ᠲᠡᠭᠷᠢᠯᠢᠭ ᠵᠠᠶᠠᠭᠠᠨ᠎ᠤ ᠬᠤᠷᠤᠢ
2024-11-27 10:07:30
ᠵᠣᠬᠢᠶᠠᠭ᠍ᠴᠢ᠄
ᠴᠡᠯᠮᠡᠭ ᠯᠢᠤ ᠯᠠᠨ ᠯᠠᠨ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ

ᠵᠤᠬᠢᠶᠠᠨ ᠪᠦᠳᠦᠭᠡᠭ᠌ᠰᠡᠨ ᠴᠠᠭ ᠄  2002 ᠣᠨ

ᠦᠭᠡ ᠄   ᠨᠠᠰᠤᠨ

ᠠᠶ᠎ᠠ ᠄   ᠵᠠᠩ ᠬᠤᠩ ᠭᠤᠸᠠᠩ

ᠵᠤᠬᠢᠶᠠᠨ ᠪᠦᠳᠦᠭᠡᠭ᠌ᠰᠡᠨ ᠬᠡᠯᠪᠡᠷᠢ ᠄ ᠬᠢᠲᠠᠳ ᠬᠡᠯᠡᠨ ᠲᠡᠭᠡᠷ᠎ᠡ ᠵᠤᠬᠢᠶᠠᠵᠤ ᠂ ᠨᠠᠰᠦᠨ  ᠮᠤᠩᠭᠤᠯᠴᠢᠯᠠᠪᠡ

ᠠᠶ᠎ᠠ᠎ᠶ᠋ᠢᠨ ᠤᠨᠴᠠᠯᠢᠭ ᠄  ᠣᠮᠣᠭᠯᠠᠩ᠂  ᠵᠢᠪᠬᠤᠭ᠎ᠠ ᠲᠠᠢ

ᠲᠠᠭᠤᠤ᠎ᠶ᠋ᠢᠨ ᠲᠦᠷᠦᠯ ᠄  ᠵᠤᠬᠢᠶᠠᠯ  ᠎ᠤᠨ  ᠲᠠᠭᠤᠤ

ᠦᠯᠢᠭᠡᠷ —

ᠡᠨᠡ ᠵᠢᠯ ᠪᠤᠯ ᠰᠢᠨ᠎ᠠ ᠲᠤᠮᠳᠠᠳᠤ ᠤᠯᠤᠰ ᠪᠠᠢᠭᠤᠯᠤᠭᠳᠠᠭᠰᠠᠨ 75 ᠵᠢᠯ᠎ᠤᠨ ᠤᠢ ᠪᠤᠯᠤᠨ᠎ᠠ᠃ ᠦᠷᠭᠡᠨ ᠠᠭᠤᠳᠠᠮ ᠦᠪᠦᠷ ᠮᠤᠩᠭᠤᠯ᠎ᠤᠨ ᠡᠬᠡ ᠭᠠᠵᠠᠷ ᠲᠦ᠍ ᠪᠠᠶᠠᠷ ᠵᠢᠷᠭᠠᠯ ᠵᠢᠡᠷ ᠪᠢᠯᠬᠠᠵᠦ᠂ ᠪᠠᠬᠠᠷᠤᠯᠳᠤ ᠠᠮᠢᠳᠤᠷᠠᠯ᠎ᠤᠨ ᠵᠢᠷᠤᠭ ᠲᠡᠯᠭᠡᠭᠳᠡᠨ᠎ᠡ᠃ 75 ᠵᠢᠯ᠎ᠤᠨ ᠲᠤᠷᠰᠢ᠂ ᠦᠪᠦᠷ ᠮᠤᠩᠭᠤᠯ᠎ᠤᠨ ᠦᠨᠳᠦᠰᠦᠳᠡᠨ ᠨᠤᠭᠦᠳ᠎ᠤᠨ ᠠᠷᠠᠳ ᠲᠦᠮᠡᠨ ᠰᠡᠳᠭᠢᠯ ᠨᠢᠭᠡᠳᠦᠨ ᠬᠦᠴᠦ ᠪᠠᠨ ᠬᠠᠮᠳᠤᠳᠬᠠᠵᠦ᠂ 《ᠪᠤᠭᠤᠳᠤ ᠵᠢᠨ ᠪᠤᠯᠤᠳ ᠲᠡᠮᠦᠷ ᠎ᠤᠨ ᠦᠢᠯᠡᠳᠪᠦᠷᠢ》ᠵᠢ ᠪᠦᠲᠦᠭᠡᠡ ᠪᠠᠢᠭᠤᠯᠤᠭᠰᠠᠨ ᠵᠢᠳᠬᠦᠯ ᠲᠡᠮᠡᠴᠡᠯ ᠎ᠤᠨ ᠦᠯᠢᠭᠡᠷ ᠎ᠢ ᠬᠦᠦᠷᠨᠢᠵᠦ᠂《ᠭᠤᠷᠪᠠᠨ ᠮᠢᠩᠭᠠᠨ ᠦᠨᠦᠴᠢᠨ ᠭᠡᠦᠭᠡᠳ ᠎ᠢ ᠦᠷᠡᠴᠢᠯᠡᠨ ᠲᠡᠵᠢᠭᠡᠭᠰᠡᠨ》 ᠶᠡᠭᠡ ᠬᠠᠢᠷ᠎ᠠ ᠵᠢᠨ ᠢᠷᠠᠭᠤ ᠲᠤᠤᠯᠢᠰ᠎ᠢ ᠪᠢᠴᠢᠭᠯᠡᠨ᠂ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠦ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢ ᠠᠬᠢᠭᠤᠯᠤᠭᠰᠠᠨ《ᠵᠢᠱ᠌ᠢᠶᠡᠴᠢ ᠦᠪᠡᠷᠳᠡᠭᠡᠨ ᠵᠠᠰᠠᠬᠤ ᠤᠷᠤᠨ》 ᠎ᠤ᠋ ᠡᠷᠬᠢᠮ ᠲᠡᠭᠡᠳᠤ ᠢᠷᠠᠭᠤ ᠠᠯᠳᠠᠷ᠎ᠢ ᠬᠦᠷᠳᠡᠭᠰᠡᠨ ᠶᠤᠮ᠃ ᠡᠳᠡᠭᠡᠷ ᠦᠢᠯᠡ ᠤᠴᠠᠷᠠᠯ᠎ᠤᠨ ᠨᠢᠭᠡᠨ ᠮᠠᠭᠳᠠᠭᠤ ᠪᠤᠯ 《ᠲᠡᠭᠷᠢᠯᠢᠭ ᠵᠠᠶᠠᠭᠠᠨ᠎ᠤ ᠬᠤᠷᠤᠢ》 ᠭᠡᠬᠦ ᠲᠠᠭᠤᠤ ᠪᠤᠯᠤᠨ᠎ᠠ᠃

ᠲᠤᠰ ᠲᠠᠭᠤᠤ 《ᠤᠷᠢᠯᠭ᠎ᠠ》 ᠪᠡᠷ ᠵᠤᠬᠢᠶᠠᠨ ᠪᠦᠲᠦᠭᠡᠭᠳᠡᠵᠡᠢ᠃ ᠮᠠᠨ᠎ᠤ ᠤᠷᠤᠨ ᠳᠠᠭᠤᠤ ᠤᠷᠠᠯᠢᠭ᠎ᠢᠶᠡᠷ ᠦᠪᠦᠷ ᠮᠤᠨᠭᠭᠤᠯ᠎ᠤᠨ ᠦᠯᠢᠭᠡᠷ ᠎ᠢ ᠶᠠᠷᠢᠵᠦ ᠦᠪᠦᠷ ᠮᠤᠨᠭᠭᠤᠯ᠎ᠢᠶᠡᠨ ᠤᠬᠠᠭᠤᠯᠬᠤ ᠵᠤᠷᠢᠯᠭ᠎ᠠ ᠪᠠᠷ ᠤᠷᠤᠨ ᠎ᠤ ᠳᠤᠲᠤᠨ᠎ᠡ ᠭᠠᠳᠠᠨᠠᠬᠢ ᠨᠡᠷᠡᠲᠦ ᠤᠳᠬ᠎ᠠ ᠤᠷᠠᠯᠢᠬᠴᠢᠳ᠎ᠢ ᠤᠷᠢᠵᠦ᠂ ᠦᠪᠡᠷᠲᠡᠭᠡᠨ ᠵᠠᠰᠠᠬᠤ ᠤᠷᠤᠨ ᠪᠠᠢᠭᠤᠯᠤᠬᠳᠠᠬᠰᠡᠨ ᠡᠴᠡ ᠨᠠᠭᠠᠰᠢᠬᠢ ᠰᠣᠶᠣᠯ ᠲᠡᠦᠬᠡ᠂ ᠨᠡᠢᠭᠡᠮ ᠠᠵᠦ ᠠᠬᠤᠢ ᠵᠢᠨ ᠬᠦᠭᠵᠢᠯᠳᠡ᠂ ᠠᠷᠠᠳ ᠎ᠤᠨ ᠠᠮᠢᠳᠤᠷᠠᠯ ᠎ᠤᠨ ᠴᠢᠨᠡᠭᠡᠯᠢᠭᠵᠢᠯ᠂ ᠠᠮᠢ ᠠᠬᠤᠢ ᠵᠢᠨ ᠰᠡᠷᠭᠦᠯᠳᠡ ᠰᠠᠢᠵᠢᠷᠠᠯᠳᠠ ᠵᠢ ᠲᠤᠰᠬᠠᠬᠰᠠᠨ ᠤᠷᠠᠨ ᠪᠦᠲᠦᠭᠡᠯ ᠎ᠢ ᠮᠠᠰᠢ ᠤᠯᠠᠨ ᠵᠤᠬᠢᠶᠠᠨ ᠪᠦᠲᠦᠭᠡᠭᠰᠡᠨ ᠨᠢ 《ᠲᠡᠭᠷᠢᠯᠢᠭ ᠵᠠᠶᠠᠭᠠᠨ᠎ᠤ ᠬᠤᠷᠤᠢ》  ᠮᠡᠨᠳᠦᠯᠡᠭᠰᠡᠨ᠎ᠤ ᠨᠢᠭᠡᠨ ᠤᠴᠢᠭ ᠪᠤᠯᠪᠠ᠃

《ᠲᠡᠭᠷᠢᠯᠢᠭ ᠵᠠᠶᠠᠭᠠᠨ᠎ᠤ ᠬᠤᠷᠤᠢ》 ᠳᠠᠭᠤᠤ ᠵᠢ 2002 ᠤᠨ᠎ᠳᠦ ᠵᠤᠬᠢᠶᠠᠵᠠᠢ᠃ ᠠᠶ᠎ᠡ ᠵᠢ ᠲᠤᠮᠳᠠᠳᠤ ᠤᠯᠤᠰ᠎ᠤᠨ ᠠᠯᠳᠠᠷᠲᠦ ᠬᠦᠭᠵᠢᠮ᠎ᠤᠨ ᠵᠤᠬᠢᠶᠠᠯᠴᠢ ᠵᠠᠩ ᠬᠤᠩ ᠭᠤᠸᠠᠩ ᠵᠤᠬᠢᠶᠠᠵᠦ᠂ ᠦᠭᠡ ᠵᠢ ᠨᠢ ᠨᠡᠷᠡᠳᠤ ᠳᠠᠭᠤᠤ ᠵᠢᠨ ᠦᠭᠡ ᠵᠤᠬᠢᠶᠠᠬᠴᠢ ᠰᠦᠨ ᠢ ᠶᠦᠩ ᠵᠤᠬᠢᠶᠠᠵᠦ᠂ ᠳᠠᠭᠤᠴᠢᠨ ᠬᠠᠨ ᠯᠸᠢ᠂ ᠷᠸᠨ ᠵᠸᠨ᠂ ᠴᠠᠭᠠᠨ ᠬᠢᠲᠠᠳ ᠎ᠢᠶᠡᠷ ᠠᠨᠭᠬ᠎ᠠ ᠳᠠᠭᠤᠯᠠᠵᠠᠢ᠃ ᠭᠡᠳᠦᠨ ᠵᠢᠯ᠎ᠤᠨ ᠲᠠᠷᠠᠭ᠎ᠠ ᠤᠯᠤᠰ᠎ᠤᠨ ᠨᠢᠭᠡᠳᠦᠭᠡᠷ ᠲᠡᠰ᠎ᠤᠨ ᠳᠠᠭᠤᠤ ᠵᠢᠨ ᠦᠭᠡ ᠵᠤᠬᠢᠶᠠᠬᠴᠢ ᠨᠠᠰᠦᠨ ᠮᠤᠩᠭᠤᠯᠴᠢᠯᠠᠵᠦ᠂《ᠲᠡᠭᠷᠢᠯᠢᠭ ᠵᠠᠶᠠᠭᠠᠨ᠎ᠤ ᠬᠤᠷᠤᠢ》 ᠭᠡᠵᠦ ᠭᠠᠷᠴᠠᠭᠯᠠᠪᠠ᠃

《ᠲᠡᠭᠷᠢᠯᠢᠭ ᠵᠠᠶᠠᠭᠠᠨ᠎ᠤ ᠬᠤᠷᠤᠢ》 ᠲᠠᠭᠤᠤ ᠵᠢᠨ ᠬᠢᠳᠡᠳ ᠬᠡᠯᠡᠨ᠎ᠤ ᠰᠢᠭᠤᠳ ᠤᠳᠬ᠎ᠠ ᠨᠢ ᠦᠨᠡᠨᠳᠡᠭᠡᠨ《ᠦᠪᠦᠷ ᠮᠤᠩᠭᠤᠯ᠎ᠤᠨ ᠵᠢᠡᠨ ᠲᠦᠯᠦᠭᠡ ᠤᠷᠠᠢᠯᠠᠨ ᠬᠠᠰᠬᠢᠷᠤᠶ᠎ᠠ》ᠪᠤᠯᠤᠨ᠎ᠠ᠃ ᠭᠡᠳᠡᠯ᠎ᠠ ᠡᠨᠡ ᠤᠳᠬ᠎ᠠ ᠪᠠᠷ ᠨᠢ ᠰᠢᠭᠤᠳ ᠤᠷᠴᠢᠭᠤᠯᠪᠠᠯ ᠲᠤᠰ ᠲᠠᠭᠤᠤ ᠵᠢᠨ ᠦᠨᠦᠷ ᠠᠮᠳᠠ ᠪᠤᠯᠤᠨ ᠤᠳᠬ᠎ᠠ ᠰᠠᠨᠠᠭ᠎ᠠ ᠵᠢ ᠬᠦᠢᠴᠡᠳ ᠭᠠᠷᠭᠠᠵᠦ ᠲᠡᠢᠯᠬᠦ ᠦᠭᠡᠢ ᠤᠴᠢᠷ ᠡᠴᠡ ᠨᠠᠰᠤᠨ ᠭᠤᠸᠠᠢ ᠤᠷᠠᠯᠢᠬᠵᠢᠭᠤᠯᠤᠨ ᠤᠷᠴᠢᠭᠤᠯᠵᠦ ᠤᠷᠠᠯᠢᠬ᠎ᠤᠨ ᠬᠢᠷᠢ ᠲᠦᠪᠰᠢᠨ᠎ᠢ ᠨᠡᠩ ᠦᠨᠳᠦᠷ ᠪᠤᠯᠭᠠᠵᠠᠢ᠃  《ᠲᠡᠭᠷᠢᠯᠢᠭ ᠵᠠᠶᠠᠭ᠎ᠠ》 ᠭᠡᠳᠡᠭ ᠨᠢ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠤᠳᠤᠷᠢᠳᠤᠯᠭ᠎ᠠ ᠪᠡᠷ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ ᠦᠷᠨᠢᠬᠦᠨ ᠬᠦᠭᠵᠢᠬᠦ ᠵᠠᠶᠠᠭ᠎ᠠ ᠲᠠᠪᠢᠯᠠᠩ ᠲᠠᠢ ᠭᠡᠳᠡᠭ᠎ᠢ ᠢᠯᠡᠳᠭᠡᠵᠦ᠂《 ᠬᠤᠷᠤᠢ 》 ᠭᠡᠳᠡᠭ  ᠨᠢ  ᠦᠨᠢ  ᠮᠦᠩᠭᠡ  ᠵᠢᠨ ᠬᠦᠭᠵᠢᠯᠳᠡ ᠲᠠᠢ ᠪᠠᠢᠬᠤ ᠵᠢ   ᠪᠡᠯᠭᠡᠳᠡᠵᠠᠢ ᠃

ᠶᠠᠭᠤᠨ᠎ᠳᠤ ᠦᠪᠦᠷ ᠮᠤᠩᠭᠤᠯ᠎ᠤᠨ ᠵᠢᠡᠨ ᠲᠦᠯᠦᠭᠡ ᠤᠷᠠᠢᠯᠠᠨ ᠬᠠᠰᠬᠢᠷᠬᠤ ᠪᠢᠯᠡ?ᠦᠪᠦᠷ ᠮᠤᠩᠭᠤᠯ ᠮᠢᠨᠢ ᠶᠠᠭᠠᠬᠢᠭᠠᠳ ᠲᠡᠭᠷᠢᠯᠢᠭ ᠵᠠᠶᠠᠭᠠᠨ᠎ᠤ ᠨᠤᠲᠤᠭ ᠪᠢᠯᠡ?ᠠᠵᠦ ᠠᠬᠤᠢ ᠵᠢᠨ ᠬᠦᠭᠵᠢᠯᠳᠡ ᠡᠴᠡ ᠠᠪᠴᠦ ᠬᠡᠯᠡᠪᠡᠯ᠂ ᠰᠢᠨ᠎ᠡ ᠮᠢᠩᠭᠠᠨ᠎ᠤ ᠡᠬᠢᠨ᠎ᠤ ᠠᠷᠪᠠᠨ ᠵᠢᠯ᠎ᠳᠤ ᠦᠪᠦᠷ ᠮᠤᠩᠭᠤᠯ᠎ᠤᠨ ᠠᠵᠦ ᠠᠬᠤᠢ ᠵᠢᠨ ᠬᠦᠭᠵᠢᠯᠳᠡ ᠵᠢᠯ ᠲᠠᠷᠠᠭᠠᠯᠠᠨ ᠪᠦᠬᠦ ᠤᠯᠤᠰ᠎ᠤᠨ ᠡᠮᠦᠨ᠎ᠡ ᠡᠩᠨᠡᠭᠡᠨ᠎ᠳᠤ ᠬᠤᠰᠢᠭᠤᠷᠠᠵᠦ ᠪᠠᠢᠪᠠ᠃ ᠦᠨᠳᠦᠷ ᠰᠠᠷᠢᠳᠠᠭ ᠲᠦ᠍ ᠲᠡᠬᠦᠯᠢᠨ ᠨᠢᠰᠦᠭᠡ ᠡᠷᠡᠯᠭᠡᠭ ᠪᠦᠷᠭᠦᠳ᠎ᠤᠨ ᠲᠦᠷᠢ ᠲᠠᠢ ᠤᠮᠠᠷᠠᠳᠤ ᠬᠢᠯᠢ ᠵᠢᠨ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠪᠤᠯᠤᠭᠰᠠᠨ ᠦᠷᠭᠡᠨ ᠠᠭᠤᠳᠠᠮ ᠭᠠᠵᠠᠷ ᠨᠤᠲᠤᠭ ᠲᠦ᠍ ᠡᠳ᠋ ᠠᠭᠤᠷᠰᠤᠨ ᠡᠯᠪᠡᠭ ᠪᠠᠶᠠᠯᠢᠬ᠂ ᠦᠨᠳᠦᠰᠦᠳᠡᠨ ᠪᠦᠬᠦᠨ ᠬᠦᠭᠵᠢᠯ ᠪᠠᠶᠠᠷ ᠲᠠᠢ᠃ ᠦᠩ ᠦᠷᠭᠡᠨ ᠠᠯᠠᠱᠠ᠎ᠳᠤᠨᠢ ᠲᠡᠯᠡᠬᠡᠢ ᠵᠢᠨ ᠪᠠᠢᠭᠠᠯᠢ ᠵᠢᠨ ᠦᠪ ᠪᠤᠯᠤᠭᠰᠠᠨ ᠡᠴᠢᠨ᠎ᠡ ᠭᠠᠢᠬᠠᠮᠰᠢᠬᠳᠤ ᠪᠠᠳᠠᠢ ᠵᠢᠨ ᠵᠢᠷᠠᠨ ᠲᠠᠢ; ᠦᠵᠡᠮᠵᠢᠳᠤ ᠰᠠᠢᠬᠠᠨ ᠰᠢᠯᠢ ᠵᠢᠨ ᠭᠤᠤᠯ᠎ᠳᠤᠨᠢ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ ᠲᠠᠢ; ᠤᠷᠤᠨ᠎ᠤ ᠲᠦᠪ ᠬᠦᠬᠡᠬᠤᠳᠠ ᠨᠢ 《ᠲᠤᠮᠳᠠᠳᠤ ᠤᠯᠤᠰ᠎ᠤᠨ ᠰᠦ ᠵᠢᠨ ᠬᠤᠳᠠ》 ᠠᠯᠳᠠᠷᠳᠠᠢ;  ᠪᠤᠭᠤᠮᠳᠠ ᠵᠢᠨ ᠭᠠᠳᠠᠨ᠎ᠠ ᠵᠢᠪᠬᠤᠭ᠎ᠠ ᠲᠡᠭᠦᠯᠳᠡᠷ ᠰᠦᠨᠳᠡᠷᠯᠡᠭᠰᠡᠨ ᠪᠤᠭᠤᠳᠤ ᠬᠤᠳᠠ ᠨᠢ ᠪᠤᠯᠤᠳ᠎ᠤᠨ ᠬᠤᠳᠠ᠂ ᠬᠤᠪᠤᠷ ᠰᠢᠷᠤᠢ ᠵᠢᠨ ᠨᠤᠲᠤᠭ;ᠪᠤᠷᠤᠳᠤᠬᠤᠢ  ᠵᠢᠨ ᠲᠠᠷᠢᠶ᠎ᠠ᠂ ᠰᠢᠷᠠᠡᠤᠰᠤᠨ᠎ᠭᠤᠤᠯ᠎ᠤᠨ ᠬᠠᠭᠤᠴᠢ᠂ ᠤᠷᠳᠤᠰ᠎ᠤᠨ ᠨᠡᠬᠦᠷᠡᠰᠤ᠂ ᠬᠠᠳᠤᠨ ᠭᠤᠤᠯ᠎ᠤᠨ ᠰᠤᠶᠤᠯ᠂ ᠤᠯᠠᠭᠠᠨᠴᠠᠪ᠎ᠤᠨ ᠭᠠᠯᠳᠤ ᠠᠭᠤᠯᠠ᠂ ᠬᠤᠩᠱᠠᠨ᠎ᠤ ᠰᠤᠶᠤᠯ᠎ᠤᠨ ᠪᠠᠭᠤᠷᠢ᠂ ᠪᠠᠷᠠᠭᠤᠨ ᠯᠢᠶᠤᠤᠾᠸ ᠵᠢᠨ ᠪᠤᠯᠪᠠᠰᠤᠨ᠂ ᠬᠢᠩᠭᠠᠨ᠎ᠤ ᠲᠤᠳᠤᠷᠭ᠎ᠠ᠂ ᠬᠦᠯᠦᠨ ᠪᠤᠢᠷ᠎ᠤᠨ ᠲᠠᠯ᠎ᠠ ᠨᠤᠲᠤᠭ ᠁ ᠦᠪᠦᠷ ᠮᠤᠩᠭᠤᠯ ᠲᠡᠭᠷᠢᠯᠢᠭ ᠵᠠᠶᠠᠭᠠᠨ᠎ᠤ ᠨᠤᠲᠤᠭ ᠪᠢᠰᠢ ᠤᠤ⁈ᠦᠪᠦᠷ ᠮᠤᠩᠭᠤᠯ᠎ᠤᠨ ᠬᠦᠭᠵᠢᠯᠳᠡ ᠵᠢ ᠬᠠᠷᠠᠭᠠᠳ ᠤᠷᠠᠢ ᠬᠠᠰᠬᠢᠷᠤᠨ ᠪᠠᠬᠠᠷᠬᠠᠬᠤ ᠦᠭᠡᠢ ᠤᠤ⁈

2007 ᠤᠨ ᠎ᠳᠦ᠂《ᠲᠡᠭᠷᠢᠯᠢᠭ ᠵᠠᠶᠠᠭᠠᠨ᠎ᠤ ᠬᠤᠷᠤᠢ》ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠪᠠᠢᠭᠤᠯᠤᠭ᠍ᠳᠠᠭ᠍ᠰᠠᠨ 60 ᠵᠢᠯ᠎ᠦᠨ ᠤᠢ᠎ᠶ᠋ᠢ ᠪᠡᠯᠭᠡᠯᠡᠬᠦ᠌ ᠦᠪᠡᠳᠡᠭᠰᠢ ᠶᠤᠰᠤᠯᠠᠯ᠎ᠤᠨ ᠭᠣᠣᠯ ᠰᠡᠳᠦᠪᠲᠦ ᠳᠠᠭᠤᠤ ᠪᠡᠷ ᠰᠤᠩᠭᠤᠭᠳᠠᠵᠦ᠂ ᠪᠦᠬᠦ ᠤᠯᠤᠰ ᠴᠢᠨᠠᠬᠰᠢᠯᠠᠭᠠᠳ ᠲᠡᠯᠡᠬᠡᠢ ᠳ᠋ᠠᠬᠢᠨ ᠎ᠳᠦ ᠦᠷᠨᠢᠨ ᠬᠦᠭᠵᠢᠵᠦ᠂ ᠡᠷᠡᠮᠡᠬᠡᠢᠯᠡᠨ ᠤᠷᠤᠬᠰᠢᠯᠠᠭ᠎ᠠ ᠦᠪᠦᠷ ᠮᠤᠨᠭᠭᠤᠯ ᠎ᠢ ᠳᠡᠯᠭᠡᠨ ᠦᠵᠡᠭᠦᠯᠵᠦ᠂ ᠦᠪᠦᠷ ᠮᠤᠨᠭᠭᠤᠯ ᠎ᠤᠨ ᠨᠡᠷ᠎ᠡ ᠵᠢᠨ ᠬᠠᠭᠤᠳᠠᠰᠦ ᠬᠡᠮᠡᠭᠳᠡᠵᠦ᠂ ᠤᠮᠠᠷᠠᠲᠦ ᠬᠢᠯᠢ ᠵᠢᠨ ᠦᠨᠳᠦᠰᠦᠲᠡᠨ ᠨᠤᠬᠦᠳ ᠎ᠤᠨ ᠠᠷᠠᠳ ᠲᠦᠮᠡᠨ ᠎ᠤ ᠰᠡᠳᠬᠢᠯ ᠎ᠳᠦ ᠭᠦᠨ᠎ᠡ ᠬᠤᠨᠤᠬᠰᠢᠵᠦ᠂ ᠦᠪᠦᠷ ᠮᠤᠨᠭᠭᠤᠯ᠎ᠤᠨ ᠲᠥᠯᠥᠭᠡᠯᠡᠬᠦ᠌ ᠴᠢᠨᠠᠷᠲᠠᠢ ᠳᠠᠭᠤᠤ ᠤᠷᠠᠯᠢᠭ᠎ᠤᠨ ᠪᠦᠲᠦᠭᠡᠯ᠎ᠤᠨ ᠨᠢᠭᠡ ᠪᠤᠯᠪᠠ᠃

ᠲᠡᠢᠮᠦ ᠡ! ᠰᠢᠨ᠎ᠡ ᠠᠶᠠᠨ᠎ᠳᠠᠭᠠᠨ ᠦᠪᠦᠷ ᠮᠤᠩᠭᠤᠯ᠎ᠤᠨ ᠦᠨᠳᠦᠰᠦᠳᠡᠨ ᠨᠤᠭᠦᠳ᠎ᠤᠨ ᠠᠷᠠᠳ ᠲᠦᠮᠡᠨ ᠠᠨᠠᠷ᠎ᠤᠨ ᠦᠷ᠎ᠡ ᠮᠡᠳᠤ ᠨᠢᠭᠳᠠᠷᠠᠨ ᠪᠦᠯᠬᠦᠮᠳᠡᠵᠦ᠂ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠦ᠂ ᠮᠤᠩᠭᠤᠯ ᠮᠤᠷᠢᠨ᠎ᠤ ᠵᠤᠷᠢᠭ ᠰᠠᠨᠠᠭ᠎ᠠ ᠪᠠᠷ ᠲᠤᠮᠳᠠᠳᠤ ᠤᠯᠤᠰ᠎ᠤᠨ ᠮᠠᠶᠢᠬ᠎ᠤᠨ ᠤᠳᠤᠬᠢᠴᠢᠯᠠᠯᠳᠠ ᠵᠢᠨ ᠦᠪᠦᠷ ᠮᠤᠩᠭᠤᠯ᠎ᠤᠨ ᠰᠢᠨ᠎ᠠ ᠬᠠᠭᠤᠳᠠᠰᠤ ᠵᠢ ᠪᠢᠴᠢᠭᠯᠡᠬᠦ ᠨᠢ ᠯᠠᠪᠳᠠᠢ᠃

ᠦᠨᠡᠯᠡᠯᠳᠡ —

ᠬᠠᠰᠪᠠᠭᠠᠳᠤᠷ (ᠵᠢᠶᠠᠨᠭᠰᠢ ᠵᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠪᠠᠬᠰᠢ ᠵᠢᠨ ᠶᠡᠬᠡ ᠰᠤᠷᠭᠠᠭᠤᠯᠢ ᠵᠢᠨ ᠳᠠᠭᠤᠤ ᠬᠦᠭᠵᠢᠮ᠎ᠤᠨ ᠳᠡᠭᠡᠲᠦ ᠰᠤᠷᠭᠠᠭᠤᠯᠢ ᠵᠢᠨ ᠫᠷᠤᠹᠸᠰᠰᠤᠷ)

《ᠲᠡᠭᠷᠢᠯᠢᠭ ᠵᠠᠶᠠᠭᠠᠨ᠎ᠤ ᠬᠤᠷᠤᠢ》 ᠪᠣᠯ ᠲᠡᠦᠬᠡ ᠪᠠ ᠰᠣᠶᠣᠯ᠎ᠤᠨ ᠠᠭᠤᠯᠬᠤᠨ᠎ᠢᠶᠡᠷ ᠪᠢᠯᠬᠠᠮ᠎ᠡ ᠳᠠᠭᠤᠤ᠃ ᠳᠠᠭᠤᠤ ᠵᠢᠨ ᠬᠦᠭ ᠠᠶᠠᠰ ᠣᠮᠣᠭ ᠲᠡᠭᠦᠯᠳᠡᠷ᠂ ᠠᠭᠤᠳᠠᠮᠴᠢ ᠂ ᠰᠦᠷ ᠳᠠᠯᠠᠢᠴᠠᠲᠠᠢ ᠪᠠᠢᠵᠤ᠂ ᠮᠠᠨ ᠎ᠤ ᠤᠷᠤᠨ᠎ᠤ ᠲᠦᠯᠦᠭᠡᠯᠡᠬᠦ ᠴᠢᠨᠠᠷᠲᠠᠢ ᠳᠠᠭᠤᠤ ᠤᠷᠠᠯᠢᠭ᠎ᠤᠨ ᠪᠦᠲᠦᠭᠡᠯ ᠎ᠤᠨ ᠨᠢᠭᠡ ᠪᠤᠯᠤᠨ᠎ᠡ᠃ ᠠᠶ᠎ᠠ ᠵᠢᠨ ᠵᠤᠬᠢᠶᠠᠮᠵᠢ ᠵᠢᠨ ᠲᠠᠯ᠎ᠡ ᠡᠴᠡ ᠮᠤᠷᠢᠨ ᠬᠤᠭᠤᠷ ᠮᠡᠲᠦ ᠵᠢᠨ ᠦᠨᠳᠦᠰᠦᠲᠡᠨ ᠎ᠤ ᠬᠦᠭᠵᠢᠮ᠎ᠪᠠ ᠰᠢᠨ᠎ᠡ ᠮᠠᠶᠢᠭ᠎ᠤᠨ ᠬᠦᠭᠵᠢᠮ ᠎ᠢ ᠣᠷᠭᠠᠨᠢᠬ ᠶ᠋ᠢᠡᠷ ᠣᠶᠠᠯᠲᠣᠭᠣᠯᠤᠬᠰᠡᠨ ᠡᠴᠡ ᠪᠢᠯᠬᠠᠮ᠎ᠠ ᠴᠠᠯᠬᠢᠮ᠎ᠠ ᠬᠠᠢᠷ᠎ᠠ ᠰᠡᠳᠬᠢᠯᠭᠡ ᠪᠡᠷ ᠣᠶᠠᠩᠭᠠᠷᠠᠬᠰᠡᠨ ᠪᠠᠢᠨ᠎ᠡ᠃ ᠳᠠᠭᠤᠤ ᠵᠢᠨ ᠦᠭᠡ ᠵᠢᠨ ᠬᠤᠪᠢ ᠎ᠳᠦ᠂ ᠡᠯ᠎ᠡ ᠦᠨᠳᠦᠰᠦᠲᠡᠨ ᠎ᠤ ᠠᠷᠠᠳ ᠲᠦᠮᠡᠨ ᠎ᠤ ᠪᠦᠯᠬᠦᠮᠳᠡᠯ᠂ ᠨᠢᠬᠲᠠᠷᠠᠯ᠂ ᠰᠤᠶᠤᠯ ᠎ᠤᠨ ᠲᠠᠯ᠎ᠡ ᠪᠡᠷ ᠬᠢ ᠬᠠᠷᠢᠯᠴᠠᠭ᠎ᠠ ᠵᠢ ᠰᠠᠢᠬᠠᠨ ᠢᠯᠡᠳᠭᠡᠵᠦ ᠴᠢᠳᠠᠵᠠᠢ᠃

ᠠᠯᠳᠠᠷ —

2003 ᠤᠨ᠎ᠳᠦ《ᠲᠤᠮᠳᠠᠳᠤ ᠤᠯᠤᠰ᠎ᠤᠨ ᠵᠤᠬᠢᠶᠠᠯ᠎ᠤᠨ ᠳᠠᠭᠤᠤ ᠵᠢᠨ ᠱᠠᠨᠭᠨᠠᠯ》 ᠎ᠤ᠋ᠨ ᠲᠤᠮᠳᠠᠳᠤ ᠤᠯᠤᠰ᠎ᠤᠨ ᠷᠠᠳᠢᠤ᠋ ᠤᠳᠬ᠎ᠠ ᠤᠷᠠᠯᠢᠭ᠎ᠤᠨ ᠲᠤᠰᠬᠠᠢ ᠮᠡᠷᠭᠡᠵᠢᠯᠲᠡᠨ᠎ᠤ ᠭᠤᠷᠪᠠᠳᠤᠭᠠᠷ ᠲᠡᠰ᠎ᠤᠨ ᠱᠠᠨᠭᠨᠠᠯ ᠬᠦᠷᠲᠡᠪᠡ᠃


QQ20241127-101243.png

ᠨᠠᠷᠠᠨ ᠤᠷᠭᠤᠬᠤ ᠪᠤᠶᠠᠨᠲᠦ ᠲᠠᠯ᠎ᠡ ᠵᠢᠨ ᠎ᠢᠶᠡᠨ ᠠᠭᠤᠳᠠᠮ ᠡᠴᠡ ᠳᠠᠭᠤᠳᠠᠨᠭᠬᠠᠨ ᠬᠤᠷᠤᠢᠯᠠᠶ᠎ᠡ 

ᠰᠠᠷᠠᠨ ᠮᠠᠨᠲᠤᠬᠤ ᠪᠤᠭᠤᠷᠤᠯ ᠠᠭᠤᠯᠠᠰ᠎ᠤᠨ᠎ᠢᠶᠡᠨ ᠦᠨᠳᠦᠷ ᠡᠴᠡ ᠳᠠᠯᠠᠯᠤᠨᠭᠬᠠᠨ ᠬᠤᠷᠤᠢᠯᠠᠶ᠎ᠡ 

ᠲᠡᠭᠷᠢ ᠨᠢ ᠠᠮᠠᠷᠠᠬᠤ ᠴᠡᠨᠭᠬᠡᠷ ᠨᠠᠭᠤᠷ᠎ᠤᠨ᠎ᠢᠶᠡᠨ ᠬᠦᠨ ᠡᠴᠡ ᠬᠦᠰᠡᠨᠭᠬᠡᠨ ᠬᠤᠷᠤᠢᠯᠠᠶ᠎ᠡ

ᠭᠠᠵᠠᠷ ᠵᠢᠷᠭᠠᠬᠤ ᠬᠤᠩᠭᠤᠷᠬᠠᠨ ᠴᠡᠴᠡᠭᠡᠰ᠎ᠤᠨ ᠲᠠᠯᠪᠢ ᠡᠴᠡ ᠰᠢᠪᠰᠢᠨᠭᠬᠡᠨ ᠬᠤᠷᠤᠢᠯᠠᠶ᠎ᠡ

ᠬᠤᠷᠤᠢ ᠬᠤᠷᠤᠢ ᠬᠤᠷᠤᠢ 

ᠬᠦᠬᠡ ᠲᠡᠭᠷᠢ ᠵᠠᠶᠠᠭᠠᠨ᠎ᠤ ᠬᠡᠢᠮᠤᠷᠢ ᠰᠦᠯᠲᠠ ᠪᠠᠳᠠᠷᠠᠲᠤᠭᠠᠢ 

ᠬᠦᠯᠦᠭ ᠨᠢ ᠬᠤᠷᠳᠤᠨ ᠮᠢᠨᠦ ᠦᠪᠦᠷ ᠮᠤᠨᠭᠭᠤᠯ ᠬᠡᠰᠢᠭ ᠪᠤᠶᠠᠨ ᠳᠡᠯᠭᠡᠷᠡᠳᠦᠭᠡᠢ 

ᠠᠯᠲᠠᠯᠠᠨ ᠳᠡᠯᠭᠡᠬᠦ ᠦᠯᠵᠡᠢᠲᠦ ᠬᠠᠳᠠᠭ᠎ᠤᠨ᠎ᠢᠶᠡᠨ ᠠᠮᠠ ᠪᠡᠷ ᠢᠷᠦᠭᠡᠨᠭᠬᠡᠨ ᠬᠤᠷᠤᠢᠯᠠᠶ᠎ᠡ

ᠠᠶᠠᠭᠠᠯᠠᠨ ᠳᠡᠭᠡᠵᠢᠯᠡᠬᠦ ᠠᠷᠢᠭᠤᠨ ᠰᠦᠨ᠎ᠤ ᠪᠠᠨ ᠰᠠᠴᠤᠯᠢ ᠪᠡᠷ ᠮᠢᠯᠢᠶᠡᠨᠭᠬᠠᠨ ᠬᠤᠷᠤᠢᠯᠠᠶ᠎ᠡ 

ᠠᠰᠠᠨ ᠲᠦᠷᠡᠯᠵᠡᠬᠦ ᠠᠯᠲᠠᠨ ᠲᠤᠯᠭᠠᠨ ᠎ᠤ ᠪᠠᠨ ᠭᠠᠯ ᠎ᠢᠶᠡᠷ ᠰᠦᠵᠢᠭᠯᠡᠨᠭᠬᠡᠨ ᠬᠤᠷᠤᠢᠯᠠᠶ᠎ᠡ

ᠠᠶᠠᠯᠤᠨ ᠳᠠᠭᠤᠯᠠᠬᠤ ᠢᠷᠠᠭᠤᠬᠠᠨ ᠳᠠᠭᠤᠤ ᠵᠢᠨ ᠎ᠢᠶᠡᠨ ᠡᠭᠡᠰᠢᠭ ᠎ᠢᠶᠡᠷ ᠳᠠᠭᠤᠯᠠᠨᠭᠬᠠᠨ ᠬᠤᠷᠤᠢᠯᠠᠶ᠎ᠡ

ᠬᠤᠷᠤᠢ ᠬᠤᠷᠤᠢ ᠬᠤᠷᠤᠢ 

ᠬᠦᠭᠡ ᠲᠡᠭᠷᠢ ᠵᠠᠶᠠᠭᠠᠨ᠎ᠤ ᠠᠰᠢᠲᠠ ᠵᠢᠨ ᠢᠷᠦᠭᠡᠯ ᠤᠷᠤᠰᠢᠲᠤᠭᠠᠢ

ᠬᠦᠰᠡᠯ᠎ᠤᠨ ᠰᠠᠢᠬᠠᠨ ᠮᠢᠨᠦ ᠠᠷᠠᠳ ᠲᠦᠮᠡᠨ ᠠᠮᠦᠷ ᠮᠡᠨᠲᠦ ᠵᠢᠷᠭᠠᠲᠤᠭᠠᠢ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号