ᠦᠨᠳᠦᠰᠦᠨ ᠪᠠᠢᠳᠠᠯ —
ᠵᠤᠬᠢᠶᠠᠨ ᠪᠦᠳᠦᠭᠡᠭ᠌ᠰᠡᠨ ᠴᠠᠭ ᠄ 2010 ᠣᠨ
ᠦᠭᠡ ᠄ ᠴᠢᠶᠤᠤ ᠮᠢᠩ
ᠠᠶ᠎ᠠ ᠄ ᠤᠯᠠᠭᠠᠨᠳᠤᠭ
ᠵᠤᠬᠢᠶᠠᠨ ᠪᠦᠳᠦᠭᠡᠭ᠌ᠰᠡᠨ ᠬᠡᠯᠪᠡᠷᠢ ᠄ ᠬᠢᠳᠠᠳ ᠵᠢᠡᠷ ᠵᠤᠬᠢᠶᠠᠨ ᠪᠦᠲᠦᠭᠡᠵᠦ᠂ ᠲᠠᠷᠠᠭ᠎ᠠ ᠨᠢ ᠮᠤᠩᠭᠤᠯᠴᠢᠯᠠᠪᠠ
ᠠᠶᠠᠶ᠋ᠢᠨ ᠤᠨᠴᠠᠯᠢᠭ ᠄ ᠲᠦᠷᠪᠡᠴᠡ — ᠳᠠᠪᠤᠴᠠ ᠪᠡᠷ ᠡᠬᠢᠯᠡᠬᠦᠯᠵᠦ᠂ ᠲᠡᠭᠡᠭᠰᠢ ᠳᠤᠷᠤᠬᠰᠢ ᠦᠭᠰᠦᠵᠦ ᠤᠷᠤᠭᠤᠳᠠᠨ᠂ ᠵᠢᠷᠭᠤᠭᠠᠴᠠ ᠪᠠ ᠨᠠᠢ᠍ᠮᠠᠴᠠ ᠵᠢᠨ ᠦᠰᠦᠷᠦᠯᠳᠡᠶᠢ ᠤᠶᠠᠯᠳᠤᠭᠤᠯᠵᠠᠢ
ᠲᠠᠭᠤᠤ ᠵᠢᠨ ᠲᠦᠷᠦᠯ ᠄ ᠵᠤᠬᠢᠶᠠᠯ ᠤᠨ ᠲᠠᠭᠤᠤ
ᠠᠯᠳᠠᠷ — 2012 ᠤᠨᠳᠦ ᠪᠦᠬᠦ ᠤᠯᠤᠰᠤᠨ《ᠲᠠᠪᠤᠨ ᠨᠢᠬᠡ ᠵᠢᠨ ᠢᠨᠵᠧᠨᠧᠷᠢᠩ》 ᠤ᠋ᠨ ᠱᠠᠩᠨᠠᠯ ᠬᠦᠷᠳᠡᠪᠡ᠃
ᠦᠨᠡᠯᠡᠯᠳᠡ —
ᠮᠦᠩᠬᠡᠴᠡᠴᠡᠭ (ᠥᠪᠦᠷ ᠮᠤᠩᠭᠤᠯᠤᠨ ᠪᠠᠬᠰᠢ ᠵᠢᠨ ᠶᠡᠬᠡ ᠰᠤᠷᠭᠠᠭᠤᠯᠢ ᠵᠢᠨ ᠲᠠᠭᠤᠤ ᠬᠦᠭᠵᠢᠮᠤᠨ ᠲᠡᠭᠡᠳᠦ ᠰᠤᠷᠭᠠᠭᠤᠯᠢ ᠵᠢᠨ ᠫᠷᠤᠹᠧᠰᠰᠤᠷ)
《ᠨᠤᠲᠤᠭᠤᠨ ᠰᠢᠷᠭᠠᠯ ᠴᠠᠢ》 ᠬᠡᠮᠡᠬᠦ ᠲᠠᠭᠤᠤ ᠠᠮᠢᠳᠤᠷᠠᠯᠤᠨ ᠬᠠᠮᠤᠭᠤᠨ ᠶᠡᠷᠦᠮᠳᠡᠭ ᠮᠦᠷᠳᠡᠬᠡᠨ ᠰᠠᠯᠵᠤ ᠪᠤᠯᠤᠰᠢ ᠦᠭᠡᠢ ᠰᠦ ᠲᠠᠢ ᠰᠢᠷᠭᠠᠯ ᠴᠠᠢ ᠪᠡᠷ ᠰᠡᠳᠦᠪᠯᠡᠭᠰᠡᠨ ᠨᠢ ᠮᠠᠰᠢ ᠬᠦᠨ ᠤᠴᠢᠷ ᠤᠳᠬ᠎ᠠ ᠲᠠᠢ ᠪᠤᠯᠵᠠᠢ᠃ 《ᠴᠠᠢ》 ᠨᠢ ᠵᠦᠪᠬᠡᠨ ᠤᠮᠳᠠᠭᠠᠨ ᠳᠡᠳᠦᠢ ᠪᠢᠰᠢ᠂ ᠬᠠᠷᠢᠨ ᠥᠩᠬᠡᠷᠡᠭᠰᠡᠨᠤ ᠳᠤᠷᠠᠰᠤᠮᠵᠢ᠂ ᠦᠨᠦᠳᠦᠷ ᠤᠨ ᠠᠮᠳᠠᠷᠬᠠᠯ᠂ ᠢᠷᠡᠭᠡᠳᠦᠢ ᠵᠢᠨ ᠮᠦᠷᠦᠭᠡᠳᠦᠯ᠂ ᠨᠤᠳᠤᠭ ᠤᠰᠤ ᠡᠴᠡ ᠪᠡᠨ ᠰᠠᠯᠤᠬᠰᠠᠨ ᠬᠦᠮᠦᠰ ᠤᠨ ᠰᠡᠳᠬᠢᠯᠤᠨ ᠰᠢᠵᠢᠮ ᠪᠢᠯᠡ᠃
ᠲᠠᠭᠤᠤ ᠵᠢᠨ ᠦᠬᠡ ᠵᠢᠨ ᠬᠤᠪᠢᠳᠦ᠂ ᠰᠠᠷᠠᠨᠤ ᠭᠡᠷᠡᠯ ᠠᠰᠬᠠᠷᠠᠬᠰᠠᠨ ᠰᠠᠢᠬᠠᠨ ᠦᠳᠡᠰᠢ ᠨᠤᠳᠤᠭ ᠵᠢᠨᠨ ᠰᠠᠬᠢᠬᠰᠠᠨ ᠡᠵᠢ ᠬᠤᠨᠢ ᠪᠡᠨ ᠬᠤᠳᠠᠯᠠᠵᠤ ᠭᠠᠯ ᠵᠢᠨᠨ ᠠᠰᠠᠭᠠᠭᠠᠳ ᠠᠭᠠᠭ ᠲᠠᠢ ᠰᠢᠷ᠎ᠠ ᠴᠠᠢ ᠪᠡᠨ ᠰᠠᠮᠤᠷᠤᠨ ᠰᠠᠮᠤᠷᠤᠨ ᠪᠠᠢᠭᠠᠶᠢ ᠨᠢᠳᠦᠨᠳᠦ ᠦᠵᠡᠭᠳᠡᠮ᠎ᠡ ᠰᠠᠢᠬᠠᠨ ᠲᠦᠷᠰᠦᠯᠡᠵᠡᠢ᠃ ᠲᠠᠭᠤᠤ ᠵᠢᠨ ᠠᠶ᠎ᠠ ᠵᠢᠨ ᠬᠤᠪᠢᠳᠦ᠂ ᠲᠦᠷᠪᠡᠴᠡ — ᠳᠠᠪᠤᠴᠠ ᠪᠡᠷ ᠡᠬᠢᠯᠡᠬᠦᠯᠵᠦ᠂ ᠲᠡᠭᠡᠭᠰᠢ ᠳᠤᠷᠤᠬᠰᠢ ᠦᠭᠰᠦᠵᠦ ᠤᠷᠤᠭᠤᠳᠠᠨ᠂ ᠵᠢᠷᠭᠤᠭᠠᠴᠠ ᠪᠠ ᠨᠠᠢ᠍ᠮᠠᠴᠠ ᠵᠢᠨ ᠦᠰᠦᠷᠦᠯᠳᠡᠶᠢ ᠤᠶᠠᠯᠳᠤᠭᠤᠯᠤᠨ ᠲᠡᠭᠦᠰᠭᠡᠭᠰᠡᠨ ᠨᠢ ᠮᠠᠰᠢ ᠶᠡᠬᠡ ᠰᠡᠳᠬᠢᠯᠤᠨ ᠴᠠᠯᠬᠢᠶᠠᠶᠢ ᠡᠬᠦᠰᠬᠡᠵᠦ ᠲᠠᠭᠤᠤ ᠵᠢᠨ ᠰᠠᠨᠠᠭ᠎ᠠ ᠠᠬᠤᠢ ᠲᠠᠢ ᠪᠡᠨ ᠶᠠᠪ ᠴᠠᠪ ᠠᠪᠤᠴᠠᠯᠳᠤᠬᠰᠠᠨ ᠪᠠᠢᠨ᠎ᠠ᠃

ᠦᠯᠢᠭᠡᠷ —
ᠴᠠᠢ — ᠮᠠᠨᠤ ᠤᠯᠤᠰᠤᠨ ᠡᠮᠦᠨᠡᠳᠦ ᠤᠷᠤᠨᠤ ᠬᠠᠮᠤᠭᠤᠨ ᠴᠢᠬᠤᠯᠠ ᠠᠵᠤ ᠠᠬᠤᠢ ᠵᠢᠨ ᠲᠠᠷᠢᠮᠠᠯᠤᠨ ᠨᠢᠬᠡ ᠪᠤᠯᠬᠤ ᠨᠠᠪᠴᠢ ᠵᠤᠯᠭᠠᠷᠠᠬᠤ ᠪᠤᠳᠠ ᠮᠤᠳᠤ᠃ ᠬᠡᠪᠤᠨ ᠴᠠᠢ ᠠᠯᠢ ᠡᠷᠳᠡ 17 ᠳ᠋ᠤᠭᠠᠷ ᠵᠠᠭᠤᠨᠤ ᠦᠶ᠎ᠡ ᠡᠴᠡ ᠠᠪᠤᠭᠠᠳ ᠠᠽᠢᠶ᠎ᠠ ᠡᠸᠦ᠋ᠷᠦᠫᠠ ᠪᠡᠷ ᠶᠡᠬᠡᠳᠡ ᠪᠤᠷᠤᠯᠠᠭᠤᠯᠤᠬᠳᠠᠵᠤ᠂ ᠤᠯᠠᠨ ᠤᠯᠤᠰᠤᠨ ᠠᠷᠠᠯᠵᠢᠶ᠎ᠠ ᠬᠤᠳᠠᠯᠳᠤᠭᠠᠨ ᠤ 《ᠲᠦᠮᠡᠨ ᠭᠠᠵᠠᠷᠤᠨ ᠴᠠᠢ ᠵᠢᠨ ᠵᠠᠮ》 ᠭᠠᠷᠴᠠᠢ᠃ ᠲᠡᠷᠡ ᠳᠤᠮᠳᠠ᠂ ᠤᠮᠠᠷᠠᠳᠤ ᠤᠷᠤᠨ ᠤ ᠰᠦ ᠲᠠᠢ ᠨᠡᠢᠯᠡᠵᠦ 《ᠰᠦ ᠲᠠᠢ ᠴᠠᠢ》 ᠪᠤᠯᠤᠭᠠᠳ ᠮᠤᠩᠭᠤᠯᠴᠤᠳᠤᠨ ᠠᠮᠢᠳᠤᠷᠠᠯᠳᠦ ᠤᠰᠤ ᠰᠦ ᠰᠢᠭ ᠢᠳᠡᠭᠡᠰᠢᠨ ᠠᠭᠤᠰᠤᠯᠴᠠᠵᠠᠢ᠃
ᠰᠦ ᠲᠠᠢ ᠴᠠᠢ — ᠰᠦ ᠲᠠᠢ ᠴᠠᠢ ᠵᠦᠪᠭᠡᠨ ᠮᠤᠩᠭᠤᠯᠴᠤᠳᠤᠨ ᠡᠳᠦᠷ ᠲᠤᠳᠤᠮᠤᠨ ᠤᠮᠳᠠᠭᠠᠨᠤ ᠨᠢᠭᠡ ᠲᠡᠳᠦᠢ ᠪᠢᠰᠢ᠃ ᠬᠠᠷᠢᠨ ᠮᠤᠩᠭᠤᠯ ᠰᠤᠶᠤᠯᠤᠨ ᠲᠤᠳᠠᠭᠳᠠᠵᠦ ᠪᠤᠯᠤᠰᠢ ᠦᠭᠡᠢ ᠨᠢᠭᠡ ᠪᠦᠷᠢᠯᠳᠦᠬᠦᠨ ᠭᠡᠰᠡᠭ ᠪᠤᠯᠤᠭᠰᠠᠨ ᠪᠦᠭᠡᠳ ᠮᠤᠩᠭᠤᠯᠴᠤᠳᠤᠨ ᠵᠠᠩ ᠦᠢᠯᠡ᠂ ᠬᠠᠢᠷ᠎ᠠ ᠰᠡᠳᠬᠢᠯᠭᠡᠨᠢ ᠬᠤᠯᠪᠤᠭᠰᠠᠨ ᠰᠤᠶᠤᠯᠤᠨ ᠬᠠᠮ ᠠᠴᠢᠶᠠᠯᠠᠪᠤᠷᠢ ᠪᠤᠯᠤᠨ᠎ᠠ᠃ ᠡᠵᠢ ᠵᠢᠨ ᠴᠢᠨᠠᠭᠰᠠᠨ ᠰᠦ ᠲᠠᠢ ᠴᠠᠢ ᠡᠴᠡ ᠬᠦᠮᠦᠰ ᠡᠷᠴᠢ ᠬᠦᠴᠦ ᠠᠪᠳᠠᠭ᠂ ᠤᠢ ᠤᠬᠠᠭᠠᠨ ᠰᠤᠷᠳᠠᠭ᠂ ᠬᠦᠮᠦᠨ ᠪᠤᠯᠬᠤ ᠶᠤᠰᠤ ᠵᠢ ᠤᠢᠯᠠᠭᠠᠳᠠᠭ᠃ ᠰᠦ ᠲᠠᠢ ᠴᠠᠢ ᠪᠠᠨ ᠤᠤᠭᠤᠵᠦ ᠦᠰᠦᠭᠰᠡᠨ ᠦᠷᠡᠰ ᠨᠢ ᠲᠠᠯ᠎ᠠ ᠪᠠᠨ ᠰᠢᠬ ᠠᠭᠤᠵᠢᠮ ᠰᠡᠳᠬᠢᠯ ᠲᠠᠢ᠂ ᠠᠭᠤᠯᠠ ᠪᠠᠨ ᠰᠢᠭ ᠰᠦᠷᠯᠢᠭ ᠪᠠᠷ᠎ᠠ ᠲᠠᠢ ᠮᠤᠩᠭᠤᠯ ᠬᠦᠮᠦᠨ ᠪᠤᠯᠵᠦ ᠪᠤᠢᠵᠢᠳᠠᠭ᠃ ᠡᠢᠮᠦ ᠡᠴᠡ ᠰᠦ ᠲᠠᠢ ᠴᠠᠢ ᠪᠤᠯ ᠲᠠᠯ᠎ᠠ ᠵᠢᠨ ᠮᠤᠩᠭᠤᠯ ᠦᠷᠡᠰᠤᠨ ᠦᠨᠢᠳᠡ ᠮᠠᠷᠳᠠᠰᠢ ᠦᠭᠡᠢ ᠲᠤᠷᠠᠳᠬᠠᠯ᠂ ᠠᠮᠢᠳᠤᠷᠠᠯᠤᠨ ᠬᠢᠨᠢ ᠬᠡᠯᠪᠡᠷᠢ᠂ ᠨᠡᠩ ᠴᠦ᠍ ᠠᠮᠢ ᠠᠮᠢᠵᠢᠷᠠᠯᠤᠨ ᠡᠬᠢ ᠦᠨᠳᠦᠰᠦ ᠪᠠᠢᠭ᠎ᠠ ᠶᠤᠮ᠃ ᠤᠴᠢᠷ ᠨᠢ ᠲᠠᠯ᠎ᠠ ᠵᠢᠨ ᠮᠤᠩᠭᠤᠯ ᠠᠢᠯᠳᠤ ᠰᠦ ᠲᠠᠢ ᠴᠠᠢ ᠯᠠᠪᠳᠠᠢ ᠠᠩᠬᠢᠯᠤᠨ᠎ᠠ᠂ ᠰᠦ ᠲᠠᠢ ᠴᠠᠢ ᠠᠩᠬᠢᠯᠤᠭᠰᠠᠨ ᠭᠠᠵᠠᠷ ᠲᠦ᠍ ᠠᠮᠢ ᠠᠮᠢᠵᠢᠷᠠᠯ ᠪᠢᠯᠬᠠᠮ᠎ᠠ ᠪᠠᠢᠳᠠᠭ ᠪᠤᠯᠬᠤᠷ ᠰᠦ ᠲᠠᠢ ᠴᠠᠢ ᠮᠤᠩᠭᠤᠯᠴᠤᠳᠤᠨ ᠠᠮᠢᠳᠤᠷᠠᠯ ᠦᠢᠯᠡᠳᠪᠦᠷᠢᠯᠡᠯ᠂ ᠰᠤᠶᠤᠯ ᠤᠷᠠᠯᠢᠬ᠂ ᠤᠶᠤᠨ ᠰᠠᠨᠠᠭᠠᠨᠳᠤ ᠬᠦᠷᠳᠡᠯ᠎ᠡ ᠠᠭᠤᠰᠤᠨ ᠨᠡᠪᠴᠢᠭᠰᠡᠨ ᠶᠤᠮ᠃
2010 ᠤᠨᠳᠤ ᠮᠠᠨᠤ ᠤᠷᠤᠨᠤ ᠨᠡᠷᠡᠳᠦ ᠲᠠᠭᠤᠤ ᠵᠢᠨ ᠦᠭᠡ ᠵᠢᠨ ᠵᠤᠬᠢᠶᠠᠬᠴᠢ ᠴᠢᠶᠤᠤ ᠮᠢᠩᠤᠨ ᠰᠢᠯᠦᠭ᠂ ᠨᠡᠷᠡᠲᠦ ᠠᠶᠠᠯᠭᠤ ᠵᠤᠬᠢᠶᠠᠬᠴᠢ ᠤᠯᠠᠭᠠᠨᠳᠤᠬᠤᠨ ᠠᠶ᠎ᠠ᠂ ᠨᠡᠷᠡᠳᠦ ᠲᠠᠭᠤᠤ ᠵᠢᠨ ᠦᠭᠡ ᠵᠢᠨ ᠵᠤᠬᠢᠶᠠᠬᠴᠢ ᠨᠠᠰᠤᠨᠤ ᠤᠷᠴᠢᠭᠤᠯᠭ᠎ᠠ ᠪᠡᠷ 《ᠨᠤᠳᠤᠭᠤᠨ ᠰᠢᠷᠭᠠᠯ ᠴᠠᠢ》 ᠭᠡᠬᠦ ᠰᠠᠢᠬᠠᠨ ᠲᠠᠭᠤᠤ ᠵᠤᠬᠢᠶᠠᠭᠳᠠᠨ᠂ ᠨᠡᠷᠡᠳᠦ ᠲᠠᠭᠤᠴᠢᠨ ᠮᠦᠩᠬᠦᠨ ᠬᠢᠳᠠᠳ ᠮᠤᠩᠭᠤᠯ ᠬᠤᠤᠰ ᠬᠡᠯᠡ ᠪᠠᠷ ᠲᠠᠭᠤᠯᠠᠪᠠ᠃
— ᠳᠤᠰ ᠲᠠᠭᠤᠤ ᠬᠡᠷ ᠲᠡᠭᠡᠨ ᠬᠠᠷᠢᠭᠠᠳ ᠡᠵᠢ ᠵᠢᠨ ᠵᠢᠨᠨ ᠴᠢᠨᠠᠬᠰᠠᠨ ᠰᠢᠷᠭᠠᠯ ᠴᠠᠢᠶᠢ ᠤᠤᠭᠤᠵᠤ᠂ ᠨᠤᠳᠤᠭ ᠤᠰᠤᠨᠤ ᠪᠡᠨ ᠳᠤᠬᠠᠢ ᠰᠠᠢᠬᠠᠨ ᠵᠤᠭᠤᠭᠢ ᠴᠢᠩᠨᠠᠨ ᠰᠠᠭᠤᠵᠤ ᠪᠠᠢᠬᠤ ᠦᠷ᠎ᠡ ᠵᠢᠨ ᠰᠡᠳᠬᠢᠯᠢ ᠪᠢᠴᠢᠭᠰᠡᠨ ᠪᠠᠢᠳᠠᠬ᠃ ᠶᠡᠷᠦ ᠨᠢ ᠢᠷᠠᠭᠤ ᠨᠠᠢᠷᠠᠬᠢ ᠤᠷᠴᠢᠭᠤᠯᠤᠨᠠ ᠭᠡᠳᠡᠭ ᠳᠤᠢᠯᠤᠨ ᠶᠡᠬᠡ ᠬᠦᠳᠡᠯᠮᠦᠷᠢ ᠵᠠᠷᠤᠴᠠᠭᠤᠯᠳᠠᠬ ᠠᠵᠢᠯ᠂ ᠨᠡᠩᠴᠦ ᠬᠦᠮᠦᠰᠤᠨ ᠰᠡᠳᠬᠢᠯᠳᠦ ᠬᠦᠷᠳᠡᠯ᠎ᠡ ᠤᠷᠴᠢᠭᠤᠯᠤᠨᠠ ᠭᠡᠳᠡᠭ ᠮᠠᠰᠢ ᠬᠦᠴᠢᠷ ᠪᠠᠢᠳᠠᠬ᠃ ᠶᠠᠭᠤᠨᠤ ᠡᠮᠦᠨ᠎ᠡ ᠠᠶᠠᠯᠭᠤᠨᠳᠦᠨᠢ ᠶᠠᠬ ᠳᠠᠭᠠᠷᠠᠭᠤᠯᠵᠤ ᠤᠷᠴᠢᠭᠤᠯᠬᠤᠶᠢ ᠠᠩᠬᠠᠷᠬᠤ ᠬᠡᠷᠡᠭᠳᠡᠢ᠃ ᠳᠠᠷᠠᠭᠠᠯᠠᠪᠠᠯ ᠦᠬᠡᠨᠤ ᠬᠢᠨᠢ ᠤᠳᠬ᠎ᠠ ᠰᠡᠳᠬᠢᠯᠬᠡᠶᠢ ᠡᠷᠬᠡᠪᠰᠢ ᠪᠦᠷᠢᠨ ᠪᠦᠲᠦᠨ᠂ ᠵᠦᠪ ᠰᠠᠢᠬᠠᠨ ᠢᠯᠡᠷᠡᠬᠦᠯᠬᠦᠶᠢ ᠪᠤᠳᠤᠯᠬᠢᠯᠠᠬᠤ ᠬᠡᠷᠡᠭᠳᠡᠢ᠃ ᠡᠨᠡ ᠰᠠᠭᠤᠷᠢᠨ ᠲᠡᠭᠡᠷ᠎ᠡ ᠤᠳᠬ᠎ᠠ ᠰᠠᠨᠠᠭ᠎ᠠᠶᠢ ᠳᠠᠬᠢᠨ ᠪᠠᠶᠠᠯᠢᠬᠵᠢᠭᠤᠯᠬᠤᠭᠡᠷᠡᠭᠳᠡᠢ ᠭᠡᠵᠦ ᠨᠠᠰᠤᠨ ᠶᠠᠷᠢᠵᠦ ᠪᠠᠢᠯ᠎ᠠ᠃
ᠬᠤᠷᠳᠤᠨ ᠬᠦᠯᠦᠭ ᠡᠵᠡᠨ ᠵᠢᠨᠨ ᠤᠯᠵᠤ ᠲᠦᠷᠦᠳᠡᠭ ᠭᠡᠰᠡᠨ ᠰᠢᠭ ᠰᠠᠢᠬᠠᠨ ᠲᠠᠭᠤᠤᠴᠦ ᠲᠠᠭᠤᠴᠢᠨ ᠵᠢᠨᠨ ᠤᠯᠵᠤ ᠲᠦᠷᠦᠳᠡᠭ ᠤᠴᠢᠷᠳᠠᠢ ᠪᠠᠢᠵᠠᠢ᠃
— ᠪᠢ ᠦᠷᠬᠦᠯᠵᠢ ᠥᠪᠡᠷᠢ ᠪᠡᠨ ᠶᠡᠬᠡ ᠠᠵᠠᠳᠠᠢ ᠬᠦᠮᠦᠨ ᠭᠡᠵᠦ ᠪᠤᠳᠤᠵᠤ ᠰᠠᠨᠠᠵᠤ ᠶᠠᠪᠤᠳᠠᠬ᠃《ᠨᠤᠳᠤᠭᠤᠨ ᠰᠢᠷᠭᠠᠯ ᠴᠠᠢ》ᠪᠡᠨ ᠲᠠᠭᠤᠯᠠᠬᠰᠠᠨ ᠡᠴᠡ ᠬᠤᠢᠰᠢ ᠪᠢ ᠤᠯᠠᠨ ᠬᠦᠮᠦᠨᠳᠦ ᠲᠠᠨᠢᠬᠳᠠᠵᠤ᠂ ᠡᠨᠡ ᠲᠠᠭᠤᠤ ᠮᠢᠨᠢ ᠨᠠᠳᠠᠳᠤ ᠠᠷᠪᠢᠨ ᠰᠠᠢᠨ ᠰᠠᠢᠬᠠᠨ ᠵᠦᠢᠯᠢ ᠠᠪᠴᠢᠷᠠᠵᠤ ᠦᠭᠭᠦᠭᠰᠡᠨ ᠭᠡᠵᠦ ᠲᠠᠭᠤᠴᠢᠨ ᠮᠦᠩᠬᠦᠨ ᠶᠠᠷᠢᠵᠤ ᠪᠢᠯᠡ᠃
ᠴᠢᠶᠤᠤ ᠮᠢᠩ ᠤᠯᠠᠭᠠᠨᠳᠤᠭ ᠲᠦ᠍ ᠨᠡᠯᠢᠶᠡᠳ ᠬᠡᠳᠦᠨ ᠲᠠᠭᠤᠤ ᠵᠢᠨ ᠰᠢᠯᠦᠭ ᠦᠭᠭᠦᠭᠡᠳ ᠠᠶ᠎ᠠ ᠲᠠᠭᠠᠷᠠᠭᠤᠯᠵᠤ ᠦᠭᠬᠦᠶᠢ ᠬᠦᠰᠡᠭᠰᠡᠨ ᠪᠤᠯᠪᠠᠴᠤ ᠤᠯᠠᠭᠠᠨᠳᠤᠬ ᠪᠠᠬᠰᠢ ᠠᠵᠢᠯ ᠶᠠᠭᠠᠷᠠᠤ ᠡᠴᠡ ᠪᠤᠯᠵᠤ ᠵᠠᠪᠳᠤᠭ᠎ᠠ ᠦᠭᠡᠢ ᠪᠠᠢᠯ᠎ᠠ᠃ ᠨᠢᠭᠡ ᠦᠷᠯᠦᠭᠡ ᠵᠢᠨ ᠴᠠᠢ ᠲᠡᠭᠡᠷ᠎ᠡ ᠤᠯᠠᠭᠠᠨᠳᠤᠭ ᠴᠢᠶᠤᠤ ᠮᠢᠩ ᠬᠦᠬᠡᠬᠤᠳᠠᠳᠤ ᠤᠴᠠᠷᠠᠭᠠᠳ ᠤᠯᠠᠭᠠᠨᠳᠤᠭ《ᠨᠤᠳᠤᠭᠤᠨ ᠰᠢᠷᠭᠠᠯ ᠴᠠᠢ》 ᠵᠢᠨ ᠦᠭᠡᠳᠤᠨᠢ ᠠᠶ᠎ᠠ ᠵᠤᠬᠢᠶᠠᠵᠦ ᠦᠭᠭᠦᠭᠰᠡᠨ ᠪᠠᠢᠯ᠎ᠠ᠃ ᠤᠷᠤᠢ ᠵᠢᠨ ᠬᠤᠭᠤᠯᠠᠨ ᠰᠢᠷᠡᠭᠡᠨ ᠲᠡᠭᠡᠷ᠎ᠡ ᠮᠦᠩᠬᠦᠨ ᠳᠤᠰ ᠲᠠᠭᠤᠤᠶᠢ ᠲᠠᠭᠤᠯᠠᠬᠤᠳᠦ ᠴᠢᠶᠤᠤ ᠮᠢᠩ ᠶᠡᠬᠡᠳᠡ ᠰᠡᠳᠬᠢᠯ ᠬᠦᠳᠡᠯᠵᠦ ᠨᠢᠳᠤᠨ ᠳ᠋ᠤᠨᠢ ᠨᠢᠯᠪᠤᠰᠤ ᠡᠷᠬᠢᠯᠳᠦᠵᠦ ᠪᠠᠢᠬᠰᠠᠨ ᠭᠡᠳᠡᠭ᠃ ᠢᠩᠬᠢᠬᠡᠳ 《ᠨᠤᠳᠤᠭᠤᠨ ᠰᠢᠷᠭᠠᠯ ᠴᠠᠢ》 ᠲᠠᠭᠤᠤ ᠨᠢ ᠲᠠᠭᠤᠴᠢᠨ ᠮᠦᠩᠬᠦᠨᠤ ᠨᠡᠷ᠎ᠡ ᠵᠢᠨ ᠬᠠᠭᠤᠳᠠᠰᠤ ᠪᠤᠯᠵᠤ᠂ ᠤᠯᠤᠰᠤᠨ ᠭᠠᠳᠠᠭᠠᠳᠤ ᠳᠤᠲᠤᠭᠠᠳᠤ᠂ ᠶᠡᠬᠡ ᠪᠠᠭ᠎ᠠ ᠳᠤᠬᠯᠠᠯᠳᠠ ᠦᠳᠡᠰᠢᠯᠡᠬᠡ ᠪᠡᠷ ᠤᠯᠠᠨ ᠲᠠᠭᠤᠯᠠᠬᠳᠠᠵᠤ᠂ ᠬᠤᠳᠠ ᠪᠠᠯᠭᠠᠰᠤᠨ ᠡᠴᠡ ᠬᠦᠳᠡᠬᠡ ᠨᠤᠳᠤᠭ ᠬᠦᠷᠳᠡᠯ᠎ᠡ ᠬᠠᠩᠬᠢᠨᠠᠨ ᠴᠤᠤᠷᠢᠶᠠᠳᠤᠭᠰᠠᠨ ᠪᠦᠭᠡᠳ ᠪᠦᠬᠦ ᠤᠯᠤᠰᠤᠨ 《ᠲᠠᠪᠤᠨ ᠨᠢᠬᠡ ᠵᠢᠨ ᠢᠨᠵᠧᠨᠧᠷᠢᠩ》 ᠤ᠋ᠨ ᠱᠠᠩᠨᠠᠯᠬᠦᠷᠳᠡᠵᠡᠢ᠃