠦᠷᠲᠡᠭ ᠪᠣᠯᠣᠨ ᠦᠢᠯᠡᠳᠬᠦᠨ᠎ᠤ ᠰᠢᠯᠢᠲᠡᠭ᠂ ᠣᠷᠠᠯᠢᠬ ᠲᠠᠭᠣᠣ᠎ᠶᠢᠨ ᠰᠣᠲᠣᠨ ᠪᠦᠲᠦᠭᠡᠯ ᠶ᠋ᠢᠡᠷ ᠭᠣᠣᠯ ᠰᠡᠳᠦᠪᠲᠦ ᠮᠡᠳᠡᠭᠡᠯᠡᠯ᠎ᠤᠨ ᠲᠠᠮᠵᠢᠭᠣᠯᠭᠠᠶᠢᠨ ᠬᠦᠴᠦᠨ᠂ ᠨᠦᠯᠦᠭᠡᠯᠡᠬᠦ ᠬᠦᠴᠦᠨ᠎ᠢ ᠴᠢᠩᠭᠠᠷᠠᠭᠣᠯᠵᠦ ᠮᠣᠩᠭᠣᠯ ᠪᠦᠷᠢᠨ ᠵᠠᠭᠣᠴᠢᠯᠠᠭᠣᠷ ᠬᠢᠭᠡᠳ ᠰᠣᠯᠣᠩᠭ᠎ᠠ ᠭᠠᠲᠠᠭᠠᠲᠣ ᠣᠬᠠᠭᠣᠯᠭ᠎ᠠ᠎ᠶᠢᠨ ᠲᠠᠪᠴᠠᠩ ᠶ᠋ᠢᠡᠷ ᠲᠠᠮᠵᠢᠭᠣᠯᠣᠬᠰᠠᠨ ᠶᠡᠷᠦᠩᠬᠡᠢ ᠬᠡᠮᠵᠢᠶ᠎ᠡ 1000 + ᠲᠦᠮᠡ᠂ ᠶᠡᠷᠦᠩᠬᠡᠢ ᠲᠠᠭᠠᠰᠢᠶᠠᠬᠰᠠᠨ ᠲᠠᠷᠣᠮ᠎ᠤᠨ ᠬᠡᠮᠵᠢᠶ᠎ᠡ 20 + ᠲᠦᠮᠡ ᠬᠦᠷᠴᠦ᠂ 9 ᠲᠦᠮᠡᠡ ᠪᠠᠬᠠᠲᠠᠳ ᠨᠡᠮᠡᠭᠲᠡᠪᠡ᠃
《 ᠤᠮᠠᠷᠠᠳᠤ ᠬᠢᠯᠢ ᠵᠢᠨ ᠲᠠᠭᠤᠯᠠᠯ 》 ᠤ᠋ᠨ 4ᠰᠢᠨ᠎ᠡ ᠲᠤᠷᠰᠢᠴᠠ
《 ᠵᠢᠵᠢᠭ 》 ᠵᠦᠢᠯ᠎ᠢ ᠴᠢᠬᠣᠯᠠᠴᠢᠯᠠᠨ᠂ ᠵᠢᠵᠢᠭ ᠵᠦᠢᠯᠡᠰ ᠡᠴᠡ ᠭᠠᠷᠲᠠᠵᠦ
ᠪᠠᠭ᠎ᠠ ᠪᠡᠷ ᠲᠣᠮᠣ᠎ᠶᠢ ᠬᠠᠷᠠᠭᠣᠯᠵᠦ ᠴᠠᠬ ᠦᠶ᠎ᠡ᠎ᠶᠢ ᠲᠤᠰᠬᠠᠪᠠ
ᠰᠣᠩᠭᠣᠲᠠᠬ ᠲᠠᠭᠣᠣ ᠬᠦᠭᠵᠢᠮ ᠪᠣᠯ ᠬᠦᠮᠦᠨ ᠲᠦᠷᠦᠯᠬᠢᠲᠡᠨ᠎ᠤ ᠬᠠᠮᠲᠣ᠎ᠶᠢᠨ ᠬᠡᠯᠡ ᠪᠠᠢᠵᠦ᠂ ᠠᠲᠠᠯᠢ ᠪᠣᠰᠣ᠎ᠶᠢᠨ ᠣᠯᠣᠰ ᠪᠣᠶᠣ ᠠᠲᠠᠯᠢ ᠪᠣᠰᠣ᠎ᠶᠢᠨ ᠦᠨᠳᠦᠰᠦᠲᠡᠨ ᠣᠯᠠᠨ ᠲᠦᠮᠡᠨ᠎ᠤ ᠲᠣᠷ᠎ᠠ ᠰᠣᠨᠢᠷᠬᠠᠯ᠎ᠢ ᠲᠠᠲᠠᠵᠦ ᠡᠬᠦᠨ᠎ᠤ ᠣᠯᠠᠮ ᠶ᠋ᠢᠡᠷ ᠲᠠᠲᠠᠬᠣ ᠬᠦᠴᠦᠨ ᠲᠠᠢ ᠪᠣᠯᠲᠠᠬ᠃ ᠡᠢᠮᠦ ᠡᠴᠡ ᠲᠠᠭᠣᠣ ᠬᠦᠭᠵᠢᠮ᠎ᠢ ᠰᠣᠶᠣᠯ ᠣᠷᠠᠯᠢᠬ᠎ᠤᠨ ᠲᠠᠮᠵᠢᠭᠣᠯᠭᠠᠶᠢᠨ ᠭᠠᠷᠲᠠᠴᠠ ᠪᠣᠯᠣᠨ ᠬᠢᠯᠡᠰ ᠴᠡᠭ ᠪᠣᠯᠭᠠᠵᠦ ᠂ ᠵᠢᠵᠢᠭ ᠵᠦᠢᠯᠡᠰ ᠡᠴᠡ ᠭᠠᠷᠲᠠᠵᠦ ᠲᠣᠮᠣ ᠰᠡᠳᠦᠪ᠎ᠢ ᠲᠣᠷᠠᠢᠯᠭᠠᠵᠦ᠂ ᠲᠣᠮᠲᠠᠲᠣ᠎ᠶᠢᠨ ᠰᠣᠶᠣᠯ᠂ ᠣᠮᠠᠷᠠᠲᠣ ᠬᠢᠯᠢ᠎ᠶᠢᠨ ᠦᠯᠢᠭᠡᠷ᠎ᠢ ᠠᠮᠢᠯᠠᠭᠣᠯᠣᠨ ᠬᠦᠣᠷᠨᠢᠬᠦ ᠳ᠋ᠦ ᠣᠯᠲᠠᠰᠢ ᠦᠭᠡᠢ ᠲᠠᠮᠵᠢᠭᠣᠯᠭᠠᠶᠢᠨ ᠬᠡᠯᠪᠡᠷᠢ ᠪᠣᠯᠬᠣ ᠶᠣᠮ᠃
《 ᠰᠠᠢᠬᠠᠨ》 ᠢ᠋ ᠴᠢᠬᠣᠯᠠᠴᠢᠯᠠᠵᠦ᠂ ᠭᠣᠸ᠎ᠠ ᠰᠠᠢᠬᠠᠨ᠎ᠢ
ᠢᠯᠡᠷᠡᠬᠦᠯᠦᠨ ᠭᠣᠣᠯ ᠬᠦᠭ ᠠᠢᠵᠠᠮ᠎ᠢ ᠴᠢᠪᠬᠠᠳᠠᠪᠠ
ᠲᠣᠮᠲᠠᠲᠣ᠎ᠶᠢᠨ ᠰᠢᠯᠢᠲᠡᠭ ᠣᠯᠠᠮᠵᠢᠯᠠᠯᠲᠣ ᠰᠣᠶᠣᠯ ᠳ᠋ᠦ 《 ᠭᠣᠶᠣ ᠰᠠᠢᠬᠠᠨ ᠪᠦᠬᠦᠨ᠎ᠢ ᠨᠡᠢᠯᠡᠬᠦᠯᠬᠦ 》 ᠣᠶᠣᠨ ᠣᠬᠠᠭ᠎ᠠ᠎ᠨᠢ ᠬᠦᠭᠡᠭᠡᠴᠡᠯᠲᠦᠲᠡᠭ᠃ ᠲᠣᠮᠲᠠᠲᠣ᠎ᠶᠢᠨ ᠣᠯᠠᠮᠵᠢᠯᠠᠯᠲᠣ ᠲᠠᠭᠣᠣ ᠬᠦᠭᠵᠢᠮ᠎ᠤᠨ ᠰᠣᠶᠣᠯ᠎ᠢ ᠣᠯᠠᠮᠵᠢᠯᠠᠵᠦ᠂ ᠡᠩᠬᠡ ᠲᠠᠢᠪᠣᠩ᠂ ᠡᠪ ᠨᠠᠢᠷᠠᠮᠲᠠᠯ᠂ ᠡᠶ᠎ᠡ ᠵᠣᠬᠢᠴᠠᠩᠭᠣᠢ ᠰᠣᠶᠣᠯ᠎ᠤᠨ ᠵᠣᠷᠢᠬ ᠰᠠᠨᠠᠭ᠎ᠠ᠎ᠶᠢ ᠣᠯᠠᠨ ᠳ᠋ᠦ ᠣᠬᠠᠭᠣᠯᠵᠦ᠂ ᠦᠬᠡ ᠬᠡᠯᠡ ᠳ᠋ᠦ ᠰᠠᠭᠣᠷᠢᠯᠠᠨ ᠦᠵᠡᠯ ᠰᠠᠨᠠᠭ᠎ᠠ ᠪᠠᠨ ᠰᠣᠯᠢᠯᠴᠠᠬᠣ ᠬᠠᠷᠰᠢ ᠰᠠᠭᠠᠳ᠎ᠢ ᠢᠯᠠᠨ ᠲᠠᠪᠠᠵᠦ᠂ ᠰᠣᠶᠣᠯ᠎ᠤᠨ ᠵᠦᠷᠢᠶ᠎ᠡ᠎ᠶᠢᠨ ᠬᠠᠷᠰᠢᠯᠠᠯ᠎ᠢ ᠲᠣᠭᠣᠯᠵᠦ᠂ ᠰᠣᠶᠣᠯ᠎ᠤᠨ ᠰᠣᠯᠢᠯᠴᠠᠭ᠎ᠠ ᠪᠣᠯᠣᠨ ᠬᠠᠮᠲᠣ᠎ᠶᠢᠨ ᠲᠠᠨᠢᠯᠲᠠ᠎ᠶᠢ ᠠᠬᠢᠭᠣᠯᠪᠠ᠃
《 ᠨᠠᠷᠢᠯᠢᠬ》 ᠢ᠋ ᠴᠢᠬᠣᠯᠠᠴᠢᠯᠠᠵᠦ᠂ ᠨᠠᠷᠢᠯᠢᠬ ᠵᠦᠢᠯᠡᠰ ᠡᠴᠡ ᠭᠠᠷᠲᠠᠵᠦ᠂ ᠦᠰᠦᠭ
ᠪᠢᠴᠢᠭ ᠶ᠋ᠢᠡᠷ ᠣᠴᠢᠷ ᠶᠣᠰᠣ᠎ᠶᠢ ᠬᠠᠷᠠᠭᠣᠯᠵᠦ ᠨᠢᠬᠲᠠᠷᠠᠭᠣᠯᠬᠣ ᠬᠦᠴᠦᠨ᠎ᠢ ᠴᠢᠩᠭᠠᠷᠠᠭᠣᠯᠪᠠ
《 ᠣᠮᠠᠷᠠᠲᠣ ᠬᠢᠯᠢ᠎ᠶᠢᠨ ᠰᠣᠶᠣᠯ》 ᠤ᠋ᠨ ᠦᠨᠢᠷ ᠵᠣᠵᠠᠭᠠᠨ ᠡᠬᠢ ᠪᠠᠶᠠᠯᠢᠬ᠂ ᠦᠪᠡᠷᠮᠢᠴᠡ ᠭᠠᠢᠬᠠᠮᠰᠢᠬ᠎ᠢ ᠬᠦᠨᠵᠡᠭᠡᠢ ᠠᠭᠣᠲᠠᠯᠣᠨ᠂ 《ᠤᠮᠠᠷᠠᠲᠣ ᠬᠢᠯᠢ᠎ᠶᠢᠨ ᠰᠣᠶᠣᠯ》 ᠤ᠋ᠨ ᠡᠴᠢᠨ᠎ᠡ ᠦᠷᠲᠡᠭ᠎ᠢ ᠢᠯᠡᠷᠡᠬᠦᠯᠵᠦ᠂ ᠣᠷ᠎ᠠ ᠲᠠᠢ ᠮᠦᠷᠲᠡᠭᠡᠨ ᠪᠢᠷ᠎ᠡ ᠲᠠᠢ ᠰᠢᠨ᠎ᠡ᠎ᠶᠢ ᠡᠬᠦᠳᠴᠦ᠂ ᠰᠣᠨᠢᠷᠬᠠᠯ᠎ᠢ ᠲᠠᠲᠠᠬᠰᠠᠨ ᠰᠣᠲᠣᠨ ᠦᠢᠯᠡᠳᠬᠦᠨ ᠪᠠ ᠰᠢᠨ᠎ᠡ ᠵᠠᠭᠣᠴᠢᠯᠠᠭᠣᠷ᠎ᠤᠨ ᠦᠢᠯᠡᠳᠬᠦᠨ᠎ᠢ ᠦᠢᠯᠡᠳᠴᠦ᠂ ᠨᠢᠬᠲᠠᠷᠠᠭᠣᠯᠬᠤ ᠦᠢᠯᠡᠳᠦᠯ ᠦᠵᠡᠬᠦᠯᠪᠠ᠃
《 ᠵᠦᠭᠡᠯᠡᠨ》 ᠲᠡᠭᠡᠷ᠎ᠡ ᠬᠦᠴᠦ ᠲᠠᠯᠪᠢᠵᠦ᠂ ᠲᠣᠲᠣᠭᠠᠲᠣ
ᠭᠠᠲᠠᠭᠠᠲᠣ᠎ᠶᠢ ᠣᠶᠠᠯᠲᠣᠭᠣᠯᠣᠨ ᠲᠠᠲᠠᠬᠣ ᠬᠦᠴᠦᠨ᠎ᠢ ᠢᠯᠡᠷᠡᠬᠦᠯᠪᠡ
ᠭᠠᠲᠠᠭᠠᠲᠣ ᠳ᠋ᠦ ᠬᠠᠨᠲᠣᠭᠣᠯᠣᠬᠰᠠᠨ ᠰᠣᠶᠣᠯ᠎ᠤᠨ ᠲᠠᠮᠵᠢᠭᠣᠯᠭᠠ ᠳ᠋ᠦ 《ᠣᠯᠠᠨ ᠣᠯᠣᠰ᠎ᠤᠨ ᠵᠢᠪᠬᠣᠭ᠎ᠠ》 ᠶ᠋ᠢ ᠬᠦᠮᠦᠵᠢᠬᠦᠯᠵᠦ᠂ ᠦᠷᠬᠦᠯᠵᠢᠯᠡᠭᠰᠨᠨ ᠣᠷᠠᠯᠢᠬᠴᠢ ᠴᠢᠨᠠᠷ᠎ᠤᠨ ᠢᠯᠡᠷᠡᠬᠦᠯᠦᠯ᠂ ᠨᠠᠷᠢᠯᠢᠬ ᠡᠰᠭᠡᠯᠲᠡ᠂ ᠡᠭᠡᠯᠴᠢᠯᠡᠭᠰᠡᠨ ᠲᠠᠮᠵᠢᠭᠣᠯᠭᠠᠶᠢ ᠴᠢᠬᠣᠯᠠᠴᠢᠯᠠᠵᠦ᠂ ᠠᠭᠣᠰᠣᠯᠴᠠᠨ ᠬᠦᠭᠵᠢᠬᠦ ᠦᠷ᠎ᠡ ᠪᠦᠲᠦᠭᠡᠯ ᠪᠣᠯᠣᠨ ᠪᠦᠷᠢᠯᠲᠦᠵᠦ᠂ ᠨᠡᠭᠡᠯᠲᠡᠯᠢᠭᠤᠨ ᠲᠣᠮᠲᠠ ᠲᠠᠮᠵᠢᠭᠣᠯᠵᠦ᠂ ᠲᠠᠮᠵᠢᠭᠣᠯᠭᠠᠶᠢᠨ ᠶᠠᠪᠣᠴᠠ ᠳ᠋ᠦ ᠠᠭᠣᠰᠣᠯᠴᠠᠵᠦ᠂ ᠠᠭᠣᠰᠣᠯᠴᠠᠯ᠎ᠤᠨ ᠠᠬᠢᠴᠠ ᠳ᠋ᠦ ᠨᠦᠯᠦᠭᠡᠯᠡᠵᠦ᠂ ᠣᠯᠠᠨ ᠣᠯᠣᠰ᠎ᠤᠨ ᠲᠠᠮᠵᠢᠭᠣᠯᠭᠠᠶᠢᠨ ᠦᠷ᠎ᠡ ᠪᠦᠲᠦᠮᠵᠢ᠎ᠶᠢ ᠪᠦᠬᠦ ᠲᠠᠯ᠎ᠠ ᠪᠡᠷ ᠲᠡᠭᠡᠭᠰᠢᠯᠡᠬᠦᠯᠦᠨ᠂ ᠲᠣᠮᠲᠠᠲᠣ ᠣᠯᠣᠰ᠎ᠤᠨ ᠮᠠᠶᠢᠬ᠎ᠤᠨ ᠣᠲᠣᠬᠢᠴᠢᠯᠠᠯᠲᠠ᠎ᠶᠢᠨ ᠰᠣᠶᠣᠯ᠎ᠤᠨ ᠢᠲᠡᠭᠡᠯ᠂ ᠣᠨᠣᠯ᠎ᠤᠨ ᠣᠬᠠᠮᠰᠠᠷ ᠪᠣᠯᠣᠨ ᠵᠠᠮ ᠱᠣᠭᠣᠮ᠎ᠤᠨ ᠢᠲᠡᠭᠡᠯ᠎ᠢ ᠮᠡᠲᠡᠷᠡᠬᠦᠯᠵᠦ᠂ ᠲᠣᠮᠲᠠᠲᠣ ᠣᠯᠣᠰ᠎ᠤᠨ ᠲᠦᠷᠢ ᠲᠦᠷᠬᠦ᠎ᠶᠢ ᠨᠡᠩ ᠰᠠᠢᠲᠣᠷ ᠱᠣᠭᠣᠪᠠ᠃

ᠬᠤᠶᠠᠷ ᠬᠡᠮᠵᠢᠯᠲᠦ ᠺᠤᠳ᠋᠎ᠢ ᠰᠢᠷᠪᠢᠵᠦ 《 ᠤᠮᠠᠷᠠᠲᠦ ᠬᠢᠯᠢ ᠵᠢᠨ ᠮᠦᠩᠬᠡ ᠳᠠᠭᠤᠯᠠᠯ》 ᠮᠡᠳᠡᠭᠡᠯᠡᠯ᠎ᠢ ᠰᠤᠨᠢᠷᠬᠠᠭᠠᠷᠠᠢ !

ᠬᠤᠶᠠᠷ ᠬᠡᠮᠵᠢᠯᠲᠦ ᠺᠤᠳ᠋᠎ᠢ ᠰᠢᠷᠪᠢᠵᠦ 《ᠤᠮᠠᠷᠠᠲᠦ ᠬᠢᠯᠢ ᠵᠢᠨ ᠳᠠᠭᠤᠯᠠᠯ 》 ᠰᠢᠷᠢᠰ ᠮᠡᠳᠡᠭᠡᠯᠡᠯ ᠤᠨ ᠡᠮᠬᠢᠳᠭᠡᠯᠢ ᠰᠤᠨᠢᠷᠬᠠᠭᠠᠷᠠᠢ !

ᠬᠤᠶᠠᠷ ᠬᠡᠮᠵᠢᠯᠲᠦ ᠺᠤᠳ᠋᠎ᠢ ᠰᠢᠷᠪᠢᠵᠦ 《ᠤᠮᠠᠷᠠᠲᠦ ᠬᠢᠯᠢ ᠵᠢᠨ ᠳᠠᠭᠤᠯᠠᠯ 》᠎ᠤᠨ 75 ᠳᠠᠭᠤᠦ ᠵᠢᠨ ᠴᠤᠮᠤᠭ ᠢ ᠬᠠᠳᠠᠭᠠᠯᠠᠵᠦ ᠠᠪᠤᠭᠠᠷᠠᠢ !
