ᠦᠨᠲᠦᠰᠦᠨ ᠪᠠᠢᠲᠠᠯ —
ᠵᠤᠬᠢᠶᠠᠨ ᠪᠦᠳᠦᠭᠡᠭ᠌ᠰᠡᠨ ᠴᠠᠭ ᠄ 1994 ᠣᠨ
ᠦᠭᠡ ᠂ ᠠᠶ᠎ᠠ ᠄ ᠪᠦᠷᠢᠨᠪᠡᠶᠡᠷ
ᠵᠤᠬᠢᠶᠠᠨ ᠪᠦᠳᠦᠭᠡᠭ᠌ᠰᠡᠨ ᠬᠡᠯᠪᠡᠷᠢ ᠄ ᠮᠤᠩᠭᠤᠯ ᠵᠢᠡᠷ ᠵᠤᠬᠢᠶᠠᠨ ᠪᠦᠳᠦᠭᠡᠵᠤ᠂ ᠲᠠᠷᠠᠭ᠎ᠠ ᠨᠢ ᠬᠢᠳᠠᠳᠴᠢᠯᠡᠪᠡ
ᠠᠶ᠎ᠠ᠎ᠶ᠋ᠢᠨ ᠤᠨᠴᠠᠯᠢᠭ ᠄ ᠬᠦᠭ ᠠᠶᠠᠰ᠎ᠨᠢ ᠤᠯᠠᠮᠵᠢᠯᠠᠯᠳᠦ ᠮᠤᠩᠭᠤᠯ ᠠᠷᠠᠳ᠎ᠤᠨ ᠳᠠᠭᠤᠤ᠎ᠲᠠᠢ ᠠᠳᠠᠯᠢ ᠦᠭᠡᠢ᠂ ᠤᠷᠤᠰᠬᠠᠯ ᠳᠠᠭᠤᠤ᠎ᠠᠴᠠ ᠪᠠᠰᠠ ᠢᠯᠭᠠᠭ᠎ᠠ᠎ᠲᠠᠢ᠂ ᠭᠡᠪᠡᠴᠤ ᠰᠤᠨᠤᠰᠬᠤ᠎ᠳᠤ ᠤᠶᠠᠩᠭ᠎ᠠ ᠲᠠᠢ ᠪᠦᠭᠡᠳ ᠬᠠᠢᠷ᠎ᠠ 《 ᠠᠮᠳᠠᠬ᠍ᠳᠠᠨᠠ 》᠃
ᠲᠠᠭᠤᠤ᠎ᠶ᠋ᠢᠨ ᠲᠦᠷᠦᠯ ᠄ ᠵᠤᠬᠢᠶᠠᠯ᠎ᠤᠨ ᠲᠠᠭᠤᠤ
ᠠᠯᠳᠠᠷ —
ᠲᠤᠰ ᠲᠠᠭᠤᠤ ᠨᠢ ᠲᠥᠪ ᠷᠠᠳᠢᠤ᠋᠎ᠶᠢᠨ ᠲᠠᠭᠤᠤ ᠶᠢᠨ ᠵᠢᠬ᠍ᠰᠠᠭᠠᠯᠲᠡᠳᠤ 17 ᠭᠠᠷᠠᠭ ᠲᠠᠷᠠᠭᠠᠯᠠᠨ ᠲᠠᠷᠢᠬᠦᠯᠡᠪᠡ ; 《2006 ᠣᠨ᠎ᠳᠤ ᠮᠢᠨᠤ ᠬᠠᠮᠤᠭ᠎ᠠᠴᠠ ᠪᠠᠬᠠᠷᠬᠠᠳᠠᠭ ᠲᠥᠪ ᠲᠧᠯᠸᠢᠰ᠎ᠦᠨ ᠴᠠᠭᠠᠨ ᠰᠠᠷ᠎ᠠ᠎ᠶᠢᠨ ᠦᠳᠡᠰᠢᠯᠡᠭᠡ᠎ᠶᠢᠨ ᠫᠷᠣᠭ᠌ᠷᠠᠮ》᠎ᠳ᠋ᠤ ᠳᠠᠭᠤᠤ ᠪᠥᠵᠢᠭ᠎ᠦᠨ ᠲᠦᠷᠦᠯ᠎ᠦᠨ ᠬᠣᠶᠠᠳᠤᠭᠠᠷ ᠳᠡᠰ᠎ᠤᠨ ᠱᠠᠩᠨᠠᠯ ᠬᠦᠷᠳᠡᠵᠤ᠂ 《ᠲᠠᠪᠤᠨ ᠨᠢᠭᠡ ᠵᠢᠨ ᠢᠨᠵᠸᠨ᠋ᠸᠷᠢᠩ》 ᠦ᠋ᠨ ᠱᠠᠩᠨᠠᠯ ᠬᠦᠷᠳᠡᠵᠡᠢ᠃

ᠦᠨᠡᠯᠡᠯᠳᠠ —
ᠴᠡᠴᠡᠭᠮ᠎ᠡ (ᠤᠯᠤᠰ ᠤᠨ ᠨᠢᠭᠡᠳᠦᠭᠡᠷ ᠲᠡᠰ ᠦᠨ ᠲᠤᠬ᠍ᠯᠠᠬ᠍ᠴᠢ᠂ ᠦᠪᠦᠷ ᠮᠤᠩᠭᠤᠯ ᠤᠨ ᠤᠷᠠᠯᠢᠭ᠋ ᠤᠨ ᠲᠡᠭᠡᠳᠤ ᠰᠤᠷᠭᠠᠭᠤᠯᠢ᠎ᠶᠢᠨ ᠫᠷᠤᠹᠸᠰᠰᠤᠷ ᠂ ᠠᠨᠲᠡ ᠬᠠᠮᠳᠤᠯᠢᠭ᠋ᠤᠨ ᠲᠠᠭᠤᠴᠢᠨ )
《ᠴᠢᠨᠳᠠᠮᠤᠨᠢ ᠠ᠋ᠷᠳᠡᠨᠢ》 ᠲᠠᠭᠤᠤ ᠨᠠᠭᠤᠷᠮ᠎ᠠ ᠪᠦᠷᠢᠨᠪᠡᠶᠡᠷ ᠪᠠᠭ᠍ᠰᠢ ᠬᠤᠶᠡᠷ᠎ᠤᠨ ᠶᠠᠷᠢᠯᠴᠠᠭ᠎ᠠ᠂ ᠬᠡᠤᠬᠡᠳ᠎ᠤᠨ ᠶᠢᠷᠳᠢᠨᠴᠣ᠌ᠶᠢ ᠬᠠᠷᠠᠬᠤ ᠤᠬᠠᠭᠠᠨ᠂ ᠠᠪᠤ ᠡᠵᠢ᠎ᠶᠢᠨ ᠦᠬᠢᠨ᠎ᠳᠡᠭᠡᠨ ᠶᠢᠷᠳᠢᠨᠴᠤ᠎ᠶᠢ ᠲᠠᠨᠢᠭᠤᠯᠬᠤ ᠤᠬᠠᠭᠠᠨ ᠭᠡᠬᠦ ᠠᠪᠤ ᠡᠵᠢ ᠦᠬᠢᠨᠦ ᠭᠤᠷᠪᠠᠨ ᠲᠠᠯ᠎ᠠ᠎ᠶᠢᠨ ᠬᠠᠢᠷ᠎ᠠ ᠨᠡᠢᠯᠡᠭᠰᠡᠨ ᠪᠦᠳᠦᠭᠡᠯ᠃ ᠬᠡᠤᠬᠡᠳ ᠨᠠᠰᠤ ᠠᠷᠢᠭᠤᠨ ᠴᠠᠭᠠᠨ᠂ ᠠᠪᠤ ᠡᠵᠢ᠎ᠶᠢᠨ ᠬᠠᠢᠷ᠎ᠠ ᠡᠷᠬᠢᠮ ᠲᠡᠭᠡᠳᠤ᠂ ᠬᠠᠢᠷ᠎ᠠ ᠬᠠᠢᠷ᠎ᠠ ᠲᠡᠩᠴᠡᠵᠤ ᠨᠡᠢᠯᠡᠭᠰᠡᠨ ᠲᠠᠭᠤᠤ ᠤᠴᠢᠷ᠎ᠠᠴᠠ ᠬᠦᠮᠦᠰ᠎ᠲᠦ ᠮᠠᠰᠢ ᠶᠡᠭᠡ ᠬᠦᠷᠦᠭᠰᠡᠨ ᠶᠤᠮ᠃ ᠤᠷᠠᠯᠢᠭ᠋᠎ᠢ ᠠᠮᠢᠳᠤᠷᠠᠯ᠎ᠠᠴᠠ ᠡᠬᠢ ᠲᠠᠢ ᠭᠡᠳᠡᠭᠴᠢᠯᠡᠨ ᠡᠨᠡ ᠲᠠᠭᠤᠤ ᠲᠡᠷᠡ ᠴᠡᠭ ᠢᠶᠠᠷ᠎ᠢᠶᠠᠨ ᠬᠠᠢᠷ᠎ᠠ ᠪᠢᠯᠬᠠᠬ᠍ᠰᠠᠨ ᠠᠮᠢᠳᠤᠷᠠᠯ ᠪᠠᠢᠬ᠍ᠰᠠᠨ ᠶᠤᠮ ᠃
ᠦᠯᠢᠭᠡᠷ —
ᠰᠤᠩᠭᠤᠳᠠᠭ ᠲᠠᠭᠤᠤ ᠨᠢ ᠪᠢᠳᠠᠨ᠎ᠤ ᠠᠮᠢᠳᠤᠷᠠᠯ᠎ᠠᠴᠠ ᠣᠢᠷ᠎ᠠ ᠪᠣᠯᠬᠣᠷ ᠳᠡᠯᠭᠡᠷᠡᠬᠦ ᠨᠢ ᠥᠷᠭᠡᠨ᠂ ᠰᠡᠳᠬᠢᠯ᠎ᠠᠴᠠ ᠣᠢᠷ᠎ᠠ ᠪᠣᠯᠬᠣᠷ ᠲᠠᠷᠬᠠᠬᠤ ᠨᠢ ᠲᠦᠷᠭᠡᠨ᠂ ᠠᠷᠠᠳ ᠲᠦᠮᠡᠨ ᠲᠠᠢ ᠣᠢᠷ᠎ᠠ ᠪᠣᠯᠬᠣᠷ ᠮᠥᠩᠬᠡ᠎ᠶᠢᠨ ᠰᠢᠳᠢ᠎ᠲᠠᠢ ᠪᠠᠢᠳᠠᠭ ᠪᠢᠵᠡ᠃ 《ᠴᠢᠨᠳᠠᠮᠤᠨᠢ ᠡᠷᠳᠡᠨᠢ》 ᠲᠠᠭᠤᠤ ᠵᠠᠭᠤᠨ ᠰᠤᠨᠳᠠᠯᠠᠬ᠍ᠰᠠᠨ ᠲᠡᠳᠤᠢ ᠦᠬᠡᠢ ᠨᠢᠬᠡ ᠮᠡᠳᠡᠬᠦ᠎ᠳᠦ ᠵᠤᠬᠢᠶᠠᠬ᠍ᠳᠠᠭᠠᠳ 30 ᠵᠢᠯ ᠪᠤᠯᠴᠢᠬᠠᠵᠡᠢ ᠃
ᠦᠭᠡ ᠠᠶ᠎ᠠ᠎ᠶᠢ ᠤᠷᠠᠨ ᠪᠦᠳᠦᠭᠡᠯᠴᠢ ᠪᠦᠷᠢᠨᠪᠡᠶᠡᠷ ᠵᠤᠬᠢᠶᠠᠵᠤ᠂ 《ᠴᠢᠨᠳᠠᠮᠤᠨᠢ ᠡᠷᠳᠡᠨᠢ》 ᠬᠠᠮᠳᠤᠯᠢᠭ᠋ ᠲᠠᠷᠤᠢ ᠲᠠᠭᠤᠴᠢᠨ ᠪᠦᠷᠢᠨᠪᠡᠶᠡᠷ᠂ ᠤᠷᠠᠨ᠎ᠠ᠂ ᠨᠠᠭᠤᠷᠮ᠎ᠠ ᠠᠩᠬ᠎ᠠ ᠲᠠᠭᠤᠯᠠᠵᠤ᠂ ᠰᠤᠨᠤᠰᠤᠬ᠍ᠴᠢ ᠲᠦᠮᠡᠨ᠎ᠳᠦ ᠬᠦᠷᠦᠭᠰᠡᠨ ᠪᠠᠢᠳᠠᠭ᠃ ᠡᠨᠡ ᠲᠠᠭᠤᠤ᠎ᠶᠢ ᠶᠠᠷᠢᠬᠤ᠎ᠳᠤ ᠪᠠᠰᠠ ᠦᠯᠢᠭᠡᠷ ᠲᠠᠢ᠃ 1991 ᠣᠨ᠎ᠤ 6 ᠰᠠᠷ᠎ᠠ᠎ᠶᠢᠨ 21᠎ᠤ᠋ ᠦᠳᠡ᠎ᠶᠢᠨ ᠡᠮᠤᠨ᠎ᠠ ᠪᠦᠷᠢᠨᠪᠡᠶᠡᠷ ᠪᠠᠭ᠍ᠰᠢ᠎ᠶᠢᠨ ᠠᠪᠤ ᠨᠢ ᠪᠤᠷᠬᠠᠨ ᠪᠣᠯᠵᠤ᠂ ᠦᠳᠡ᠎ᠶᠢᠨ ᠬᠤᠢᠨ᠎ᠠ ᠨᠢ ᠪᠦᠷᠢᠨᠪᠡᠶᠡᠷ᠂ ᠤᠷᠠᠨ᠎ᠠ ᠦᠷ᠎ᠡ᠎ᠶᠢᠨ ᠵᠤᠯᠠᠢ ᠦᠨᠦᠷᠯᠡᠨ ᠬᠠᠢᠷᠠᠲᠠᠢ ᠦᠬᠢᠨ ᠨᠠᠭᠤᠷᠮ᠎ᠠ᠎ᠪᠠᠨ ᠲᠤᠰᠴᠤ᠂ ᠭᠤᠨᠢᠭ᠋ ᠪᠠᠶᠠᠷ ᠲᠠᠪᠬᠤᠴᠠᠬ᠍ᠰᠠᠨ ᠡᠨᠡ ᠡᠲᠤᠷ ᠲᠡᠳᠡᠨ᠎ᠳᠦ ᠲᠠᠩᠴᠤ ᠬᠦᠨᠳᠤ ᠪᠠᠢᠵᠡᠢ᠃ ᠲᠡᠭᠡᠭᠡᠳ ᠦᠬᠢᠨ ᠨᠠᠭᠤᠷᠮ᠎ᠠ᠎ᠶᠢᠨ ᠲᠦᠷᠦᠭᠰᠡᠨ ᠡᠲᠤᠷᠢ ᠲᠡᠮᠳᠡᠭᠯᠡᠭᠰᠡᠨ ᠦᠬᠡᠢ ᠭᠤᠷᠪᠠᠨ ᠵᠢᠯ᠎ᠦᠨ ᠨᠢᠭᠤᠷ ᠦᠵᠡᠪᠡ᠃ ᠬᠡᠯᠡᠳᠦ ᠤᠷᠤᠵᠤ ᠡᠬᠢᠯᠡᠭᠰᠡᠨ ᠨᠠᠭᠤᠷᠮ᠎ᠠ ᠨᠢ ᠴᠣᠪᠤᠭᠤ ᠲᠡᠭᠵᠢᠨ ᠪᠦᠬᠡᠳ ᠰᠤᠨᠢᠭᠤᠴᠢ ᠵᠢᠭᠠᠯ᠎ᠦᠨ ᠨᠢᠭᠡᠨ᠃ ᠠᠩᠬ᠎ᠠ ᠲᠡᠳᠡᠨ᠎ᠦ ᠬᠢᠨ ᠲᠥᠪ᠎ᠦᠨ ᠦᠨᠳᠦᠰᠦᠳᠡᠨ᠎ᠦ ᠶᠡᠭᠡ ᠰᠤᠷᠭᠠᠭᠤᠯᠢ᠎ᠶᠢᠨ ᠰᠤᠷᠭᠠᠭᠤᠯᠢ᠎ᠶᠢᠨ ᠬᠦᠷᠢᠶᠡᠨ᠎ᠦ ᠪᠠᠢᠷᠢ᠎ᠳᠤ ᠪᠠᠢᠷᠢᠯᠠᠳᠠᠭ ᠪᠤᠯᠬᠤᠷ ᠡᠬᠦᠲᠡ᠎ᠪᠡᠨ ᠭᠠᠷᠪᠠᠯ ᠤᠷᠲᠤ ᠭᠤᠳᠤᠮᠵᠢ ᠲᠠᠢ᠂ ᠭᠠᠳᠠᠨ᠎ᠠ ᠨᠠᠭᠠᠳᠤᠬ᠍ᠰᠠᠨ ᠥᠬᠢᠨ ᠨᠠᠭᠤᠷᠮ᠎ᠠ ᠨᠢ ᠭᠤᠳᠤᠮᠵᠢ᠎ᠪᠠᠷ ᠬᠦᠶᠦᠭᠡᠳ ᠬᠠᠭᠠᠯᠭ᠎ᠠ ᠲᠦᠯᠬᠢᠬᠡᠳ ᠤᠷᠤᠵᠤ ᠢᠷᠡᠨ᠎ᠡ᠂ ᠡᠨᠡ ᠬᠦᠶᠦᠬᠦ ᠲᠠᠭᠤ ᠨᠢ 《ᠰᠤᠤ ᠰᠤᠤ ᠰᠤᠤ ᠰᠤᠤ ᠮᠢ ᠷᠤᠸᠠᠢ ᠮᠢ ᠰᠤᠤ》 ᠃ 《 ᠠᠪᠤ ᠡ》 ᠁ ᠭᠡᠵᠤ ᠪᠤᠮᠠᠨ ᠠᠰᠠᠭᠤᠯᠲᠡ ᠰᠤᠪᠤᠷᠠᠨ᠎ᠠ᠂ ᠡᠨᠡ ᠠᠪᠢᠶ᠎ᠠ ᠨᠢ ᠨᠤᠲ ᠤ᠋ᠨ《 3 ᠊ 5 》 ᠬᠡᠬᠦ ᠬᠦᠭ᠃ ᠨᠠᠷᠠ ᠬᠡᠳᠡᠭ ᠨᠢ ᠶᠠᠭᠤ ᠪᠤᠢ᠂ ᠤᠳᠤ ᠭᠡᠳᠡᠭ ᠨᠢ ᠶᠠᠭᠤ ᠪᠤᠢ ᠬᠡᠳ ᠁ ᠠᠷᠤ ᠠᠷᠤ᠎ᠠᠴᠠ᠎ᠨᠢ ᠰᠤᠮᠤᠳᠠᠨ᠎ᠠ᠂ ᠬᠠᠷᠢᠭᠤᠯᠵᠤ ᠴᠢᠳᠠᠬᠤ ᠦᠭᠡᠢ ᠪᠤᠯᠤᠭᠰᠠᠭᠠᠷ ᠯᠡ《ᠴᠢᠨᠳᠠᠮᠤᠨᠢ ᠠ᠋ᠷᠳᠡᠨᠢ》 ᠬᠡᠵᠤ ᠬᠠᠷᠢᠭᠤᠯᠳᠠ ᠦᠭᠳᠡᠭ ᠪᠠᠢ᠍ᠢᠵᠠᠢ᠃ ᠠᠪᠤ ᠦᠬᠢᠨ ᠬᠤᠶᠠᠭᠤᠯᠠ᠎ᠶᠢᠨ ᠬᠦᠬᠡᠷᠤᠬᠦᠨ ᠶᠠᠷᠢᠯᠴᠠᠭ᠎ᠠ ᠡᠵᠢ ᠤᠷᠠᠨ᠎ᠠ ᠳ᠋ᠤ᠌ ᠤᠯᠠᠮ ᠴᠤ᠌ ᠦᠭᠦᠭᠡᠷᠳᠡᠮᠡ ᠬᠦᠬᠡᠷᠤᠬᠦᠨ ᠰᠠᠨᠠᠬ᠍ᠳᠠᠵᠤ᠂ 《ᠲᠠᠨ᠎ᠤ ᠬᠤᠶᠠᠭᠤᠯᠠ ᠶᠠᠭ ᠯᠡ ᠲᠠᠭᠤᠯᠠᠵᠤ ᠪᠠᠢᠭ᠎ᠠ ᠰᠢᠭ᠋》 ᠭᠡᠵᠤ ᠠᠮᠠᠨ᠎ᠤ ᠠᠶ᠎ᠠ᠎ᠪᠠᠷ ᠶᠠᠷᠢᠬ᠍ᠰᠠᠨ ᠲᠡᠳᠤᠢ ᠪᠠᠢᠳᠠᠯ᠎ᠠ ᠶᠠᠫᠥᠨ ᠤᠯᠤᠰ᠎ᠲᠤ ᠲᠤᠬ᠍ᠯᠠᠯᠲᠠ ᠭᠠᠷᠭᠠᠭᠠᠳ ᠪᠤᠴᠠᠵᠤ ᠢᠷᠡᠬᠦ᠎ᠳᠦ᠎ᠨᠢ ᠪᠦᠷᠢᠨᠪᠡᠶᠡᠷ ᠪᠠᠭ᠍ᠰᠢ ᠲᠠᠭᠤᠤ ᠵᠤᠬᠢᠶᠠᠴᠢᠬᠠᠬ᠍ᠰᠠᠨ ᠪᠠᠢᠪᠠ᠃ ᠢᠩᠭᠢᠭᠡᠳ ᠥᠬᠢᠨ ᠨᠠᠭᠤᠷᠮᠠᠶᠢᠨᠢᠶᠡᠨ ᠲᠦᠷᠦᠭᠰᠡᠨ ᠡᠲᠤᠷᠢ ᠠᠩᠬ᠎ᠠ ᠲᠡᠮᠳᠡᠭᠯᠡᠵᠦ᠂ ᠭᠤᠷᠪᠠᠨ ᠨᠠᠰᠤᠨ ᠳ᠋ᠤᠨᠢ ᠪᠡᠯᠡᠭ ᠪᠤᠯᠭᠠᠬ᠍ᠰᠠᠨ ᠭᠡᠳᠡᠭ᠃ ᠲᠡᠷᠡ ᠵᠢᠯ 1994 ᠣᠨ ᠪᠠᠢᠯ᠎ᠠ᠃
1997 ᠣᠨ᠎ᠳᠤ᠂ ᠦᠬᠢᠨ ᠨᠠᠭᠤᠷᠮ᠎ᠠ᠎ᠶᠢᠨ ᠵᠢᠷᠭᠤᠭᠠᠨ ᠨᠠᠰᠤ ᠲᠠᠢ ᠳ᠋ᠤᠨᠢ ᠪᠦᠷᠢᠨᠪᠡᠶᠡᠷ ᠪᠠᠭ᠍ᠰᠢ《ᠪᠠᠷᠭᠤ ᠪᠤᠷᠢᠶᠠᠳ᠎ᠤᠨ ᠡᠭᠡᠰᠢᠭᠯᠡᠩ》 ᠴᠤᠮᠤᠭ ᠭᠠᠷᠭᠠᠵᠤ᠂ ᠡᠨᠡ ᠲᠠᠭᠤᠤ ᠪᠠᠬ᠍ᠳᠠᠬ᠍ᠰᠠᠨ ᠪᠠᠢᠳᠠᠭ᠃ 2005 ᠳ᠋ᠤ᠌᠂ ᠪᠦᠷᠢᠨᠪᠡᠶᠡᠷ ᠪᠠᠭ᠍ᠰᠢ 《ᠲᠡᠭᠷᠢ᠎ᠶᠢᠨ ᠬᠠᠶᠠᠭ᠎ᠠ》ᠴᠤᠮᠤᠭ ᠭᠠᠷᠭᠠᠬᠤ᠎ᠳᠤ᠂ ᠬᠦᠮᠦᠰ ᠡᠨᠡ ᠲᠠᠭᠤᠤ᠎ᠶᠢ ᠲᠠᠬᠢᠨᠲᠡ ᠤᠷᠤᠭᠤᠯᠬᠤ᠎ᠶᠢ ᠬᠦᠰᠡᠵᠡᠢ ᠂ ᠭᠡᠪᠡᠴᠤ ᠦᠬᠢᠨ ᠨᠢ ᠨᠢᠭᠡᠨᠲᠡ ᠠᠷᠪᠠᠭᠠᠳ ᠨᠠᠰᠤᠳᠠᠢ ᠪᠤᠯᠤᠬ᠍ᠰᠠᠨ ᠤᠴᠢᠷ ᠨᠠᠢᠷᠠᠭᠤᠯᠤᠭ᠍ᠴᠢ᠎ᠶᠢᠨ ᠪᠠᠭ᠎ᠤᠨ ᠬᠢᠨ ᠬᠦᠯᠦᠨ ᠪᠤᠢᠷ᠎ᠲᠤ ᠭᠡᠭᠡᠷ᠎ᠠ᠎ᠶᠢᠨ ᠪᠠᠢᠴᠠᠭᠠᠯᠲᠡ ᠬᠢᠵᠦ᠂ ᠪᠢᠴᠢᠬᠠᠨ ᠲᠠᠭᠤᠴᠢᠨ ᠰᠤᠩᠭᠤᠪᠠ᠃ ᠲᠡᠭᠡᠬᠦ᠎ᠳᠦ ᠤᠳᠤᠷᠢᠳᠤᠭᠠᠴᠢ ᠨᠢ ᠬᠠᠷᠢᠨ ᠤᠷᠠᠨ᠎ᠠ ᠪᠠᠭ᠍ᠰᠢ᠎ᠶᠢᠨ ᠲᠡᠬᠦᠦ ᠪᠠᠭᠠᠳᠤᠷ᠎ᠤᠨ ᠥᠬᠢᠨ ᠢᠨᠢᠭᠮᠡᠶᠢ ᠰᠤᠩᠭᠤᠴᠢᠬᠠᠬ᠍ᠰᠠᠨ ᠪᠠᠢᠵᠤ᠂ ᠴᠢᠨᠳᠠᠮᠤᠨᠢ ᠡᠷᠳᠡᠨᠢ ᠬᠠᠮᠳᠤᠯᠢᠭ᠋ ᠰᠢᠨ᠎ᠡ ᠭᠡᠰᠢᠬᠦᠨ ᠲᠠᠢ ᠪᠣᠯᠵᠤ᠂ ᠢᠨᠢᠭᠮᠡᠶᠢᠨ ᠬᠤᠭᠤᠯᠠᠢ᠎ᠪᠠᠷ ᠡᠨᠡ ᠲᠠᠭᠤᠤ ᠲᠠᠬᠢᠨ ᠬᠦᠮᠦᠰ᠎ᠦᠨ ᠰᠤᠨᠤᠷ᠎ᠲᠤ ᠬᠦᠷᠪᠡ᠃ ᠶᠠᠭ ᠡᠨᠡ ᠤᠳᠠᠭᠠᠨ᠎ᠤ ᠰᠢᠩᠭᠡᠭᠡᠯᠲᠡ ᠨᠢ ᠲᠥᠪ ᠷᠠᠳᠢᠤ᠋᠎ᠶᠢᠨ ᠲᠠᠭᠤᠤ ᠶᠢᠨ ᠵᠢᠬ᠍ᠰᠠᠭᠠᠯᠲᠡᠳᠤ 17 ᠭᠠᠷᠠᠭ ᠲᠠᠷᠠᠭᠠᠯᠠᠨ ᠲᠠᠷᠢᠬᠦᠯᠡᠪᠡ᠃ 2006 ᠣᠨ᠎ᠳᠤ ᠲᠥᠪ ᠲᠸᠯᠸᠢᠰ᠎ᠦᠨ ᠴᠠᠭᠠᠨ ᠰᠠᠷ᠎ᠠ᠎ᠶᠢᠨ ᠦᠳᠡᠰᠢᠯᠡᠭᠡ᠎ᠶᠢᠨ ᠤᠳᠤᠷᠢᠳᠤᠭᠠᠴᠢ ᠲᠡᠳᠡᠨ᠎ᠦ ᠭᠡᠷ ᠪᠦᠯᠢ᠎ᠶᠢᠨ ᠬᠢᠨ᠎ᠳᠦ ᠤᠷᠢᠯᠭ᠎ᠠ ᠲᠠᠯᠪᠢᠬ᠍ᠰᠠᠨ᠎ᠢᠶᠠᠷ ᠲᠡᠳᠡ ᠨᠡᠷ ᠲᠥᠪ ᠲᠸᠯᠸᠢᠰ᠎ᠦᠨ ᠴᠠᠭᠠᠨ ᠰᠠᠷ᠎ᠠ᠎ᠶᠢᠨ ᠦᠳᠡᠰᠢᠯᠡᠭᠡ ᠳᠤ ᠤᠷᠤᠯᠴᠠᠨ᠂ 《ᠴᠢᠨᠳᠠᠮᠤᠨᠢ ᠡᠷᠳᠡᠨᠢ》 ᠲᠠᠭᠤᠤ ᠲᠠᠢ᠎ᠪᠠᠨ ᠬᠠᠮᠲᠤ ᠪᠦᠬᠦ ᠤᠯᠤᠰᠲᠡᠷᠡᠴᠢᠯᠡᠨ ᠪᠦᠬᠦ ᠲᠡᠯᠡᠭᠡᠢ᠎ᠳᠤ ᠠᠯᠳᠠᠷᠰᠢᠵᠤ᠂ 《ᠴᠢᠨᠳᠠᠮᠤᠨᠢ ᠡᠷᠳᠡᠨᠢ》 ᠲᠠᠭᠤᠤ ᠦᠷᠭᠡᠨ ᠲᠦᠮᠡᠨ᠎ᠡᠴᠡ᠎ᠪᠡᠨ ᠮᠠᠰᠢ ᠶᠡᠭᠡ ᠲᠠᠭᠠᠰᠢᠶᠠᠯ ᠠᠪᠴᠡᠢ᠃
ᠪᠦᠷᠢᠨᠪᠡᠶᠡᠷ ᠪᠠᠭ᠍ᠰᠢ ᠦᠬᠢᠨ ᠦᠷ᠎ᠡ᠎ᠪᠡᠨ ᠦᠬᠦᠭᠡᠷᠳᠡᠵᠤ ᠂ 《ᠴᠢᠨᠳᠠᠮᠤᠨᠢ ᠡᠷᠳᠡᠨᠢ》 ᠲᠠᠭᠤᠤ᠎ᠶᠢ ᠪᠢᠴᠢᠭᠰᠡᠨ ᠪᠣᠯ ᠰᠤᠨᠤᠰᠤᠭ᠍ᠴᠢ ᠲᠦᠮᠡᠨ ᠡᠨᠡ ᠲᠠᠭᠤᠤ᠎ᠠᠴᠠ ᠭᠡᠷ ᠪᠦᠯᠢ᠎ᠶᠢᠨ ᠬᠠᠯᠠᠭᠤᠨ ᠲᠣᠯᠠᠭᠠᠨᠢ ᠮᠡᠳᠡᠷᠡᠯ᠎ᠡ᠃ ᠦᠷ᠎ᠡ ᠠᠴᠢᠷ ᠨᠡᠷ᠎ᠤᠨ ᠲᠠᠭᠤ ᠴᠠᠯᠬᠢᠵᠦ᠂ ᠦᠷᠭᠦᠬᠡ ᠭᠡᠷ ᠨᠢ ᠢᠨᠢᠶᠡᠳᠤ ᠲᠦᠬᠦᠷᠦᠭᠰᠡᠨ ᠬᠠᠯᠠᠭᠤᠨ ᠪᠦᠯᠢ ᠶᠢ ᠬᠠᠷᠠᠭᠤᠯᠤᠬ᠍ᠰᠠᠨ ᠨᠢ ᠡᠨᠡ ᠲᠠᠭᠤᠤ ᠵᠢᠨ ᠭᠠᠢᠬᠠᠮᠰᠢᠭ᠋ ᠨᠢ ᠪᠠᠢᠬ᠍ᠰᠠᠨ ᠶᠤᠮ ᠪᠣᠯ ᠤᠤ ? ᠦᠷᠭᠡᠨ ᠲᠦᠮᠡᠨ᠎ᠦ ᠬᠦᠯᠢᠶᠡᠨ ᠠᠪᠤᠭᠰᠠᠨ ᠨᠢᠭᠤᠴᠡ ᠨᠢ ᠪᠠᠢᠬ᠍ᠰᠠᠨ ᠶᠤᠮ ᠪᠣᠯ ᠤᠤ ? ᠲᠡᠢᠮᠤ ᠡ᠃ ᠪᠠᠭ᠎ᠠ ᠭᠡᠷ ᠪᠦᠯᠢ᠎ᠡᠴᠡ ᠶᠡᠭᠡ ᠭᠡᠷ ᠪᠦᠯᠢ᠂ ᠮᠢᠩᠭ᠎ᠠ ᠲᠦᠮᠡᠨ ᠭᠡᠷ ᠪᠦᠯᠢ᠎ᠶᠢᠨ ᠠᠵᠠ ᠵᠢᠷᠭᠠᠯ ᠪᠠᠢᠮᠠᠨᠵᠢᠨ ᠤᠯᠤᠰ ᠭᠡᠷ᠎ᠦᠨ ᠴᠡᠴᠡᠭᠯᠡᠯ ᠬᠦᠭᠵᠢᠯ ᠪᠠᠢᠳᠠᠭ᠃ ᠲᠡᠭᠡᠬᠦ᠎ᠪᠡᠷ ᠡᠨᠡ ᠲᠠᠭᠤᠤ 《ᠪᠠᠭ᠎ᠠ ᠬᠠᠢᠷ᠎ᠠ》 ᠵᠢᠡᠨ ᠲᠠᠭᠤᠤ ᠠᠲᠠᠯ᠎ᠠ ᠶᠡᠭᠡ ᠬᠠᠢᠷ᠎ᠠ᠎ᠶᠢᠨ ᠤᠶᠠᠩᠭ᠎ᠠ ᠪᠠᠢᠵᠡᠢ᠃ 《ᠡᠨᠡ ᠲᠠᠭᠤᠤ᠎ᠶᠢ ᠰᠤᠨᠤᠰᠤᠭᠠᠳ ᠭᠡᠷ ᠪᠦᠯᠢ᠎ᠪᠡᠨ ᠬᠠᠢᠷᠠᠯᠠᠳᠠᠭ ᠪᠤᠯᠤᠬ᠍ᠰᠠᠨ᠂ ᠰᠠᠯᠵᠤ ᠪᠤᠳᠠᠷᠠᠬᠤ ᠪᠣᠯᠣᠬ᠍ᠰᠠᠨ ᠭᠡᠷ ᠪᠦᠯᠢ ᠲᠠᠬᠢᠨ ᠬᠠᠮᠲᠤ ᠠᠮᠢᠳᠤᠷᠠᠬ᠍ᠰᠠᠨ ᠁ ᠡᠨᠡ ᠪᠣᠯ ᠦᠵᠡᠭᠴᠢ ᠰᠤᠨᠤᠰᠤᠭ᠍ᠴᠢ ᠲᠦᠮᠡᠨ ᠦ ᠨᠠᠳᠠ ᠳᠤ ᠦᠭᠭᠦᠭᠰᠡᠨ ᠲᠤᠰᠬᠠᠯ》 ᠭᠡᠵᠤ ᠤᠷᠠᠨ᠎ᠠ ᠪᠠᠭ᠍ᠰᠢ ᠰᠤᠷᠪᠤᠯᠵᠢᠯᠠᠭ᠎ᠠ ᠬᠦᠯᠢᠶᠡᠬᠦ᠎ᠳᠡᠭᠡᠨ ᠶᠠᠷᠢᠵᠤ ᠪᠠᠢᠯ᠎ᠠ ᠃
《ᠴᠢᠨᠳᠠᠮᠤᠨᠢ ᠡᠷᠳᠡᠨᠢ》 ᠲᠠᠭᠤᠤ ᠨᠢ ᠰᠢᠨ᠎ᠡ ᠵᠠᠭᠤᠨ᠎ᠤ ᠮᠤᠩᠭᠤᠯ ᠲᠠᠭᠤᠤ᠎ᠳᠦ ᠪᠠᠰᠠ ᠨᠢᠭᠡᠨ ᠰᠢᠨ᠎ᠡ ᠤᠷᠤᠰᠬᠠᠯ᠂ ᠰᠢᠨ᠎ᠡ ᠣᠷᠬᠢᠯ ᠢ ᠠᠪᠴᠢᠷᠠᠬ᠍ᠰᠠᠨ ᠭᠡᠬᠦ᠎ᠳᠦ ᠢᠯᠡᠬᠦᠳᠡᠬᠦ ᠦᠬᠡᠢ᠃ ᠲᠤᠰ ᠲᠠᠭᠤᠤ ᠨᠢ ᠮᠤᠩᠭᠤᠯ ᠬᠡᠯᠡᠨ᠎ᠳᠦ ᠲᠠᠭᠤᠯᠠᠬ᠍ᠳᠠᠬ᠍ᠰᠠᠨ ᠲᠡᠳᠤᠢ ᠦᠬᠡᠢ ᠬᠢᠲᠠᠳ ᠬᠡᠯᠡᠨ ᠳᠤ ᠲᠠᠭᠤᠯᠠᠬ᠍ᠳᠠᠵᠤ᠂ ᠮᠠᠰᠢ ᠶᠡᠭᠡ ᠨᠦᠯᠦᠭᠡ ᠭᠠᠷᠭᠠᠵᠡᠢ᠃
ᠰᠤᠩᠭᠤᠳᠠᠭ ᠲᠠᠭᠤᠤ ᠭᠡᠳᠡᠭ ᠨᠢ ᠵᠠᠭᠤᠨ ᠵᠠᠭᠤᠨ᠎ᠤ ᠬᠥᠮᠥᠰ ᠳᠠᠭᠤᠯᠠᠭᠠᠳ ᠳᠠᠭᠤᠯᠠᠭᠠᠳ ᠳᠠᠭᠤᠰᠬᠤ ᠴᠦ᠍ ᠦᠭᠡᠢ᠂ ᠴᠠᠭ ᠴᠠᠭ ᠤᠨ ᠬᠥᠮᠥᠰ ᠳᠠᠭᠤᠯᠠᠭᠠᠳ ᠳᠠᠭᠤᠯᠠᠭᠠᠳ ᠤᠢᠳᠬᠤ ᠴᠦ᠍ ᠦᠭᠡᠢ᠂ ᠦᠶ᠎ᠡ ᠦᠶ᠎ᠡ᠎ᠶᠢᠨ ᠬᠥᠮᠥᠰ ᠳᠠᠭᠤᠯᠠᠭᠠᠳ ᠳᠠᠭᠤᠯᠠᠭᠠᠳ ᠬᠠᠭᠤᠴᠢᠷᠠᠬᠤ ᠴᠦ᠍ ᠦᠭᠡᠢ᠂ ᠠᠷᠠᠳ᠎ᠤᠨ ᠠᠪᠢᠶᠠᠰ᠎ᠠᠴᠠ ᠤᠷᠭᠤᠭᠰᠠᠨ ᠪᠤᠯᠬᠤ᠎ᠪᠠᠷ᠎ᠢᠶᠠᠨ ᠭᠤᠶᠤ᠂ ᠤᠷᠠᠯᠢᠭ᠋ ᠤᠨ ᠠᠯᠠᠭᠠᠨ᠎ᠠᠴᠠ ᠤᠨᠠᠭᠰᠠᠨ ᠪᠤᠯᠬᠤ᠎ᠪᠠᠷ᠎ᠢᠶᠠᠨ ᠰᠠᠢᠬᠠᠨ᠂ ᠠᠮᠢᠳᠤᠷᠠᠯ᠎ᠤᠨ ᠠᠮᠢᠰᠬᠤᠯ᠎ᠠᠴᠠ ᠲᠠᠰᠣᠷᠠᠬ᠍ᠰᠡᠨ ᠪᠤᠯᠬᠤ᠎ᠪᠠᠷ ᠮᠥᠩᠬᠡ ! 《ᠴᠢᠨᠳᠠᠮᠤᠨᠢ ᠠ᠋ᠷᠳᠡᠨᠢ》 ᠶᠠᠭ ᠯᠡ ᠡᠭᠦᠨ᠎ᠦ ᠨᠢᠭᠡᠨ ᠦᠵᠡᠬᠦᠯᠪᠦᠷᠢ ᠃