ᠦᠨᠳᠦᠰᠦᠨ ᠪᠠᠢᠳᠠᠯ —
ᠵᠤᠬᠢᠶᠠᠨ ᠪᠥᠲᠥᠭᠡᠭᠰᠡᠨ ᠴᠠᠭ ᠄ 2021 ᠤᠨ᠎ᠤ ᠡᠮᠦᠨ᠎ᠡ ᠬᠤᠢᠨ᠎ᠠ
ᠦᠭᠡ ᠂ ᠠᠶ᠎ᠠ ᠄ ᠪᠦᠷᠢᠨᠪᠠᠶᠠᠷ ᠤᠷᠠᠨ᠎ᠠ
ᠵᠤᠬᠢᠶᠠᠨ ᠪᠥᠲᠥᠭᠡᠭᠰᠡᠨ ᠬᠡᠯᠪᠡᠷᠢ᠄ ᠮᠤᠩᠭᠤᠯ ᠬᠡᠯᠡ᠎ᠪᠡᠷ ᠵᠤᠬᠢᠶᠠᠨ ᠪᠥᠲᠥᠭᠡᠭᠳᠡᠵᠦ᠂ ᠳᠠᠷᠠᠭ᠎ᠠ ᠨᠢ ᠬᠢᠳᠡᠳᠴᠢᠯᠡᠪᠡ
ᠠᠶ᠎ᠠ᠎ᠵᠢᠨ ᠤᠨᠴᠠᠯᠢᠭ᠄ ᠬᠥᠭᠡᠮᠡᠢ᠂ ᠮᠤᠷᠢᠨ ᠬᠤᠭᠤᠷ᠂ ᠲᠤᠪᠰᠢᠭᠤᠷ ᠵᠡᠷᠭᠡ ᠦᠨᠳᠦᠰᠦᠲᠡᠨ᠎ᠤ ᠤᠨᠴᠠᠯᠢᠭ ᠪᠦᠬᠦᠢ ᠬᠥᠭᠵᠢᠮ᠎ᠢ ᠤᠶᠠᠯᠳᠤᠭᠤᠯᠵᠠᠢ
ᠳᠠᠭᠤᠤ᠎ᠵᠢᠨ ᠲᠥᠷᠥᠯ ᠄ ᠵᠤᠬᠢᠶᠠᠯ᠎ᠤᠨ ᠳᠠᠭᠤᠤ
ᠠᠯᠳᠠᠷ —
2022 ᠤᠨ᠎ᠤ 8 ᠰᠠᠷ᠎ᠠ᠎ᠳᠦ ᠥᠪᠥᠷ ᠮᠤᠩᠭᠤᠯ᠎ᠤᠨ ᠥᠪᠡᠷᠲᠡᠭᠡᠨ ᠵᠠᠰᠠᠬᠤ ᠤᠷᠤᠨ᠎ᠤ 《ᠲᠠᠪᠤᠨ ᠨᠢᠭᠡ ᠵᠢᠨ ᠢᠨᠵᠸᠨ᠋ᠸᠷᠢᠩ》 ᠤ᠋ᠨ ᠱᠠᠩᠨᠨᠯᠤᠨ ᠰᠢᠯᠢᠳᠡᠭ ᠪᠥᠲᠥᠭᠡᠯᠵᠢᠡᠷ ᠲᠤᠳᠤᠷᠠᠬᠤ᠎ᠵᠢᠨ ᠬᠠᠮᠲᠤ 2024 ᠤᠨ᠎ᠤ ᠪᠦᠬᠦ ᠤᠯᠤᠰ᠎ᠤᠨ ᠴᠥᠬᠡᠨ ᠲᠤᠭᠠᠲᠤ ᠦᠨᠳᠦᠰᠦᠲᠡᠨ᠎ᠤ ᠰᠢᠯᠢᠳᠡᠭ ᠳᠠᠭᠤᠯᠠᠬᠤᠢ᠎ᠵᠢᠨ ᠪᠥᠲᠥᠭᠡᠯ᠎ᠤᠨ ᠵᠢᠭᠰᠠᠭᠠᠯᠲᠠ᠎ᠵᠢᠨ ᠵᠢᠷᠭᠤᠳᠤᠭᠠᠷ ᠪᠠᠢᠷᠢᠨ᠎ᠳᠦ ᠲᠤᠳᠤᠷᠠᠵᠠᠢ᠃
ᠦᠨᠡᠯᠡᠯᠲᠡ —
ᠴᠡᠴᠡᠭᠮ᠎ᠠ (ᠤᠯᠤᠰ᠎ᠤᠨ ᠨᠢᠭᠡᠳᠦᠭᠡᠷ ᠳᠡᠰ᠎ᠤᠨ ᠲᠤᠭᠯᠠᠭᠴᠢ᠂ ᠥᠪᠥᠷ ᠮᠤᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠎ᠵᠢᠨ ᠫᠷᠤᠹᠸᠰᠰᠤᠷ᠂ ᠠᠨᠳᠠ ᠬᠠᠮᠲᠤᠯᠢᠭ᠎ᠤᠨ ᠳᠠᠭᠤᠴᠢᠨ)
ᠲᠤᠰ ᠳᠠᠭᠤᠤ ᠤᠳᠬ᠎ᠠ ᠢᠷᠠᠭᠤ ᠭᠠᠷᠴᠠᠭ ᠲᠠᠢ᠂ ᠳᠦᠷᠪᠡᠨ ᠤᠯᠠᠷᠢᠯ᠎ᠤᠨ ᠥᠩᠭᠡ ᠦᠵᠡᠮᠵᠢ᠎ᠶᠢ ᠪᠠᠭᠲᠠᠭᠠᠭᠰᠠᠨ ᠪᠠᠶᠠᠯᠢᠭ ᠬᠡᠯᠡ ᠬᠡᠯᠡᠯᠭᠡ ᠲᠠᠢ᠃ ᠲᠤᠰ ᠳᠠᠭᠤᠤ ᠨᠢ ᠪᠤᠷᠢᠶᠠᠳ᠂ ᠤᠷᠴᠤᠨ᠂ ᠡᠸᠡᠩᠬᠢ ᠦᠨᠳᠦᠰᠦᠲᠡᠨ ᠶᠠᠰᠤᠲᠠᠨᠤ ᠤᠯᠠᠮᠵᠢᠯᠠᠯᠲᠤ ᠳᠠᠭᠤᠤ᠎ᠵᠢᠨ ᠠᠶᠠᠯᠭᠤ ᠪᠠ ᠪᠠᠷᠭᠤ ᠠᠷᠠᠳ᠎ᠤᠨ ᠤᠷᠲᠤ᠎ᠵᠢᠨ ᠳᠠᠭᠤᠤ᠎ᠵᠢᠨ ᠬᠥᠭ ᠠᠶᠠᠯᠭᠤ᠎ᠶᠢ ᠬᠡᠷᠡᠭᠯᠡᠵᠦ᠂ ᠬᠥᠭᠡᠮᠡᠢ᠂ ᠮᠤᠷᠢᠨ ᠬᠤᠭᠤᠷ᠂ ᠲᠤᠪᠰᠢᠭᠤᠷ ᠵᠡᠷᠭᠡ ᠦᠨᠳᠦᠰᠦᠲᠡᠨ᠎ᠤ ᠤᠨᠴᠠᠯᠢᠭ ᠪᠦᠬᠦᠢ ᠬᠥᠭᠵᠢᠮ᠎ᠢ ᠤᠶᠠᠯᠳᠤᠭᠤᠯᠤᠨ᠂ ᠮᠤᠩᠭᠤᠯ᠂ ᠡᠸᠡᠩᠬᠢ᠂ ᠤᠷᠴᠤᠨ᠂ ᠳᠠᠭᠤᠷ ᠵᠡᠷᠭᠡ ᠡᠯ᠎ᠡ ᠦᠨᠳᠦᠰᠦᠲᠡᠨ ᠶᠠᠰᠤᠲᠠᠨᠤ ᠠᠷᠠᠳ ᠲᠥᠮᠡᠨ ᠬᠠᠮᠲᠤᠪᠡᠷ ᠳᠠᠭᠤᠯᠠᠵᠤ᠂ ᠡᠯ᠎ᠠ ᠦᠨᠳᠦᠰᠦᠲᠡᠨ᠎ᠤ ᠠᠷᠠᠳ ᠲᠥᠮᠡᠨ ᠪᠥᠯᠬᠥᠮᠳᠡᠨ ᠨᠢᠭᠲᠠᠷᠠᠭᠰᠠᠨ ᠰᠠᠢᠨ ᠰᠠᠢᠬᠠᠨ ᠳᠦᠷᠢ ᠳᠥᠷᠬᠦ᠎ᠶᠢ ᠬᠠᠷᠠᠭᠤᠯᠵᠤ ᠴᠢᠳᠠᠵᠠᠢ᠃ ᠳᠦᠷᠪᠡᠨ ᠤᠯᠠᠷᠢᠯ᠎ᠤᠨ ᠥᠩᠭᠡ ᠦᠵᠡᠮᠵᠢ᠎ᠶᠢ ᠪᠠᠬᠠᠳᠤᠨ ᠳᠠᠭᠤᠯᠠᠬᠤ᠎ᠪᠡᠷ ᠳᠠᠮᠵᠢᠭᠤᠯᠤᠨ᠂ ᠡᠬᠡ ᠤᠷᠤᠨ ᠦᠯᠦᠭᠡᠢ ᠨᠤᠳᠤᠭ᠎ᠤᠨ ᠨᠠᠷᠠ ᠰᠢᠭ᠋ ᠭᠡᠢᠵᠦ ᠶᠠᠪᠤᠬᠤ ᠠᠷᠠᠳ ᠲᠥᠮᠡᠨ᠎ᠤ ᠬᠦᠰᠡᠯ ᠵᠦᠩᠨᠡᠯᠢ ᠬᠠᠷᠠᠭᠤᠯᠵᠤ᠂ ᠠᠮᠢᠳᠤᠷᠠᠯ᠎ᠤᠨ ᠵᠢᠮ᠎ᠡ ᠶᠤᠰᠤ ᠵᠢ ᠮᠡᠳᠡᠷᠡᠵᠤ᠂ ᠤᠯᠠᠨ᠎ᠤ ᠲᠠᠭᠠᠰᠢᠶᠠᠯ᠎ᠢ ᠬᠦᠷᠲᠡᠭᠰᠡᠨ ᠪᠠᠢᠨ᠎ᠠ᠃
ᠦᠯᠢᠭᠡᠷ —
ᠲᠠᠯ᠎ᠠ ᠳᠦᠭᠦᠷᠡᠩ᠂ ᠰᠡᠳᠬᠢᠯ ᠳᠦᠭᠦᠷᠡᠩ᠂ ᠰᠠᠪᠠ ᠳᠦᠭᠦᠷᠡᠩ ᠭᠡᠬᠦ ᠲᠡᠭᠦᠰ ᠰᠠᠢᠬᠠᠨ ᠪᠡᠯᠭᠡᠳᠡᠯ ᠰᠠᠨᠠᠭ᠎ᠠ᠎ᠶᠢ ᠠᠭᠤᠯᠤᠭᠰᠠᠨ 《ᠳᠦᠭᠦᠷᠡᠩ》 ᠭᠡᠬᠦ ᠦᠭᠡ ᠪᠠ ᠰᠡᠳᠬᠢᠯ ᠬᠥᠭᠰᠡᠨ ᠪᠠᠶᠠᠷᠯᠠᠬᠤ ᠪᠤᠯᠤᠨ ᠪᠤᠰᠤᠳ᠎ᠲᠦ ᠲᠠᠯᠠᠷᠬᠠᠨ ᠪᠠᠶᠠᠷᠯᠠᠬᠤ ᠤᠳᠬ᠎ᠠ ᠰᠠᠨᠠᠭ᠎ᠠ᠎ᠶᠢ ᠠᠭᠤᠯᠤᠭᠰᠠᠨ 《ᠪᠠᠶᠠᠷᠯᠠᠶ᠎ᠠ》 ᠭᠡᠬᠦ ᠦᠭᠡ᠎ᠪᠡᠷ ᠪᠥᠲᠥᠭᠰᠡᠨ 《ᠳᠦᠭᠦᠷᠡᠩ ᠪᠠᠶᠠᠷᠯᠠᠶ᠎ᠠ》 ᠭᠡᠬᠦ ᠤᠳᠬ᠎ᠠ ᠢᠷᠠᠭᠤ ᠭᠠᠷᠴᠠᠭ ᠲᠠᠢ ᠳᠠᠭᠤᠤ ᠨᠢ ᠴᠤᠬᠤᠮ ᠶᠠᠮᠠᠷ ᠤᠳᠬ᠎ᠠ ᠤᠴᠢᠷ᠎ᠢ ᠠᠭᠤᠯᠵᠤ ᠪᠠᠢᠬᠤ ᠪᠤᠯ? ᠡᠨᠡ ᠳᠠᠭᠤᠤ ᠪᠦᠷᠢᠨᠪᠠᠶᠠᠷ᠎ᠤᠨ ᠠᠵᠢᠯ ᠠᠮᠢᠳᠤᠷᠠᠯ᠎ᠤᠨ ᠰᠤᠩᠭᠤᠯᠲᠠ ᠪᠠ ᠬᠤᠪᠢᠷᠠᠯᠲᠠ ᠲᠠᠢ ᠶᠡᠬᠡᠬᠡᠨ ᠬᠠᠷᠢᠴᠠᠭ᠎ᠠ ᠲᠠᠢ᠃ ᠪᠠᠭ᠎ᠠ ᠨᠠᠰᠤᠨ᠎ᠡᠴᠡ᠎ᠪᠡᠨ ᠳᠠᠭᠤᠤ ᠬᠥᠭᠵᠢᠮ᠎ᠳᠦ ᠠᠪᠢᠶᠠᠰ ᠲᠠᠢ ᠪᠦᠷᠢᠨᠪᠠᠶᠠᠷ 18 ᠨᠠᠰᠤᠨ᠎ᠡᠴᠡ᠎ᠪᠡᠨ ᠥᠪᠥᠷ ᠮᠣᠩᠭᠣᠯ᠎ᠤᠨ ᠤᠷᠠᠯᠢᠭ᠋᠎ᠤᠨ ᠰᠤᠷᠭᠠᠭᠤᠯᠢ᠂ ᠬᠥᠯᠥᠨ ᠪᠤᠶ᠋ᠢᠷ ᠤᠷᠠᠯᠢᠭ᠋᠎ᠤᠨ ᠰᠤᠷᠭᠠᠭᠤᠯᠢ᠎ᠳᠤ ᠳᠠᠭᠤᠤ ᠬᠥᠭᠵᠢᠮ ᠰᠤᠳᠤᠯᠤᠨ ᠰᠤᠷᠤᠯᠴᠠᠪᠠ᠃ ᠰᠡᠭᠦᠯᠡᠷ ᠨᠢ 1985 ᠣᠨ᠎ᠳᠤ ᠬᠥᠯᠥᠨ ᠪᠤᠢ᠍ᠢᠷ ᠠᠢᠮᠠᠭ᠎ᠤᠨ ᠺᠢᠨᠣ᠋ ᠦᠢᠯᠡᠳᠴᠦ ᠺᠢᠨᠤ᠋ ᠲᠠᠷᠬᠠᠭᠠᠬᠤ ᠺᠣᠮᠫᠠᠨᠢ᠎ᠳᠤ ᠡᠯᠰᠡᠭᠳᠡᠨ ᠠᠪᠢᠶᠠᠯᠠᠭᠴᠢ ᠪᠠ ᠵᠦᠴᠦᠭᠡ᠎ᠶᠢᠨ ᠵᠣᠬᠢᠶᠠᠯ ᠣᠷᠴᠢᠭᠤᠯᠬᠤ ᠠᠵᠢᠯ᠎ᠢᠶᠠᠨ ᠡᠬᠢᠯᠡᠭᠦᠯᠵᠤ᠂ 1990 ᠣᠨ᠎ᠳᠤ ᠳᠤᠮᠳᠠᠳᠤ ᠤᠯᠤᠰ᠎ᠤᠨ ᠣᠯᠠᠨ ᠤᠯᠤᠰ᠎ᠤᠨ ᠷᠠᠳᠢᠣ᠋ ᠨᠡᠪᠲᠡᠷᠡᠭᠦᠯᠭᠡ᠎ᠶᠢᠨ ᠬᠣᠷᠢᠶ᠎ᠠ ᠵᠢᠨ ᠮᠣᠩᠭᠣᠯ ᠬᠡᠯᠡᠨ᠎ᠦ ᠨᠡᠪᠲᠡᠷᠡᠭᠦᠯᠦᠭᠴᠢ ᠡᠯᠰᠡᠬᠦ ᠵᠠᠪᠰᠢᠶᠠᠨ ᠲᠤᠬᠢᠶᠠᠯᠳᠤᠵᠤ᠂ ᠪᠦᠷᠢᠨᠪᠠᠶᠠᠷ ᠡᠯᠰᠡᠭᠳᠡᠨ ᠤᠷᠤᠵᠠᠢ᠃ ᠢᠩᠭᠢᠭᠡᠳ ᠨᠤᠲᠤᠭ᠎ᠡᠴᠡ᠎ᠪᠡᠨ ᠠᠶᠠᠷᠯᠠᠨ ᠪᠡᠭᠡᠵᠢᠩ᠎ᠳᠦ ᠠᠵᠢᠯ ᠠᠮᠢᠳᠤᠷᠠᠯ᠎ᠤᠨ ᠭᠠᠷᠤᠭ᠎ᠠ᠎ᠪᠡᠨ ᠡᠬᠢᠯᠡᠭᠦᠯᠦᠭᠰᠡᠨ ᠪᠠᠢᠨ᠎ᠠ᠃
《ᠨᠤᠲᠤᠭ》 ᠭᠡᠵᠦ ᠶᠡᠷᠦ᠎ᠡᠴᠡ ᠠᠯᠤᠰ ᠬᠤᠯᠠ ᠶᠠᠪᠤᠭ᠎ᠠ ᠬᠦᠮᠦᠨ᠎ᠤ ᠰᠡᠳᠬᠢᠯ᠎ᠢ ᠭᠡᠵᠢᠭᠡᠳᠡᠨ ᠰᠠᠨᠠᠭ᠎ᠠ᠎ᠶᠢ ᠲᠠᠲᠠᠳᠠᠭ ᠭᠠᠵᠠᠷ ᠯᠠ ᠶᠤᠮ ᠳᠠ᠃ ᠪᠦᠷᠢᠨᠪᠠᠶᠠᠷ ᠨᠤᠲᠤᠭ᠎ᠵᠢᠡᠨ ᠰᠠᠨᠠᠨ ᠳᠤᠷᠠᠰᠤᠭᠰᠠᠨ ᠰᠡᠳᠬᠢᠯ᠎ᠵᠢᠡᠨ ᠳᠠᠷᠤᠵᠤ ᠶᠠᠳᠠᠨ 《ᠬᠠᠪᠤᠷ᠎ᠤᠨ ᠰᠠᠯᠬᠢᠨ ᠪᠦᠵᠢᠭᠯᠡᠨ᠎ᠡ᠂ ᠵᠤᠨ᠎ᠤ ᠪᠤᠷᠤᠭᠠᠨ ᠪᠦᠵᠢᠭᠯᠡᠨ᠎ᠡ᠂ ᠨᠠᠮᠤᠷ᠎ᠤᠨ ᠨᠠᠪᠴᠢᠰ ᠪᠥᠵᠢᠭᠯᠡᠨ᠎ᠡ᠂ ᠡᠪᠦᠯ᠎ᠤᠨ ᠴᠠᠰᠤᠨ ᠪᠦᠵᠢᠭᠯᠡᠨ᠎ᠡ》 ᠭᠡᠬᠦ ᠬᠡᠳᠦᠨ ᠮᠥᠷ ᠦᠭᠡ ᠪᠠ 《ᠰᠤᠤ ᠯᠠ ᠳ᠋ᠤᠤ ᠷᠤᠸᠠᠢ ᠮᠢ ᠷᠤᠸᠠᠢ ᠮᠢ ᠳ᠋ᠤᠤ ᠷᠤᠸᠠᠢ》 ᠭᠡᠬᠦ ᠬᠡᠳᠦᠨ ᠮᠥᠷ ᠨᠤᠲ ᠲᠡᠭᠦᠨᠤᠭᠠᠷᠤᠨ ᠠᠶᠠᠪᠡᠷ ᠨᠢ ᠪᠠᠭᠤᠵᠠᠢ᠃ ᠪᠦᠷᠢᠨᠪᠠᠶᠠᠷ ᠨᠢᠭᠡ ᠨᠠᠰᠤᠨ᠎ᠳᠠᠭᠠᠨ ᠤᠯᠠᠨ ᠰᠤᠳᠤᠨ ᠳᠠᠭᠤᠤ᠎ᠶᠢ ᠬᠦᠮᠦᠰ᠎ᠤᠨ ᠵᠢᠷᠦᠬᠡᠨ᠎ᠳᠦ ᠦᠯᠡᠳᠡᠭᠡᠭᠰᠡᠨ ᠪᠢᠯᠡ᠂ ᠬᠠᠷᠠᠮᠰᠠᠯᠲᠠᠢ ᠨᠢ ᠠᠮᠢᠳᠤ ᠰᠡᠷᠡᠭᠦᠨ ᠪᠠᠢᠬᠤ᠎ᠳᠠᠭᠠᠨ 《ᠳᠦᠭᠦᠷᠡᠩ ᠪᠠᠶᠠᠷᠯᠠᠶ᠎ᠠ》 ᠭᠡᠬᠦ ᠳᠠᠭᠤᠤ ᠪᠠᠨ ᠬᠠᠷᠠᠬᠠᠨ ᠵᠤᠬᠢᠶᠠᠵᠤ ᠠᠮᠵᠢᠭ᠎ᠠ ᠦᠭᠡᠢ ᠪᠤᠷᠬᠠᠨ᠎ᠤ ᠤᠷᠤᠨ᠎ᠢ ᠵᠤᠷᠢᠭᠰᠠᠨ ᠶᠤᠮ᠃ ᠨᠠᠭᠤᠷᠮ᠎ᠠ ᠡᠵᠢ ᠲᠠᠢ᠎ᠪᠡᠨ ᠠᠪᠤᠵᠢᠨᠵᠢᠡᠨ ᠶᠠᠭᠤᠮᠠᠰ᠎ᠢ ᠳᠢᠭᠯᠡᠬᠦ᠎ᠳᠡᠭᠡᠨ ᠲᠡᠭᠦᠨ᠎ᠤ ᠵᠤᠬᠢᠶᠠᠭᠰᠠᠨ ᠳᠠᠭᠤᠤ᠎ᠵᠢᠨ ᠦᠭᠡ ᠪᠠ ᠨᠤᠲᠢ ᠡᠷᠢᠵᠦ ᠤᠯᠤᠨ᠂ ᠠᠪᠤᠵᠢᠨᠵᠢᠡᠨ ᠠᠮᠢᠳᠤ ᠰᠡᠷᠡᠭᠦᠨ ᠪᠠᠢᠬᠤ᠎ᠳᠠᠭᠠᠨ ᠬᠠᠷᠠᠬᠠᠨ ᠪᠥᠲᠥᠭᠡᠵᠦ ᠴᠢᠳᠠᠭ᠎ᠠ ᠦᠭᠡᠢ ᠳᠠᠭᠤᠤ᠎ᠶᠢ ᠨᠢ ᠦᠷᠭᠦᠯᠵᠢᠯᠡᠨ ᠵᠤᠬᠢᠶᠠᠬᠤ ᠰᠠᠨᠠᠭ᠎ᠠ ᠤᠷᠭᠤᠵᠠᠢ᠃ ᠡᠨᠡ ᠨᠢ ᠤᠷᠠᠨ᠎ᠠ ᠵᠢᠨ ᠲᠡᠷᠡ ᠬᠡᠳᠦᠨ ᠮᠥᠷ ᠦᠭᠡ᠎ᠶᠢ ᠦᠵᠡᠭᠰᠡᠨ᠎ᠤ ᠬᠤᠢᠨ᠎ᠠ ᠨᠤᠲᠤᠭᠤᠨᠵᠢᠡᠨ ᠳᠦᠷᠪᠡᠨ ᠤᠯᠠᠷᠢᠯ᠎ᠤᠨ ᠪᠠᠢᠭᠠᠯᠢ᠎ᠵᠢᠨ ᠦᠵᠡᠮᠵᠢ᠎ᠶᠢ ᠪᠠᠶᠠᠷᠯᠠᠵᠤ ᠪᠠᠬᠠᠷᠬᠠᠭᠰᠠᠨ ᠰᠡᠳᠬᠢᠯᠵᠢᠡᠷ ᠳᠥᠷᠰᠥᠯᠡᠨ ᠳᠠᠭᠤᠯᠠᠶ᠎ᠠ ᠭᠡᠵᠦ ᠪᠤᠳᠤᠭᠰᠠᠨ ᠲᠠᠢ ᠶᠠᠭ ᠴᠠᠪ ᠨᠡᠢᠴᠡᠵᠡᠢ᠃
ᠤᠷᠠᠨ ᠪᠥᠲᠥᠭᠡᠯ᠎ᠤᠨ ᠠᠮᠵᠢᠯᠲᠠ ᠤᠯᠬᠤ ᠨᠢ ᠴᠠᠭ ᠵᠠᠪᠰᠢᠶᠠᠨᠢᠴᠤ ᠶᠡᠬᠡᠬᠡᠨ ᠬᠠᠷᠠᠳᠠᠭ ᠤᠴᠢᠷᠳᠠᠢ᠃ 《ᠳᠦᠭᠦᠷᠡᠩ ᠪᠠᠶᠠᠷᠯᠠᠶ᠎ᠠ》 ᠭᠡᠬᠦ ᠳᠠᠭᠤᠤ ᠵᠢᠨ ᠠᠮᠵᠢᠯᠲᠠ ᠨᠢ ᠲᠤᠬᠠᠢ᠎ᠵᠢᠨ ᠴᠠᠭ ᠵᠠᠪᠰᠢᠶᠠᠨ ᠲᠤᠬᠢᠶᠠᠯᠳᠤᠭᠰᠠᠨ ᠲᠠᠢᠴᠤ ᠬᠠᠷᠢᠴᠠᠭ᠎ᠠ ᠲᠠᠢ ᠶᠤᠮ᠃ 2022 ᠤᠨ᠎ᠳᠦ ᠥᠪᠥᠷ ᠮᠤᠩᠭᠤᠯ᠎ᠤᠨ ᠷᠠᠳᠢᠤ᠋ ᠲᠸᠯᠸᠢᠰ ᠬᠤᠷᠢᠶᠠᠨ᠎ᠤ ᠮᠤᠩᠭᠤᠯ ᠤᠳᠤᠨ ᠲᠸᠯᠸᠢᠰ᠎ᠤᠨ ᠴᠠᠭᠠᠨ ᠰᠠᠷ᠎ᠠ᠎ᠵᠢᠨ ᠦᠳᠡᠰᠢᠯᠡᠭᠡ᠎ᠵᠢᠨ ᠤᠳᠤᠷᠢᠳᠤᠭᠠᠴᠢ ᠤᠷᠢᠯᠭ᠎ᠠ ᠲᠠᠯᠪᠢᠭᠰᠠᠨ᠎ᠳᠦ ᠤᠷᠠᠨ᠎ᠠ ᠶᠠᠭ ᠡᠨᠡᠬᠦ ᠳᠠᠭᠤᠤ᠎ᠵᠢᠨ ᠦᠭᠡ ᠪᠠ ᠨᠤᠲᠵᠢᠡᠨ ᠶᠡᠬᠡ ᠲᠥᠯᠥᠪ ᠪᠢᠴᠢᠵᠤ ᠳᠠᠭᠤᠰᠬᠠᠭᠰᠠᠨ ᠪᠠᠢᠬᠤ ᠲᠠᠭᠠᠷᠠᠵᠤ᠂ ᠴᠠᠭᠠᠨ ᠰᠠᠷ᠎ᠠ᠎ᠵᠢᠨ ᠦᠳᠡᠰᠢᠯᠡᠭᠡ᠎ᠳᠤ ᠤᠷᠤᠯᠴᠠᠬᠤ ᠲᠤᠭᠯᠠᠯᠳᠠ᠎ᠪᠡᠷ ᠮᠡᠳᠡᠭᠦᠯᠵᠡᠢ᠃ ᠰᠡᠭᠦᠯᠡᠷ ᠨᠢ ᠥᠬᠢᠨ ᠨᠠᠭᠤᠷᠮ᠎ᠠ ᠳᠠᠭᠤᠤ᠎ᠵᠢᠨ ᠠᠶ᠎ᠠ᠎ᠶᠢ ᠨᠡᠩ ᠲᠡᠭᠦᠯᠳᠡᠷᠵᠢᠭᠦᠯᠵᠦ ᠲᠤᠭᠯᠠᠯᠳᠠ᠎ᠳᠦ ᠤᠷᠤᠯᠴᠠᠬᠤ᠎ᠪᠡᠷ ᠪᠡᠯᠡᠳᠬᠡᠪᠡ᠃ ᠢᠩᠭᠢᠭᠡᠳ ᠤᠷᠠᠨ᠎ᠠ᠂ ᠥᠬᠢᠨ ᠨᠠᠭᠤᠷᠮ᠎ᠠ ᠪᠠ ᠠᠴᠢ ᠦᠬᠢᠨ ᠢᠨᠢᠭ᠌ᠮᠠ ᠵᠢᠴᠢ ᠲᠡᠭᠦᠨ᠎ᠤ ᠤᠷᠴᠤᠨ᠂ ᠡᠸᠡᠩᠬᠢ᠂ ᠪᠤᠷᠢᠶᠠᠳ᠂ ᠳᠠᠭᠤᠷ᠂ ᠪᠠᠷᠭᠤ ᠵᠡᠷᠭᠡ ᠦᠨᠳᠦᠰᠦᠲᠡᠨ ᠶᠠᠰᠤᠳᠠᠨᠤ ᠰᠤᠷᠤᠭᠴᠢᠳ ᠲᠠᠢ᠎ᠪᠡᠨ ᠬᠠᠮᠲᠤ ᠴᠠᠭᠠᠨ ᠰᠠᠷ᠎ᠠ᠎ᠵᠢᠨ ᠦᠳᠡᠰᠢᠯᠡᠭᠡ᠎ᠳᠦ 《ᠳᠦᠭᠦᠷᠡᠩ ᠪᠠᠶᠠᠷᠯᠠᠶ᠎ᠠ》 ᠭᠡᠬᠦ ᠳᠠᠭᠤᠤ ᠲᠠᠢ᠎ᠪᠡᠨ ᠤᠷᠤᠯᠴᠠᠨ᠂ ᠥᠷᠭᠡᠨ ᠤᠯᠠᠨ᠎ᠤ ᠰᠤᠨᠤᠷ᠎ᠢ ᠪᠠᠶᠠᠰᠬᠠᠨ ᠬᠠᠷᠠᠭ᠎ᠠ᠎ᠶᠢ ᠮᠢᠯᠢᠶᠠᠵᠤ᠂ ᠬᠦᠮᠦᠨ ᠵᠤᠨ᠎ᠤ᠎ᠪᠡᠨ ᠲᠠᠭᠠᠰᠢᠶᠠᠯ᠎ᠢ ᠬᠦᠷᠲᠡᠵᠡᠢ᠃ ᠨᠢᠭᠡᠨ ᠳᠠᠭᠤᠤ᠎ᠵᠢᠨ ᠠᠮᠵᠢᠯᠲᠠ ᠨᠢ ᠲᠡᠭᠦᠨ᠎ᠤ ᠠᠷᠠᠳ᠎ᠤᠨ ᠳᠤᠮᠳᠠ ᠬᠢᠷᠢ ᠵᠡᠷᠭᠡ ᠬᠦᠯᠢᠶᠡᠭᠳᠡᠭᠰᠡᠨ ᠭᠡᠳᠡᠭ᠎ᠲᠦ ᠪᠠᠢᠬᠤ ᠨᠢ ᠮᠠᠷᠭᠤᠰᠢ ᠦᠭᠡᠢ᠃ ᠲᠤᠰ ᠳᠠᠭᠤᠤ ᠥᠪᠥᠷ ᠮᠤᠩᠭᠤᠯ ᠳᠦ ᠥᠷᠭᠡᠨ ᠳᠡᠯᠭᠡᠷᠡᠭᠰᠡᠨᠵᠢᠡᠷ ᠦᠯᠦ ᠪᠠᠷᠠᠮ ᠬᠢᠲᠠᠳ ᠬᠡᠯᠡ᠎ᠪᠡᠷ ᠤᠷᠴᠢᠭᠤᠯᠤᠭᠳᠠᠨ᠂ ᠪᠦᠵᠢᠭ᠎ᠤᠨ ᠠᠶ᠎ᠠ ᠵᠡᠷᠭᠡ ᠬᠡᠯᠪᠡᠷᠢ᠎ᠪᠡᠷ ᠤᠷᠠᠯᠢᠭ᠎ᠤᠨ ᠲᠠᠢᠰᠠᠨ᠎ᠠ ᠳᠡᠯᠭᠡᠭᠳᠡᠵᠦ᠂ ᠪᠥᠬᠦ ᠤᠯᠤᠰ᠎ᠤᠨ ᠡᠯ᠎ᠡ ᠭᠠᠵᠠᠷᠲᠸ᠋ ᠶᠡᠬᠡᠬᠡᠨ ᠨᠡᠷ᠎ᠡ ᠨᠥᠯᠥᠭᠡ ᠲᠠᠢ᠃
ᠡᠬᠡ ᠤᠷᠤᠨ ᠦᠯᠦᠭᠡᠢ ᠨᠤᠳᠤᠭ ᠭᠡᠭᠴᠢ ᠡᠯᠢᠭᠡ ᠵᠢᠷᠦᠬᠡᠨ᠎ᠡᠴᠡ ᠤᠶᠠᠭᠠᠲᠠᠢ ᠪᠠᠢᠳᠠᠭ᠃ ᠡᠬᠡ ᠤᠷᠤᠨ ᠦᠯᠦᠭᠡᠢ ᠨᠤᠳᠤᠭᠤᠨᠵᠢᠡᠨ ᠬᠠᠪᠤᠷ᠎ᠤᠨ ᠤᠷᠢᠬᠠᠨ ᠰᠠᠯᠬᠢ᠂ ᠵᠤᠨ᠎ᠤ ᠵᠦᠭᠡᠯᠡᠨ ᠬᠤᠷ᠎ᠠ᠂ ᠨᠠᠮᠤᠷ᠎ᠤᠨ ᠰᠢᠷᠭᠠᠯ ᠨᠠᠪᠴᠢᠰ ᠪᠠ ᠡᠪᠦᠯ᠎ᠤᠨ ᠯᠠᠪᠰᠠᠯᠠᠬᠤ ᠴᠠᠰᠤ᠎ᠵᠢ ᠬᠦᠷᠳᠡᠯ᠎ᠡ ᠰᠡᠳᠬᠢᠯ ᠵᠢᠷᠦᠭᠡᠨ ᠡᠴᠡ ᠪᠠᠨ ᠮᠡᠳᠡᠷᠡᠵᠦ᠂ ᠮᠠᠭᠲᠠᠨ ᠪᠠᠬᠠᠷᠬᠠᠵᠤ᠂ ᠬᠠᠮᠲᠤᠪᠡᠷ ᠳᠠᠭᠤᠯᠠᠨ ᠪᠦᠵᠢᠭᠯᠡᠬᠦ ᠨᠢ ᠬᠡᠳᠦᠢ ᠶᠡᠬᠡ ᠵᠤᠯ ᠵᠢᠷᠭᠠᠯ ᠪᠢᠯᠡ᠃ ᠲᠡᠢᠮᠦ᠎ᠳᠡᠭᠡᠨ ᠯᠡ 《ᠳᠦᠭᠦᠷᠡᠩ ᠪᠠᠶᠠᠷᠯᠠᠶ᠎ᠠ》 ᠭᠡᠰᠡᠨ ᠪᠠᠢᠯᠬᠦᠢ!ᠰᠤᠩᠭᠤᠳᠠᠭ ᠪᠦᠲᠦᠭᠡᠯ ᠭᠡᠭᠴᠢ ᠢᠩᠭᠢᠵᠦ ᠯᠡ ᠡᠬᠡ ᠤᠷᠤᠨ᠎ᠢᠶᠡᠨ ᠡᠨᠡᠷᠢᠨ ᠬᠠᠢᠷᠠᠯᠠᠬᠤ᠂ ᠦᠯᠦᠭᠡᠢ ᠨᠤᠳᠤᠭ ᠵᠢᠡᠨ ᠦᠨᠳᠡᠯᠵᠡᠨ ᠰᠠᠨᠠᠭᠠᠯᠵᠠᠬᠤ᠂ ᠦᠶᠦᠭ ᠠᠮᠢᠳᠤᠷᠠᠯ᠎ᠵᠢᠡᠨ ᠮᠠᠭᠳᠠᠨ ᠲᠠᠭᠤᠯᠠᠬᠤ ᠰᠡᠳᠬᠢᠯᠭᠡ ᠰᠢᠩᠭᠡᠳᠡᠭ ᠤᠴᠢᠷ ᠡᠴᠡ ᠳᠦᠷᠪᠡᠨ ᠤᠯᠠᠷᠢᠯ᠎ᠤᠨ ᠦᠵᠡᠮᠵᠢ ᠲᠠᠢ ᠠᠳᠠᠯᠢᠬᠠᠨ ᠬᠦᠮᠦᠨ᠎ᠤ ᠰᠡᠳᠬᠢᠯ᠎ᠢ ᠲᠡᠨᠢᠢᠯᠭᠡᠨ ᠪᠠᠶᠠᠰᠬᠠᠨ᠎ᠠ᠃ ᠲᠤᠰ ᠳᠠᠭᠤᠤ ᠨᠢ ᠬᠥᠯᠥᠨ ᠪᠤᠢᠷ᠎ᠤᠨ ᠲᠠᠯ᠎ᠠ ᠨᠤᠲᠤᠭᠮᠡᠲᠦ ᠲᠡᠨᠢᠭᠦᠨ᠂ ᠥᠪᠥᠷ ᠮᠤᠩᠭᠤᠯ᠎ᠤᠨ ᠳᠦᠷᠪᠡᠨ ᠤᠯᠠᠷᠢᠯᠮᠡᠲᠦ ᠦᠵᠡᠰᠬᠦᠯᠡᠩᠲᠡᠢ᠂ ᠤᠮᠠᠷᠠᠲᠤ᠎ᠬᠢᠯᠢ᠎ᠵᠢᠨ ᠰᠤᠶᠤᠯ ᠮᠡᠲᠦ ᠪᠠᠬᠠᠷᠬᠠᠯᠲᠠᠢ᠃

ᠬᠠᠶᠠᠯᠠᠨ ᠬᠠᠶᠠᠯᠠᠨ ᠳᠠᠭᠤᠯᠠᠶ᠎ᠠ
ᠬᠠᠪᠤᠷ᠎ᠤᠨ ᠰᠠᠯᠬᠢᠨ ᠪᠦᠵᠢᠭᠯᠡᠨ᠎ᠡ
ᠬᠠᠮᠤᠭ ᠴᠠᠭᠠᠨ ᠰᠠᠷ᠎ᠠ᠎ᠳᠦ᠎ᠪᠡᠨ
ᠬᠠᠮᠲᠤ᠎ᠪᠠᠷ ᠨᠠᠭᠠᠳᠤᠶ᠎ᠠ
ᠵᠦᠩᠨᠡᠨ ᠵᠦᠩᠨᠡᠨ ᠳᠠᠭᠤᠯᠠᠶ᠎ᠠ
ᠵᠤᠨ᠎ᠤ ᠪᠤᠷᠤᠭᠠᠨ ᠪᠦᠵᠢᠭᠯᠡᠨ᠎ᠡ
ᠵᠦᠯᠭᠡ ᠨᠤᠭᠤᠭ᠎ᠠ ᠮᠢᠷᠠᠯᠵᠠᠨ᠎ᠠ
ᠵᠤᠨᠵᠢᠡᠷᠵᠢᠡᠨ ᠨᠠᠭᠠᠳᠤᠶ᠎ᠠ
ᠠᠶ᠎ᠠ᠎ᠪᠡᠨ ᠠᠶᠠᠯᠤᠨ ᠪᠦᠵᠢᠭ ᠪᠦᠵᠢᠭᠯᠡᠨ
ᠳᠦᠷᠪᠡᠨ ᠤᠯᠠᠷᠢᠯ᠎ᠳᠦ᠎ᠪᠡᠨ ᠳᠦᠭᠦᠷᠡᠩ ᠨᠠᠭᠠᠳᠤᠶ᠎ᠠ
ᠨᠠᠢᠭᠤᠨ ᠨᠠᠢᠭᠤᠨ ᠳᠠᠭᠤᠯᠠᠶ᠎ᠠ
ᠨᠠᠮᠤᠷ᠎ᠤᠨ ᠨᠠᠪᠴᠢᠰ ᠪᠦᠵᠢᠭᠯᠡᠨ᠎ᠡ
ᠨᠠᠯᠠᠭᠠᠷ ᠪᠠᠶᠠᠨ ᠤᠯᠠᠷᠢᠯ᠎ᠳᠦ᠎ᠪᠡᠨ
ᠨᠠᠷᠭᠢᠵᠦ ᠨᠠᠭᠠᠳᠤᠶ᠎ᠠ
ᠦᠶᠡᠯᠡᠨ ᠦᠶᠡᠯᠡᠨ ᠳᠠᠭᠤᠯᠠᠶ᠎ᠠ
ᠡᠪᠦᠯ᠎ᠤᠨ ᠴᠠᠰᠤᠨ ᠪᠦᠵᠢᠭᠯᠡᠨ᠎ᠡ
ᠥᠩᠭᠡᠲᠦ ᠨᠠᠷᠠᠨ ᠢᠪᠡᠭᠡᠨ᠎ᠡ
ᠡᠷᠬᠢᠮᠯᠡᠨ ᠨᠠᠭᠠᠳᠤᠶ᠎ᠠ
ᠠᠶ᠎ᠠ᠎ᠪᠡᠨ ᠠᠶᠠᠯᠤᠨ ᠪᠦᠵᠢᠭ ᠪᠦᠵᠢᠭᠯᠡᠨ
ᠳᠦᠷᠪᠡᠨ ᠤᠯᠠᠷᠢᠯ᠎ᠳᠦ᠎ᠪᠡᠨ ᠳᠦᠭᠦᠷᠡᠩ ᠨᠠᠭᠠᠳᠤᠶ᠎ᠠ
ᠬᠠᠶᠠᠯᠠᠨ ᠬᠠᠶᠠᠯᠠᠨ ᠳᠠᠭᠤᠯᠠᠶ᠎ᠠ
ᠬᠠᠪᠤᠷ᠎ᠤᠨ ᠰᠠᠯᠬᠢᠨ ᠪᠦᠵᠢᠭᠯᠡᠨ᠎ᠡ
ᠬᠠᠮᠤᠭ ᠴᠠᠭᠠᠨ ᠰᠠᠷ᠎ᠠ᠎ᠳᠦ᠎ᠪᠡᠨ
ᠬᠠᠮᠲᠤ᠎ᠪᠠᠷ ᠨᠠᠭᠠᠳᠤᠶ᠎ᠠ
ᠨᠠᠢᠭᠤᠨ ᠨᠠᠢᠭᠤᠨ ᠳᠠᠭᠤᠯᠠᠶ᠎ᠠ
ᠨᠠᠮᠤᠷ᠎ᠤᠨ ᠨᠠᠪᠴᠢᠰ ᠪᠦᠵᠢᠭᠯᠡᠨ᠎ᠡ
ᠨᠠᠯᠠᠭᠠᠷ ᠪᠠᠶᠠᠨ ᠤᠯᠠᠷᠢᠯ᠎ᠳᠦ᠎ᠪᠡᠨ
ᠨᠠᠷᠭᠢᠵᠦ ᠨᠠᠭᠠᠳᠤᠶ᠎ᠠ
ᠠᠶ᠎ᠠ᠎ᠪᠡᠨ ᠠᠶᠠᠯᠤᠨ ᠪᠦᠵᠢᠭ ᠪᠦᠵᠢᠭᠯᠡᠨ
ᠳᠦᠷᠪᠡᠨ ᠤᠯᠠᠷᠢᠯ᠎ᠳᠦ᠎ᠪᠡᠨ
ᠳᠦᠭᠦᠷᠡᠩ ᠨᠠᠭᠠᠳᠤᠶ᠎ᠠ

