ᠤᠨ ᠵᠢᠯ᠎ᠤᠳ
2024-11-06 18:13:20
ᠵᠣᠬᠢᠶᠠᠭ᠍ᠴᠢ᠄
ᠤᠷᠠᠨᠳᠠᠨ᠎ᠠ ᠠᠨᠠᠷ ᠬᠦᠪᠴᠢᠨ
ᠣᠩᠱᠢᠭ᠍ᠰᠠᠨ ᠣᠳᠠᠭ᠎ᠠ᠄
★★★☆☆


ᠦᠨᠳᠦᠰᠦᠨ ᠪᠠᠢᠳᠠᠯ —

ᠵᠤᠭᠢᠶᠠᠨ ᠪᠦᠳᠦᠭᠡᠭᠰᠡᠨ ᠴᠠᠭ ᠄ 2017 ᠤᠨ

ᠦᠭᠡ ᠄  ᠪᠠᠶᠠᠭᠤᠳ·ᠴᠤᠬᠵᠢᠯᠳᠤ

ᠠᠶ᠎ᠠ ᠄ ᠲᠦ᠊·ᠤᠯᠠᠭᠠᠨᠪᠠᠭᠠᠲᠤᠷ

ᠵᠤᠭᠢᠶᠠᠨ ᠪᠦᠳᠦᠭᠡᠭᠰᠡᠨ ᠭᠡᠯᠪᠡᠷᠢ ᠄  ᠮᠤᠩᠭᠤᠯ ᠬᠡᠯᠡ ᠪᠡᠷ ᠵᠤᠬᠢᠶᠠᠨ ᠪᠦᠲᠦᠭᠡᠪᠡ

ᠠᠶ᠎ᠠ ᠵᠢᠨ ᠤᠨᠴᠠᠯᠢᠭ ᠄ ᠦᠭᠡ᠂ ᠠᠶ᠎ᠠ᠂  ᠳᠠᠭᠤᠯᠠᠯᠳᠠ ᠭᠤᠷᠪᠠ ᠵᠢᠨ ᠦ ᠦᠭᠡᠢ ᠰᠠᠢᠬᠠᠨ ᠤᠶᠠᠯᠳᠤᠯ ᠵᠢᠡᠷ ᠬᠦᠮᠦᠰ᠎ᠤᠨ ᠰᠡᠳᠬᠢᠯ᠎ᠳᠤ ᠬᠦᠷᠦᠭᠰᠡᠨ ᠪᠠᠢᠳᠠᠭ

ᠳᠠᠭᠤᠤ ᠵᠢᠨ ᠳᠦᠷᠦᠯ ᠄ ᠵᠤᠬᠢᠶᠠᠯ᠎ᠤᠨ ᠲᠠᠭᠤᠤ 

ᠠᠯᠳᠠᠷ —

ᠦᠷᠭᠦᠯᠵᠢᠯᠡᠭᠰᠡᠨ ᠲᠸᠯᠸᠢᠰ ᠵᠦᠴᠦᠭᠡ 《ᠬᠦᠳᠡᠭᠡ ᠰᠢᠯᠢ 》  ᠵᠢᠨ  ᠲᠡᠭᠦᠰᠭᠡᠯ ᠎ᠤᠨ  ᠲᠠᠭᠤᠤ ᠃


ᠦᠨᠡᠯᠡᠯᠳᠡ —

ᠨᠠᠰᠤᠨ(ᠦᠪᠦᠷ ᠮᠤᠩᠭᠤᠯ᠎ᠤᠨ ᠷᠠᠳᠢᠣ᠋ ᠲᠸᠯᠸᠢᠰ ᠬᠤᠷᠢᠶ᠎ᠠ ᠵᠢᠨ ᠬᠦᠲᠦᠯᠦᠭᠴᠢ᠂ ᠤᠯᠤᠰ᠎ᠤᠨ ᠨᠢᠭᠡᠳᠦᠭᠡᠷ ᠳᠡᠰ᠎ᠤᠨ ᠳᠠᠭᠤᠤ ᠵᠢᠨ ᠦᠭᠡ ᠵᠤᠬᠢᠶᠠᠬᠴᠢ)

ᠲᠤᠰ ᠳᠠᠭᠤᠤ ᠵᠢᠨ ᠰᠢᠯᠦᠭ ᠲᠤ᠌ ᠠᠭᠤᠵᠢᠮ ᠰᠠᠢᠬᠠᠨ ᠲᠠᠯ᠎ᠠ ᠨᠤᠲᠤᠬ᠂ ᠠᠭᠤᠯᠠ ᠬᠠᠩᠭᠠᠢ᠂ ᠮᠢᠷᠠᠯᠵᠠᠨ ᠤᠷᠤᠰᠤᠭ᠎ᠠ ᠭᠤᠤᠯ ᠮᠦᠷᠡᠨ᠂ ᠲᠠᠯ᠎ᠠ ᠵᠢᠨ ᠴᠢᠮᠡᠭ ᠪᠤᠯᠤᠬᠰᠠᠨ ᠲᠠᠨᠠᠨ ᠴᠠᠭᠠᠨ ᠮᠤᠩᠭᠤᠯ ᠭᠡᠷ᠎ᠤᠨ ᠪᠠᠷ᠎ᠠ ᠬᠠᠷᠠᠬᠳᠠᠬᠤ ᠪᠦᠭᠡᠳ ᠴᠠᠭ ᠦᠶ᠎ᠡ ᠵᠢᠨ ᠶᠡᠬᠡᠬᠡᠨ ᠬᠤᠪᠢᠷᠠᠯᠲᠠ ᠬᠥᠭᠵᠢᠯᠲᠡ ᠵᠢ ᠥᠩᠭᠡᠷᠡᠭᠡᠭᠰᠡᠨ ᠳᠡᠳᠡᠭᠡᠷ ᠤᠨ ᠵᠢᠯ ᠎ᠤᠳ ᠎ᠤᠨ ᠳᠤᠬᠠᠢ ᠳᠤᠷᠠᠳᠬᠠᠯ ᠬᠦᠪᠦᠷᠡᠨ᠎ᠠ᠃ ᠡᠨᠡ ᠨᠢ ᠬᠥᠳᠡᠭᠡ ᠨᠤᠲᠤᠬ ᠲᠠᠭᠠᠨ ᠶᠡᠷᠦ ᠪᠤᠰᠤ ᠵᠢᠨ ᠤᠨ ᠵᠢᠯ᠎ᠤᠳ᠎ᠢ ᠡᠯᠡᠭᠡᠭᠰᠡᠨ ᠬᠦᠮᠦᠰ ᠎ᠤᠨ ᠠᠮᠢᠳᠤᠷᠠᠯ ᠎ᠤᠨ ᠲᠤᠬᠠᠢ ᠤᠴᠢᠷᠯᠠᠵᠤ᠂ ᠨᠠᠢᠵᠠ ᠨᠦᠬᠦᠳ᠎ᠵᠢᠨᠨ ᠰᠠᠨᠠᠭᠠᠯᠵᠠᠬᠰᠠᠨ᠂ ᠪᠠᠭ᠎ᠠ ᠨᠠᠰᠤ ᠪᠡᠨ ᠡᠷᠬᠢᠴᠡᠭᠦᠯᠦᠭᠰᠡᠨ᠂ ᠠᠪᠤ ᠡᠵᠢ ᠵᠢᠨ ᠵᠢᠨᠨ ᠬᠠᠢᠷ᠎ᠠ ᠰᠢᠩᠭᠡᠭᠰᠡᠨ ᠨᠤᠲᠤᠬ ᠤᠰᠤ᠎ᠪᠡᠨ ᠮᠦᠷᠦᠭᠡᠳᠦᠭᠰᠡᠨ᠂ ᠲᠡᠮᠡᠦᠯᠵᠦ ᠶᠠᠪᠤᠬᠰᠠᠨ ᠠᠮᠢᠳᠤᠷᠠᠯ᠎ᠤᠨ ᠵᠢᠨᠨ ᠤᠷᠳᠤ ᠵᠠᠮᠨᠠᠯ ᠎ᠢ ᠭᠤᠷᠪᠠᠨ ᠪᠠᠳᠠᠬ ᠢᠷᠡᠭᠤ ᠨᠠᠢᠷᠠᠬ ᠵᠢᠨᠷ ᠬᠦᠦᠷᠨᠢᠭᠰᠡᠨ ᠰᠤᠩᠭᠤᠳᠠᠭ ᠤᠷᠠᠨ ᠪᠦᠲᠦᠭᠡᠯ ᠪᠤᠯᠤᠨ᠎ᠠ᠃


QQ20241106-175555.png

ᠲᠤᠰ ᠳᠠᠭᠤᠤ ᠵᠢᠨ ᠠᠮᠵᠢᠯᠲᠠ ᠲᠠᠢ ᠲᠠᠯ᠎ᠠ ᠨᠢ ᠪᠤᠯ《ᠬᠦᠳᠡᠭᠡ ᠰᠢᠯᠢ》ᠭᠡᠬᠦ ᠦᠷᠬᠦᠯᠵᠢᠯᠡᠭᠰᠡᠨ ᠲᠸᠯᠸᠢᠰ ᠵᠦᠴᠦᠭᠡ ᠵᠢᠨ ᠠᠭᠤᠯᠭ᠎ᠠ ᠰᠡᠳᠦᠪ ᠲᠤ᠌ ᠰᠠᠢᠬᠠᠨ ᠵᠤᠬᠢᠴᠠᠵᠤ᠂ ᠵᠦᠴᠦᠭᠡ ᠳ᠋ᠤ ᠪᠤᠢ ᠪᠤᠯᠤᠬᠰᠠᠨ ᠦᠯᠢᠭᠡᠷ᠂ ᠵᠦᠴᠦᠭᠡ ᠳ᠋ᠤ ᠲᠤᠰᠬᠠᠬᠰᠠᠨ ᠲᠡᠷᠡ ᠴᠠᠬ ᠦᠶ᠎ᠡ ᠵᠢᠨ ᠬᠦᠮᠦᠨ᠎ᠤ ᠠᠮᠢᠳᠤᠷᠠᠯ᠎ᠤᠨ ᠪᠠᠶᠠᠷ ᠭᠤᠨᠢᠬ᠂ ᠠᠯᠳᠠᠵᠤ ᠤᠨᠤᠬᠰᠠᠨ ᠵᠦᠢᠯᠡᠰ᠎ᠢ ᠰᠠᠢᠬᠠᠨ ᠦᠭᠦᠯᠡᠵᠦ ᠴᠢᠳᠠᠬᠰᠠᠨ ᠪᠦᠭᠡᠳ ᠦᠭᠡ᠂ ᠠᠶ᠎ᠠ᠂ ᠳᠠᠭᠤᠯᠠᠯᠲᠠ ᠭᠤᠷᠪᠠ ᠵᠢᠨ ᠦ ᠦᠭᠡᠢ ᠰᠠᠢᠬᠠᠨ ᠤᠶᠠᠯᠳᠤᠯ ᠵᠢᠨᠷ ᠬᠦᠮᠦᠰ᠎ᠤᠨ ᠰᠡᠳᠬᠢᠯ ᠳ᠋ᠤ ᠠᠮᠢᠯᠠᠬᠰᠠᠨ ᠪᠠᠢᠳᠠᠬ᠃


ᠦᠯᠢᠭᠡᠷ —

《ᠤᠨ ᠵᠢᠯ ᠎ᠤᠳ》 ᠳᠠᠭᠤᠤ ᠵᠢ ᠶᠠᠷᠢᠬᠤ᠎ᠳᠤ ᠦᠷᠭᠦᠯᠵᠢᠯᠡᠭᠰᠡᠨ ᠲᠸᠯᠸᠢᠰ ᠵᠦᠴᠦᠭᠡ《ᠬᠦᠳᠡᠭᠡ ᠰᠢᠯᠢ》 ᠦᠪᠡᠷ ᠎ᠤᠨ ᠡᠷᠬᠡ ᠦᠭᠡᠢ ᠪᠤᠳᠤᠬᠳᠠᠵᠤ᠂ ᠲᠸᠯᠸᠢᠰ ᠵᠦᠴᠦᠭᠡ 《ᠬᠦᠳᠡᠭᠡ ᠰᠢᠯᠢ》 ᠵᠢ ᠳᠤᠷᠠᠳᠬᠤ᠎ᠳᠤ 《ᠤᠨ ᠵᠢᠯ᠎ᠤᠳ》 ᠳᠠᠭᠤᠤ ᠳᠤᠳᠠᠬᠳᠠᠵᠤ ᠪᠤᠯᠤᠰᠢ ᠦᠭᠡᠢ ᠬᠡᠮᠡᠨ ᠦᠵᠡᠭᠴᠢᠳ ᠦᠨᠡᠯᠡᠨ ᠶᠠᠷᠢᠬᠰᠠᠨ ᠪᠠᠢᠳᠠᠭ᠃ ᠳᠡᠢᠮᠤ ᠡ᠂ ᠡᠨᠡ ᠬᠦ᠌ ᠰᠢᠨ᠎ᠡ ᠪᠠᠷ ᠵᠤᠬᠢᠶᠠᠭᠳᠠᠭᠰᠠᠨ ᠠᠶ᠎ᠠ ᠳᠠᠭᠤᠤ ᠵᠢᠨ ᠤᠷᠠᠨ ᠪᠦᠲᠦᠭᠡᠯ ᠨᠢ ᠤᠤᠯ ᠲᠸᠯᠸᠢᠰ ᠵᠦᠴᠦᠭᠡ ᠯᠤᠭᠡ ᠪᠡᠨ ᠨᠢᠭᠡ ᠨᠢᠭᠡᠨ ᠳ᠋ᠡᠭᠡᠨ ᠦᠩᠭᠡ ᠬᠢᠯᠪᠠᠭ᠎ᠠ ᠨᠡᠮᠡᠵᠤ᠂ ᠲᠦᠮᠡᠨ ᠤᠯᠠᠨ᠎ᠤ ᠰᠡᠳᠬᠢᠯ᠎ᠳᠤ ᠬᠦᠷᠦᠭᠰᠡᠨ ᠪᠠᠢᠳᠠᠭ᠃

《ᠤᠨ ᠵᠢᠯ᠎ᠤᠳ》 ᠳᠠᠭᠤᠤ ᠪᠤᠯ 《ᠬᠦᠳᠡᠭᠡ ᠰᠢᠯᠢ》 ᠭᠡᠬᠦ ᠲᠸᠯᠸᠢᠰ ᠵᠦᠴᠦᠭᠡ ᠵᠢᠨ ᠲᠡᠭᠦᠰᠬᠡᠯ᠎ᠤᠨ ᠳᠠᠭᠤᠤ ᠪᠤᠯᠤᠨ᠎ᠠ᠃ ᠲᠸᠯᠸᠢᠰ ᠵᠦᠴᠦᠭᠡ᠎ᠳᠤ ᠭᠤᠤᠯᠳᠠᠭᠤ ᠵᠢᠷᠭᠠᠯᠠᠩᠳᠤ ᠭᠠᠴᠠᠭ᠎ᠠ ᠵᠢᠨ ᠳᠦᠷᠪᠡᠨ ᠠᠢᠯ ᠎ᠤᠨ ᠭᠤᠷᠪᠠᠨ ᠦᠶ᠎ᠡ ᠵᠢᠨ ᠬᠦᠮᠦᠰ ᠎ᠤᠨ ᠦᠭᠡᠷᠡᠴᠢᠯᠡᠯᠳᠡ ᠨᠡᠭᠡᠭᠡᠯᠳᠡ ᠬᠢᠭᠰᠡᠨ 40 ᠵᠢᠯ ᠎ᠤᠨ ᠳᠤᠷᠰᠢᠳᠠ ᠳᠤᠬᠢᠶᠠᠯᠳᠤᠬᠰᠠᠨ ᠦᠭᠡᠳᠡ ᠳᠠᠢ ᠤᠷᠤᠭᠤ ᠳᠠᠢ ᠠᠮᠢᠳᠤᠷᠠᠯ᠎ᠤᠨ ᠦᠩᠭᠡᠷᠡᠯᠳᠡ ᠵᠢ ᠶᠠᠷᠢᠬᠰᠠᠨ ᠪᠠᠢᠳᠠᠭ ᠪᠤᠯ ᠡᠨᠡ ᠬᠦ᠌ ᠳᠠᠭᠤᠤ ᠨᠢ ᠶᠠᠭ ᠡᠨᠡ ᠬᠦ᠌ ᠦᠯᠢᠭᠡᠷ ᠲᠡᠤᠬᠡ ᠵᠢᠨ ᠠᠬᠰᠢᠭᠠᠯᠳᠠ ᠳᠤᠪᠴᠢᠯᠠᠯ᠎ᠤᠨ ᠰᠡᠳᠬᠢᠯ᠎ᠤᠨ ᠴᠤᠤᠷᠢᠶ᠎ᠠ ᠪᠤᠯᠤᠬᠰᠠᠨ ᠤᠷᠠᠨ ᠪᠦᠲᠦᠭᠡᠯ ᠪᠤᠯᠬᠤ ᠶᠤᠮ᠃

ᠡᠨᠡ ᠳᠠᠭᠤᠤ ᠵᠢᠨ ᠦᠭᠡ ᠵᠢ ᠦᠪᠤᠷ ᠮᠤᠩᠭᠤᠯ᠎ᠤᠨ ᠷᠠᠳᠢᠣ᠋ ᠲᠸᠯᠸᠢᠰ ᠬᠤᠷᠢᠶ᠎ᠠ ᠵᠢᠨ ᠨᠡᠷᠡᠳᠤ ᠤᠳᠤᠷᠢᠳᠤᠭᠠᠴᠢ᠂ ᠳᠡᠭᠡᠳᠤ ᠵᠡᠷᠭᠡ ᠵᠢᠨ ᠨᠠᠢᠷᠠᠭᠤᠯᠤᠬᠴᠢ ᠪᠠᠶᠠᠭᠤᠳ·ᠴᠤᠬᠵᠢᠯᠳᠤ ᠪᠢᠴᠢᠵᠤ᠂ ᠠᠶ᠎ᠠ ᠵᠢ ᠠᠯᠳᠠᠷᠲᠤ ᠠᠶᠠᠯᠭᠤ ᠵᠤᠬᠢᠶᠠᠬᠴᠢ ᠲᠦ᠊·ᠤᠯᠠᠭᠠᠨᠪᠠᠭᠠᠲᠤᠷ ᠵᠤᠬᠢᠶᠠᠵᠤ᠂ ᠳᠠᠭᠤᠴᠢᠨ ᠮᠠᠨᠳᠤᠯᠳᠤ ᠠᠩᠬ᠎ᠠ ᠲᠠᠭᠤᠯᠠᠵᠠᠢ᠃

2004 ᠤᠨ᠎ᠡᠴᠡ ᠤᠬᠠᠭᠠᠯᠠᠨ ᠰᠡᠳᠦᠵᠦ᠂ ᠥᠪᠡᠷᠲᠡᠭᠡᠨ ᠵᠠᠰᠠᠬᠤ ᠣᠷᠣᠨ ᠪᠠᠢᠭᠤᠯᠤᠬᠳᠠᠬᠰᠠᠨ 70 ᠵᠢᠯ᠎ᠦᠨ ᠣᠢ᠎ᠳᠤ ᠵᠤᠷᠢᠭᠤᠯᠤᠭᠰᠠᠨ ᠭᠣᠤᠯᠳᠠᠯᠭ᠎ᠠ᠎ᠲᠠᠶ ᠪᠦᠲᠦᠭᠡᠯ᠎ᠦᠨ ᠨᠢᠭᠡ᠎ᠳᠦ ᠣᠷᠣᠭᠤᠯᠤᠨ᠂ ᠬᠣᠷᠢᠨ ᠳᠥᠷᠪᠡᠨ ᠪᠦᠯᠦᠭᠲᠦ ᠦᠷᠭᠦᠯᠵᠢᠯᠡᠭᠰᠡᠨ ᠲᠧᠯᠸᠢᠰ ᠵᠦᠴᠦᠭᠡ 《ᠬᠥᠳᠡᠭᠡ ᠰᠢᠯᠢ》 ᠵᠢ ᠰᠡᠭᠦᠳᠡᠷᠯᠡᠨ ᠤᠢᠯᠡᠳᠦᠭᠰᠡᠨ ᠪᠠᠢᠪᠠ᠃ 2017 ᠣᠨ᠎ᠤ ᠴᠠᠭᠠᠨ ᠰᠠᠷ᠎ᠠ ᠪᠠᠶᠠᠭᠤᠳ·ᠴᠤᠬᠵᠢᠯᠳᠤ ᠢᠷᠠᠭᠤ ᠨᠠᠢᠷᠠᠭᠴᠢ ᠨᠠᠰᠤᠨ᠎ᠲᠠᠶ ᠵᠥᠪᠳᠡᠯᠴᠡᠨ᠂ ᠪᠦᠬᠦ ᠣᠷᠣᠨ᠎ᠤ ᠬᠡᠪᠴᠢᠶᠡᠨ᠎ᠳᠦ ᠲᠸᠯᠸᠢᠰ ᠵᠦᠴᠦᠭᠡ 《ᠬᠥᠳᠡᠭᠡ ᠰᠢᠯᠢ》 ᠵᠢᠨ ᠭᠣᠤᠯ ᠳᠠᠭᠤᠤ ᠡᠯᠰᠡᠨ᠂ 《ᠮᠡᠨᠳᠦ᠎ᠶᠢᠨ ᠭᠡᠭᠡᠨ ᠥᠷᠯᠥᠭᠡ》᠂ 《ᠠᠷᠤ ᠰᠢᠯᠢ᠎ᠶᠢᠨ ᠳᠣᠮᠣᠭ》᠂ 《ᠣᠨ ᠵᠢᠯ᠎ᠦᠳ》᠂ 《ᠡᠵᠢ᠎ᠶᠢᠨ ᠮᠢᠨᠢ ᠬᠥᠳᠡᠭᠡ》᠂ 《ᠲᠣᠷᠭᠠᠨ ᠰᠠᠯᠬᠢᠨ᠎ᠤ ᠦᠵᠦᠭᠦᠷ》 ᠵᠡᠷᠭᠡ ᠳᠠᠭᠤᠤ ᠰᠤᠩᠭᠤᠭᠳᠠᠵᠠᠢ᠃ ᠡᠳᠡᠭᠡᠷ ᠳᠠᠭᠤᠤ ᠰᠡᠭᠦᠯᠡᠷ ᠨᠢ 《ᠬᠥᠳᠡᠭᠡ ᠰᠢᠯᠢ》 ᠵᠥᠴᠥᠭᠡ᠎ᠶᠢᠨ ᠨᠡᠭᠡᠭᠡᠯᠲᠡ᠎ᠶᠢᠨ ᠲᠤᠰᠬᠠᠶ ᠰᠡᠳᠦᠪᠲᠦ ᠳᠠᠭᠤᠤ ᠤᠷᠠᠨ ᠪᠦᠲᠦᠭᠡᠯ᠎ᠦᠨ ᠦᠳᠡᠰᠢᠯᠡᠭᠡ᠎ᠪᠡᠷ ᠳᠠᠮᠵᠢᠨ ᠨᠡᠢᠲᠡᠯᠡᠭᠳᠡᠵᠦ᠂ ᠦᠵᠡᠭᠴᠢᠳ ᠪᠠ ᠰᠣᠨᠣᠰᠤᠭᠴᠢᠳ᠎ᠤᠨ ᠬᠠᠯᠠᠭᠤᠨ ᠬᠦᠷᠢᠶᠡᠯᠡᠯ᠎ᠢ ᠣᠯᠤᠭᠰᠠᠨ ᠪᠠᠢᠨ᠎ᠠ᠃

— 2017 ᠣᠨ᠎ᠤ 6 ᠰᠠᠷ᠎ᠠ᠎ᠶᠢᠨ 13᠎ᠤ᠋ ᠡᠳᠤᠷ ᠪᠢ 《ᠬᠥᠳᠡᠭᠡ ᠰᠢᠯᠢ》 ᠵᠥᠴᠥᠭᠡ᠎ᠶᠢᠨ ᠲᠣᠭᠣᠷᠢᠨ᠎ᠳᠤ ᠵᠣᠬᠢᠶᠠᠭᠳᠠᠭᠰᠠᠨ 10 ᠳᠠᠭᠤᠤ᠎ᠶᠢ ᠪᠠᠶᠠᠠᠢᠷᠦᠭᠡᠯ ᠤᠳᠤᠷᠢᠳᠤᠭᠠᠴᠢ᠎ᠳᠤ ᠲᠤᠰᠢᠶᠠᠵᠤ ᠰᠣᠩᠭᠣᠭᠤᠯᠪᠠ᠃ ᠪᠢ ᠤᠤᠯ᠎ᠳᠠᠭᠠᠨ 《ᠮᠡᠨᠳᠦ᠎ᠶᠢᠨ ᠭᠡᠭᠡᠨ ᠥᠷᠯᠥᠭᠡ》 ᠵᠢ 《ᠬᠥᠳᠡᠭᠡ ᠰᠢᠯᠢ》 ᠵᠢᠨ ᠭᠣᠤᠯ ᠳᠠᠭᠤᠤ ᠪᠣᠯᠭᠠᠬᠤ᠎ᠪᠠᠷ ᠲᠥᠯᠥᠪᠯᠡᠵᠦ ᠪᠠᠢᠭᠰᠠᠨ᠂ ᠭᠡᠲᠡᠯ᠎ᠡ ᠪᠠᠶᠠᠠᠢᠷᠦᠭᠡᠯ ᠤᠳᠤᠷᠢᠳᠤᠭᠠᠴᠢ 《ᠣᠨ ᠵᠢᠯ᠎ᠦᠳ》᠎ᠡᠴᠡ《ᠬᠥᠳᠡᠭᠡ ᠰᠢᠯᠢ》 ᠵᠢᠨ ᠦᠯᠢᠭᠡᠷ ᠤᠴᠢᠷ ᠪᠣᠯᠤᠨ ᠳᠦᠷᠢ ᠲᠡᠤᠬᠡ ᠠᠮᠢᠯᠠᠨ ᠬᠠᠷᠠᠭᠳᠠᠵᠤ ᠪᠠᠢᠨ᠎ᠠ ᠭᠡᠵᠦ ᠦᠵᠡᠨ 《ᠣᠨ ᠵᠢᠯ᠎ᠦᠳ》 ᠳᠠᠭᠤᠤ ᠵᠢ 《ᠬᠥᠳᠡᠭᠡ ᠰᠢᠯᠢ》 ᠦᠷᠭᠦᠯᠵᠢᠯᠡᠭᠰᠡᠨ ᠲᠧᠯᠸᠢᠰ ᠵᠦᠴᠦᠭᠡ᠎ᠶᠢᠨ ᠲᠡᠭᠦᠰᠬᠡᠯ᠎ᠤᠨ ᠳᠠᠭᠤᠤ ᠪᠤᠯᠭᠠᠵᠠᠢ᠃ 《ᠣᠨ ᠵᠢᠯ᠎ᠦᠳ》 ᠮᠢᠨᠦ ᠥᠪᠡᠷ᠎ᠦᠨ ᠪᠡᠶ᠎ᠡ᠎ᠪᠡᠷ᠎ᠵᠢᠡᠨ ᠲᠤᠭᠤᠯᠤᠭᠰᠠᠨ ᠣᠨ ᠵᠢᠯ᠂ ᠮᠥᠨ ᠴᠸ᠋ ᠪᠢᠳᠡᠨ᠎ᠦ ᠦᠶ᠎ᠡ᠎ᠶᠢᠨ ᠬᠥᠮᠦᠰ᠎ᠦᠨ ᠲᠤᠭᠤᠯᠤᠭᠰᠠᠨ ᠣᠨ ᠵᠢᠯ᠎ᠦᠳ ᠪᠢᠯᠡ ᠭᠡᠵᠤ ᠪᠠᠶᠠᠭᠤᠳ· ᠴᠤᠬᠵᠢᠯᠳᠤ ᠶᠠᠷᠢᠨ᠎ᠠ᠃

ᠳᠤᠰ ᠳᠠᠭᠤᠤ ᠵᠢᠨ ᠠᠶ᠎ᠠ ᠵᠢ ᠵᠤᠬᠢᠶᠠᠬᠰᠠᠨ ᠲᠦ᠊·ᠤᠯᠠᠭᠠᠨᠪᠠᠭᠠᠲᠤᠷ ᠪᠤᠯ ᠮᠥᠨᠴᠦ 《ᠬᠥᠳᠡᠭᠡ ᠰᠢᠯᠢ》 ᠲᠧᠯᠸᠢᠰ ᠵᠦᠴᠦᠭᠡ᠎ᠶᠢᠨ ᠬᠥᠭᠵᠢᠮ᠎ᠦᠨ ᠨᠠᠢᠷᠠᠭᠤᠯᠤᠭᠴᠢ ᠪᠠᠢᠵᠤ᠂ ᠡᠨᠡ ᠬᠦ᠌ ᠳᠠᠭᠤᠤ ᠵᠢᠨ ᠦᠭᠡ᠂ ᠠᠶ᠎ᠠ ᠵᠢ ᠵᠤᠬᠢᠶᠠᠨ ᠪᠦᠲᠦᠭᠡᠭᠰᠡᠨ ᠬᠤᠶᠠᠷ ᠤᠷᠠᠨ ᠪᠦᠲᠦᠭᠡᠯᠴᠢ ᠵᠢᠨ ᠠᠮᠢᠳᠤᠷᠠᠯ᠎ᠤᠨ ᠠᠳᠠᠯᠢᠪᠲᠤᠷ ᠥᠩᠭᠡᠷᠡᠯᠲᠡ ᠪᠣᠯᠤᠨ ᠪᠣᠳᠣᠯ ᠰᠡᠳᠬᠢᠯ᠎ᠦᠨ ᠡᠮᠵᠡᠭᠬᠡᠨ ᠮᠡᠳᠡᠷᠡᠮᠵᠢ᠎ᠶᠢᠨ ᠠᠭᠤᠰᠤᠯᠴᠠᠯ᠎ᠠᠴᠠ ᠦᠨᠡᠨᠴᠢ ᠪᠣᠷᠣᠭᠵᠢᠭᠤᠨ ᠳᠠᠭᠤᠤ ᠵᠢᠨ ᠦᠭᠡ᠂ ᠠᠶ᠎ᠠ ᠢᠩᠭᠢᠵᠦ ᠠᠮᠢᠯᠠᠵᠤ ᠬᠥᠮᠦᠰ᠎ᠦᠨ ᠰᠡᠳᠬᠢᠯ᠎ᠦᠨ ᠬᠥᠪᠴᠢ᠎ᠶᠢ ᠬᠥᠨᠳᠡᠵᠡᠢ᠃

— ᠰᠢᠩᠭᠡᠭᠡᠯᠲᠡ᠎ᠶᠢ ᠰᠣᠨᠣᠰᠤᠭᠠᠳ ᠪᠢ ᠣᠯᠠᠨ ᠤᠳᠠᠭ᠎ᠠ ᠨᠢᠯᠪᠤᠰᠤ ᠤᠨᠠᠭᠠᠬᠰᠠᠨ ᠁ ᠳᠠᠭᠤᠤ ᠵᠢᠨ ᠦᠭᠡ᠂ ᠠᠶ᠎ᠠ᠂ ᠳᠠᠭᠤᠴᠢᠨ ᠭᠤᠷᠪᠠ ᠶᠠᠭᠠᠬᠢᠵᠤ ᠰᠠᠢᠬᠠᠨ ᠤᠶᠠᠯᠳᠤᠨ ᠨᠡᠢᠯᠡᠵᠦ ᠤᠷᠠᠨ ᠪᠦᠲᠦᠭᠡᠯ ᠪᠣᠯᠳᠠᠭ᠎ᠢ ᠤᠬᠠᠭᠠᠷᠠᠨ ᠮᠡᠳᠡᠷᠡᠵᠦ᠂ ᠲᠡᠷᠡ ᠦᠭᠡ ᠦᠰᠦᠭ᠎ᠡᠴᠡ᠂ ᠠᠶᠠᠯᠭᠤ ᠴᠣᠬᠢᠯᠭ᠎ᠠ᠎ᠡᠴᠡ᠂ ᠬᠣᠭᠣᠯᠠᠶ᠎ᠶᠢᠨ ᠥᠩᠭᠡ᠎ᠡᠴᠡ ᠣᠨ ᠵᠢᠯ ᠤᠷᠤᠰᠤᠨ᠂ ᠪᠠᠭ᠎ᠠ ᠨᠠᠰᠤᠨ᠎ᠤ ᠦᠯᠢᠭᠡᠷ ᠤᠴᠢᠷ᠂ ᠬᠣᠲᠠ ᠬᠥᠳᠡᠭᠡ᠎ᠶᠢᠨ ᠬᠣᠭᠣᠷᠣᠨᠳᠣ ᠪᠣᠯᠤᠭᠰᠠᠨ ᠰᠡᠳᠬᠢᠯ᠎ᠦᠨ ᠰᠢᠷᠬ᠎ᠠ ᠰᠣᠷᠪᠢ᠂ ᠬᠥᠮᠦᠨ ᠬᠥᠮᠦᠨ᠎ᠦ ᠬᠠᠢᠷ᠎ᠠ ᠰᠡᠳᠬᠢᠯ᠎ᠦᠨ ᠬᠣᠯᠠᠳᠠᠵᠤ ᠣᠢᠷᠠᠲᠤᠭᠰᠠᠨ ᠬᠠᠷᠢᠴᠠᠭ᠎ᠠ ᠬᠣᠯᠪᠣᠭ᠎ᠠ᠂ ᠠᠵᠢᠯ ᠠᠮᠢᠳᠤᠷᠠᠯ ᠢᠨᠠᠭ ᠳᠤᠷᠠᠯᠠᠯ ᠭᠡᠷ ᠪᠦᠯᠢ᠂ ᠬᠤᠪᠢᠷᠠᠵᠤ ᠬᠥᠭᠵᠢᠬᠦ ᠪᠣᠯᠤᠨ ᠭᠡᠭᠡᠭᠳᠡᠵᠦ ᠣᠷᠬᠢᠭᠳᠠᠬᠤ᠎ᠶᠢᠨ ᠪᠠᠶᠠᠰᠤᠯ ᠵᠣᠪᠠᠨᠢᠯ ᠪᠦᠬᠦᠨ ᠨᠢᠳᠦᠨ᠎ᠳᠦ ᠬᠠᠷᠠᠭᠳᠠᠨ᠂ ᠵᠢᠷᠦᠬᠡᠨ᠎ᠳᠦ ᠴᠣᠬᠢᠯᠠᠨ ᠪᠠᠢᠪᠠ ᠭᠡᠵᠤ ᠪᠠᠶᠠᠭᠤᠳ·ᠴᠤᠬᠵᠢᠯᠳᠤ ᠡᠷᠭᠢᠴᠡᠬᠦᠯᠦᠨ᠎ᠡ᠃

《ᠤᠨ ᠵᠢᠯ ᠎ᠤᠳ》 ᠳᠠᠭᠤᠤ ᠨᠢ ᠮᠠᠰᠢ ᠤᠯᠠᠨ ᠬᠦᠮᠦᠨ᠎ᠤ ᠰᠡᠳᠬᠢᠯ᠎ᠢ ᠬᠦᠨᠳᠡᠭᠰᠡᠨ ᠳᠠᠭᠤᠤ ᠪᠤᠯᠵᠤ᠂ ᠨᠡᠩ ᠴᠢᠨᠠᠬᠰᠢᠯᠠᠨ ᠰᠡᠳᠬᠢᠯ᠎ᠤᠨ ᠬᠦᠨ᠎ᠳᠤᠨᠢ ᠬᠠᠳᠠᠩᠰᠢᠵᠤ᠂ ᠦᠯᠢᠭᠡᠷ ᠰᠢᠭ ᠯᠡ ᠦᠷᠭᠦᠯᠵᠢᠯᠡᠬᠦ ᠤᠨ ᠵᠢᠯ᠎ᠤᠳ᠂ ᠤᠴᠠᠷᠠᠯ ᠳᠤᠷᠠᠳᠬᠠᠯ᠂ ᠬᠦᠮᠦᠨ᠎ᠤ ᠠᠮᠢᠳᠤᠷᠠᠯ ᠭᠡᠭᠴᠢᠯᠡᠨ ᠮᠠᠰᠢ ᠤᠯᠠᠨ ᠵᠤᠢᠯ᠎ᠢ ᠬᠦᠨᠳᠡᠵᠤ ᠁ ᠠᠶᠠᠯᠭᠤ ᠳᠠᠭᠤᠤ ᠪᠡᠷ ᠤᠴᠢᠷᠯᠠᠬᠰᠠᠨ ᠤᠨ ᠵᠢᠯ᠎ᠤᠳ ᠦᠷᠭᠦᠯᠵᠢᠯᠡᠩᠬᠡᠨ ᠯᠡ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号