ᠲᠦᠬᠦᠢᠮ᠎ᠡ ᠡᠵᠢ
2024-11-20 09:59:43
ᠵᠣᠬᠢᠶᠠᠭ᠍ᠴᠢ᠄
​ᠰᠠᠴᠤᠷᠠᠯ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ —

ᠵᠤᠬᠢᠶᠠᠨ ᠪᠦᠲᠦᠭᠡᠭᠰᠡᠨ ᠴᠠᠭ ᠄ 2019  ᠤᠨ

ᠦᠭᠡ᠄  ᠪᠤ·ᠲᠡᠮᠦᠷ᠎ᠡ

ᠠᠶ᠎ᠠ ᠄  ᠬᠠᠰᠶᠠᠲᠤᠭ᠎ᠠ

ᠵᠤᠬᠢᠶᠠᠨ ᠪᠦᠲᠦᠭᠡᠭᠰᠡᠨ ᠬᠡᠯᠪᠡᠷᠢ᠄ ᠲᠡᠦᠭᠡ ᠵᠢᠨ ᠦᠨᠡᠨ ᠤᠴᠢᠷ᠎ᠵᠢᠡᠷ ᠰᠡᠳᠦᠪᠯᠡᠨ ᠵᠤᠬᠢᠶᠠᠨ  ᠪᠦᠲᠦᠭᠡᠪᠡ

ᠠᠶ᠎ᠠ᠎ᠶᠢᠨ ᠤᠨᠴᠠᠯᠢᠭ᠄ ᠤᠶᠠᠷᠠᠭᠤᠨ ᠡᠪᠬᠡᠷᠡᠬᠦᠨ ᠪᠦᠭᠡᠳ ᠰᠦᠷ ᠲᠠᠯᠠᠢᠴᠠᠲᠠᠢ

ᠲᠠᠭᠤᠤ᠎ᠶᠢᠨ ᠲᠦᠷᠦᠯ᠄ ᠵᠤᠬᠢᠶᠠᠯ᠎ᠤᠨ ᠳᠠᠭᠤᠤ


ᠠᠯᠳᠠᠷ —

2019 ᠤᠨ᠎ᠤ ᠦᠪᠦᠷ ᠮᠤᠩᠭᠤᠯ᠎ᠤᠨ ᠮᠤᠩᠭᠤᠯ ᠷᠠᠳᠢᠤ᠋᠎ᠶᠢᠨ ᠵᠤᠬᠢᠶᠠᠯ᠎ᠤᠨ ᠳᠠᠭᠤᠤ᠎ᠶᠢᠨ ᠵᠢᠬᠰᠠᠭᠠᠯᠲᠠ᠎ᠳᠤ ᠤᠨᠴᠠᠭᠠᠢ ᠱᠠᠩᠨᠠᠯ ᠬᠦᠷᠲᠡᠪᠡ᠃


ᠦᠨᠡᠯᠡᠯᠲᠡ —

ᠤᠢ᠊·ᠭᠠᠩᠲᠡᠮᠦᠷ (ᠦᠪᠦᠷ ᠮᠤᠩᠭᠤᠯ᠎ᠤᠨ ᠰᠢᠭᠤᠳ ᠬᠠᠷᠢᠶ᠎ᠠ ᠤᠯᠠᠭᠠᠨᠮᠦ᠋ᠴᠢᠷ᠎ᠤᠨ ᠲᠠᠭᠤᠴᠢᠨ᠂ ᠤᠷᠠᠯᠢᠭ ᠰᠤᠳᠤᠯᠤᠬᠴᠢ)

《ᠲᠦᠬᠦᠢᠮ᠎ᠡ ᠡᠵᠢ》 ᠬᠡᠬᠦ ᠳᠠᠭᠤᠤ ᠲᠦᠬᠦᠢᠮ᠎ᠡ ᠡᠵᠢ᠎ᠶᠢᠨ ᠨᠢᠬᠡ ᠨᠠᠰᠤᠨ᠎ᠤ ᠦᠢᠯᠡ ᠠᠵᠢᠯᠯᠠᠭ᠎ᠠ᠎ᠶᠢ ᠳᠤᠪᠤᠢᠯᠭᠠᠬᠰᠠᠨ ᠪᠦᠬᠡᠳ ᠲᠦᠬᠦᠢᠮ᠎ᠡ ᠡᠵᠢ ᠰᠢᠭ ᠤᠨᠴᠠᠭᠠᠢ ᠴᠠᠬ ᠦᠶ᠎ᠡ ᠳ᠋ᠡᠬᠢ ᠲᠠᠯ᠎ᠠ ᠨᠤᠲᠤᠭ᠎ᠤᠨ ᠡᠬᠡᠴᠤᠤᠯ᠎ᠤᠨ ᠦᠷᠦᠪᠴᠢ ᠵᠦᠭᠡᠯᠡᠨ ᠰᠡᠳᠬᠢᠯ᠂ ᠴᠠᠬ ᠦᠶ᠎ᠡ᠎ᠶᠢᠨ ᠡᠬᠦᠷᠭᠡ ᠬᠠᠷᠢᠭᠤᠴᠠᠯᠭ᠎ᠠ ᠪᠠᠨ ᠡᠷᠡᠯᠭᠡᠭᠯᠡᠨ ᠪᠡᠶᠡᠯᠡᠬᠦᠯᠦᠭᠰᠡᠨ ᠢᠷᠠᠭᠤ ᠦᠢᠯᠡᠰ᠎ᠢ ᠮᠠᠬᠲᠠᠨ ᠳᠠᠭᠤᠯᠠᠬᠰᠠᠨ ᠳᠠᠭᠤᠤ ᠪᠤᠯᠤᠨ᠎ᠠ᠃

ᠵᠤᠬᠢᠶᠠᠨ ᠪᠦᠲᠦᠭᠡᠯᠭᠡ᠎ᠶᠢᠨ ᠤᠷᠠᠯᠢᠭ᠎ᠤᠨ ᠬᠤᠪᠢ᠎ᠳᠤ᠂ ᠲᠤᠰ ᠲᠠᠭᠤᠤ᠎ᠶᠢᠨ ᠬᠦᠭᠵᠢᠮ ᠠᠶᠠᠯᠭᠤ ᠨᠢ ᠴᠠᠬ ᠦᠶ᠎ᠡ᠎ᠶᠢ ᠳᠠᠭᠠᠬᠰᠠᠨ ᠪᠦᠭᠡᠳ ᠴᠠᠭ ᠦᠶ᠎ᠡ᠎ᠶᠢᠨ ᠤᠷᠢᠶᠠᠯᠠᠬᠤ ᠬᠦᠴᠦᠨ᠂ ᠪᠤᠯᠪᠠᠰᠤᠨ᠎ᠤ ᠬᠦᠮᠦᠵᠢᠯ᠎ᠤᠨ ᠤᠳᠬ᠎ᠠ ᠰᠠᠨᠠᠭ᠎ᠠ᠎ᠶᠢ ᠤᠷᠭᠠᠨᠢᠭ᠎ᠢᠶᠡᠷ ᠠᠷᠠᠳ᠎ᠤᠨ ᠳᠠᠭᠤᠤ᠎ᠶᠢᠨ ᠪᠠᠢᠭᠠᠯᠢᠯᠢᠭ ᠬᠡᠪ ᠨᠠᠮᠪᠠ᠎ᠳᠤ ᠠᠭᠤᠰᠬᠠᠨ ᠤᠷᠤᠭᠤᠯᠤᠬᠰᠠᠨ ᠪᠦᠭᠡᠳ ᠵᠢᠷᠤᠬᠯᠠᠨ ᠰᠡᠳᠬᠢᠬᠦ ᠵᠤᠬᠢᠶᠠᠨ ᠪᠦᠲᠦᠭᠡᠯᠭᠡ᠎ᠶᠢᠨ ᠠᠷᠭ᠎ᠠ ᠮᠠᠶᠢᠭ᠎ᠢ ᠬᠡᠷᠡᠭᠯᠡᠵᠦ ᠴᠢᠳᠠᠬᠰᠠᠨ᠎ᠢᠶᠡᠷ᠎ᠢᠶᠠᠨ ᠤᠯᠠᠨ ᠡᠴᠡ ᠤᠨᠴᠠᠯᠠᠬᠳᠠᠵᠦ᠂ ᠬᠦᠮᠦᠨ ᠠᠷᠠᠳ᠎ᠤᠨ ᠰᠤᠨᠤᠷ᠎ᠤᠨ ᠬᠤᠷᠴᠠ ᠮᠡᠳᠡᠷᠡᠮᠵᠢ᠎ᠳᠤ ᠬᠦᠷᠴᠦ᠂ ᠨᠡᠢᠬᠡᠮ ᠨᠡᠢᠲᠡ᠎ᠳᠤ ᠤᠷᠮ᠎ᠠ ᠪᠠᠬᠠᠷᠬᠠᠯ᠎ᠤᠨ ᠬᠡᠢᠷᠭᠡᠯ ᠬᠠᠩᠭᠠᠵᠠᠢ᠃


ᠦᠯᠢᠭᠡᠷ —

ᠳᠡᠭᠡᠷ᠎ᠡ ᠵᠠᠭᠤᠨ᠎ᠤ ᠵᠢᠷᠠᠭᠠᠳ ᠣᠨ᠎ᠤ ᠡᠬᠢ ᠪᠡᠷ᠂ ᠳᠦᠷᠪᠡᠳ᠎ᠬᠤᠰᠢᠭᠤᠨ᠎ᠤ ᠠᠷᠪᠠ ᠶᠢᠰᠦᠲᠠᠢ ᠲᠦᠬᠦᠢᠮ᠎ᠡ ᠨᠤᠲᠤᠭ ᠤᠰᠤᠨ ᠡᠴᠡ ᠪᠠᠨ ᠬᠤᠯᠠᠳᠠᠬᠰᠠᠨ 28 ᠱᠠᠩᠬᠠᠢ᠎ᠶ᠋ᠢᠨ ᠥᠨᠥᠴᠢᠨ ᠬᠡᠦᠬᠡᠳ᠎ᠢ ᠲᠤᠰᠤᠨ ᠠᠪᠬᠤ ᠦᠶ᠎ᠡ ᠪᠡᠷ᠂  ᠬᠡᠥᠬᠡᠳ ᠎ᠤᠳ ᠎ᠤᠨ ᠬᠠᠯᠲᠠᠷ ᠪᠤᠯᠲᠠᠷ ᠴᠢᠷᠠᠢ᠂ ᠬᠦᠰᠡᠨ ᠬᠦᠯᠢᠶᠡᠭᠰᠡᠨ ᠪᠦᠯᠳᠡᠭᠡᠷ ᠬᠠᠷ᠎ᠠ ᠨᠢᠲᠦ᠎ᠶᠢ ᠬᠠᠷᠠᠭᠠᠳ ᠦᠪᠡᠷ᠎ᠤᠨ ᠡᠷᠭᠡ ᠦᠭᠡᠢ ᠦᠷᠦᠪᠳᠦᠨ ᠬᠠᠢᠷᠠᠯᠠᠵᠦ᠂ 《ᠡᠵᠢ》 ᠨᠢ ᠪᠤᠯᠬᠤ ᠪᠡᠷ ᠵᠤᠷᠢᠮᠠᠭ ᠰᠢᠢᠳᠦᠭᠰᠡᠨ ᠪᠠᠢᠯ᠎ᠠ᠃ ᠬᠠᠭᠠᠰ ᠵᠠᠭᠤᠨ᠎ᠤ ᠲᠤᠷᠰᠢ᠂ ᠲᠦᠬᠦᠢᠮ᠎ᠡ ᠡᠵᠢ ᠦᠷᠦᠪᠴᠢ ᠡᠨᠡᠷᠢᠩᠬᠦᠢ ᠡᠬᠡ᠎ᠶᠢᠨ ᠬᠠᠢᠷ᠎ᠠ᠂ ᠴᠦᠬᠦᠷᠡᠰᠢ ᠦᠬᠡᠢ ᠴᠢᠷᠮᠠᠢᠯᠭ᠎ᠠ ᠪᠡᠷ᠎ᠢᠶᠡᠨ ᠦᠨᠡᠨ ᠰᠡᠳᠭᠢᠯᠭᠡ ᠪᠣᠯᠤᠨ ᠦᠭᠬᠢᠶᠡᠮᠦᠷ ᠬᠠᠢᠷ᠎ᠠ᠎ᠶ᠋ᠢ ᠢᠯᠡᠷᠡᠬᠦᠯᠪᠡ᠃

2019 ᠣᠨ᠎ᠤ 9 ᠰᠠᠷ᠎ᠠ᠎ᠶ᠋ᠢᠨ 17 ᠤ᠋ ᠡᠳᠦᠷ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠲᠡᠷᠢᠭᠦᠯᠡᠭ᠌ᠴᠢ᠎ᠶ᠋ᠢᠨ ᠵᠠᠷᠯᠢᠭ᠎ᠲᠤ ᠭᠠᠷ᠎ᠤᠨ ᠥᠰᠥᠭ ᠵᠢᠷᠤᠵᠤ᠂ ᠲᠦᠬᠦᠢᠮ᠎ᠡ ᠡᠵᠢ᠎ᠳᠦ 《ᠠᠷᠠᠳ᠎ᠤᠨ ᠵᠢᠱ᠌ᠢᠶᠡᠴᠢ》 ᠭᠡᠬᠦ ᠤᠯᠤᠰ᠎ᠤᠨ ᠢᠷᠠᠭᠤ ᠠᠯᠳᠠᠷ᠎ᠤᠨ ᠴᠣᠯᠠ ᠣᠯᠭᠣᠪᠠ᠃ 《ᠲᠦᠬᠦᠢᠮ᠎ᠠ ᠡᠵᠢ》 ᠭᠡᠬᠦ ᠳᠠᠭᠤᠤ ᠪᠤᠯ 《ᠭᠤᠷᠪᠠᠨ ᠮᠢᠩᠭᠠᠨ ᠦᠨᠦᠴᠢᠨ ᠬᠡᠥᠬᠡᠳ᠎ᠢ ᠦᠪᠦᠷ ᠮᠤᠩᠭᠤᠯ᠎ᠳᠤ ᠦᠷᠡᠴᠢᠯᠡᠨ ᠳᠡᠵᠢᠭᠡᠭᠰᠡᠨ》 ᠶᠠᠪᠤᠳᠠᠯ ᠳ᠋ᠡᠬᠢ ᠲᠦᠬᠦᠢᠮ᠎ᠡ ᠡᠵᠢ᠎ᠶᠢᠨ ᠦᠢᠯᠡ ᠠᠵᠢᠯᠯᠠᠭ᠎ᠠ ᠪᠡᠷ ᠰᠡᠳᠦᠪᠯᠡᠭᠰᠡᠨ ᠳᠠᠭᠤᠤ ᠪᠤᠯᠬᠤ ᠶᠤᠮ᠃ ᠡᠨᠡ ᠬᠦ᠌ 《ᠤᠯᠤᠰ᠎ᠤᠨ ᠬᠡᠥᠬᠡᠳ》 ᠬᠢᠬᠡᠳ《ᠲᠠᠯ᠎ᠠ ᠨᠤᠲᠤᠭ᠎ᠤᠨ ᠡᠵᠢ》 ᠭᠡᠬᠦ ᠲᠡᠥᠬᠡ᠎ᠶᠢᠨ ᠢᠷᠠᠭᠤ ᠲᠤᠤᠯᠢᠰ᠎ᠢ ᠲᠤᠳᠤᠷᠠᠭᠤᠯᠤᠬᠰᠠᠨ ᠳᠠᠭᠤᠤ᠎ᠵᠢᠨ ᠰᠢᠯᠦᠭ᠎ᠢ ᠦᠪᠦᠷ ᠮᠤᠩᠭᠤᠯ᠎ᠤᠨ ᠤᠳᠬ᠎ᠠ ᠵᠤᠬᠢᠶᠠᠯ᠎ᠤᠨ ᠨᠡᠢᠭᠡᠮᠯᠢᠭ᠂ ᠳᠠᠭᠤᠴᠢᠳ᠎ᠤᠨ ᠨᠡᠢᠭᠡᠮᠯᠢᠭ᠂ ᠳᠠᠭᠤᠤ ᠬᠦᠭᠵᠢᠮ᠂ ᠤᠳᠬ᠎ᠠ ᠤᠷᠠᠯᠢᠭ᠎ᠤᠨ ᠡᠷᠳᠡᠮ ᠰᠢᠨᠵᠢᠯᠡᠬᠡᠨ᠎ᠤ ᠨᠡᠢᠭᠡᠮᠯᠢᠭ᠎ᠤᠨ ᠬᠡᠰᠢᠬᠦᠨ᠂ ᠬᠦᠯᠦᠨ ᠪᠤᠢᠷ ᠬᠤᠲᠠ᠎ᠶᠢᠨ ᠤᠳᠬ᠎ᠠ ᠵᠤᠬᠢᠶᠡᠯ ᠤᠳᠭ᠎ᠠ ᠤᠷᠠᠯᠢᠭ᠎ᠤᠨ ᠨᠡᠢᠬᠡᠮᠯᠢᠭ᠎ᠤᠨ ᠪᠠᠢᠩᠭᠤ᠎ᠶᠢᠨ ᠬᠡᠷᠡᠭ ᠡᠷᠬᠢᠯᠡᠭᠴᠢ ᠪᠤ·ᠳᠡᠮᠦᠷ᠎ᠡ ᠵᠤᠬᠢᠶᠠᠵᠦ᠂ ᠠᠶ᠎ᠠ᠎ᠶᠢ ᠤᠯᠤᠰ᠎ᠤᠨ ᠨᠢᠭᠡᠲᠦᠭᠡᠷ ᠳᠡᠰ᠎ᠤᠨ ᠠᠶᠠᠯᠭᠤᠴᠢᠨ ᠬᠠᠰᠶᠠᠲᠤᠭ᠎ᠠ ᠲᠠᠭᠠᠷᠠᠭᠤᠯᠵᠦ᠂ ᠬᠦᠭᠵᠢᠮ ᠨᠠᠢᠷᠠᠭᠤᠯᠤᠬᠴᠢ᠂ ᠳᠠᠭᠤᠴᠢᠨ ᠪᠠᠮᠪᠠᠷ ᠠᠩᠬ᠎ᠠ ᠳᠠᠭᠤᠯᠠᠵᠠᠢ᠃

— ᠪᠢ ᠲᠦᠪ ᠲᠸᠯᠸᠢᠰ ᠡᠴᠡ ᠲᠦᠬᠦᠢᠮ᠎ᠠ ᠡᠵᠢ᠎ᠶᠢᠨ 《ᠠᠷᠠᠳ᠎ᠤᠨ ᠵᠢᠱ᠌ᠢᠶᠡᠴᠢ》 ᠵᠢᠨ ᠢᠷᠠᠭᠤ ᠠᠯᠳᠠᠷ᠎ᠢᠶᠡᠷ ᠡᠩᠭᠡᠷ᠎ᠢᠶᠡᠨ ᠮᠢᠯᠢᠶᠠᠯᠭᠠᠬᠰᠠᠨ ᠰᠡᠳᠬᠢᠯ ᠬᠦᠳᠡᠯᠬᠡᠮ᠎ᠡ ᠮᠡᠳᠡᠭᠡᠯᠡᠯ᠎ᠢ ᠦᠵᠡᠭᠡᠳ᠂ ᠮᠤᠩᠭᠤᠯ ᠡᠵᠢ᠎ᠶᠢᠨ ᠦᠷᠦᠪᠴᠢ ᠵᠦᠭᠡᠯᠡᠨ ᠶᠡᠬᠡ ᠬᠠᠢᠷ᠎ᠠ᠎ᠳᠤ ᠤᠶᠠᠷᠠᠨ ᠳᠤᠬᠳᠤᠯᠵᠦ᠂ ᠳᠠᠷᠠᠭ᠎ᠠ ᠡᠳᠦᠷ ᠨᠢ ᠳᠠᠷᠤᠢ 《ᠲᠦᠬᠦᠢᠮ᠎ᠡ ᠡᠵᠢ》 ᠭᠡᠬᠦ ᠳᠠᠭᠤᠤ᠎ᠶᠢᠨ ᠰᠢᠯᠦᠭ᠎ᠢᠶᠠᠨ ᠵᠤᠬᠢᠶᠠᠵᠦ ᠭᠠᠷᠭᠠᠬᠰᠠᠨ ᠶᠤᠮ᠃ ᠲᠦᠬᠦᠢᠮ᠎ᠡ ᠡᠵᠢ᠎ᠶᠢᠨ ᠦᠭᠬᠢᠶᠡᠮᠦᠷ ᠰᠡᠳᠭᠢᠯ᠂ 《ᠤᠯᠤᠰ᠎ᠤᠨ ᠬᠡᠥᠬᠡᠳ》 ᠤ᠋ᠨ ᠦᠪᠦᠷ ᠮᠤᠩᠭᠤᠯ᠎ᠳᠤ ᠦᠰᠦᠨ ᠪᠤᠢᠵᠢᠬᠰᠠᠨ ᠦᠯᠢᠭᠡᠷ ᠶᠠᠪᠤᠳᠠᠯ ᠨᠢ ᠰᠡᠳᠬᠢᠯ ᠵᠢᠷᠦᠭᠡ᠎ᠶᠢ ᠬᠦᠨᠳᠡᠵᠦ᠂ ᠵᠤᠬᠢᠶᠠᠨ ᠪᠦᠲᠦᠭᠡᠯᠭᠡ᠎ᠶᠢᠨ ᠬᠤᠪᠢ᠎ᠳᠤ ᠡᠷᠴᠢ ᠬᠦᠴᠦᠨ ᠤᠯᠭᠤᠬᠰᠠᠨ ᠶᠤᠮ ᠭᠡᠵᠦ ᠪᠤ·ᠳᠡᠮᠦᠷ᠎ᠡ ᠵᠤᠬᠢᠶᠠᠨ ᠪᠦᠳᠦᠭᠡᠭᠰᠡᠨ ᠶᠠᠪᠤᠴᠠ ᠪᠠᠨ ᠡᠷᠭᠢᠴᠡᠬᠦᠯᠦᠨ᠎ᠡ᠃

《ᠲᠦᠬᠦᠢᠮ᠎ᠡ ᠡᠵᠢ》 ᠬᠡᠬᠦ ᠳᠠᠭᠤᠤ᠎ᠶᠢᠨ ᠰᠢᠯᠦᠭ᠎ᠢᠶᠡᠨ ᠵᠤᠬᠢᠶᠠᠵᠦ ᠭᠠᠷᠭᠠᠬᠰᠠᠨ᠎ᠤ ᠳᠠᠷᠠᠭ᠎ᠠ ᠪᠤ᠋·ᠲᠡᠮᠦᠷ᠎ᠡ ᠤᠯᠤᠰ᠎ᠤᠨ ᠨᠢᠭᠡᠳᠦᠭᠡᠷ ᠳᠡᠰ᠎ᠤᠨ ᠬᠦᠭᠵᠢᠮ᠎ᠤᠨ ᠵᠤᠬᠢᠶᠠᠯᠴᠢ ᠬᠠᠰᠶᠠᠳᠤᠭ᠎ᠠ᠎ᠶᠢ ᠡᠷᠢᠵᠦ ᠲᠤᠰ ᠳᠠᠭᠤᠤ᠎ᠳᠤ ᠠᠶ᠎ᠠ ᠵᠤᠬᠢᠶᠠᠵᠦ ᠦᠭᠬᠦᠨ᠎ᠡ ᠤᠤ?ᠭᠡᠬᠦ ᠬᠦᠰᠡᠯᠲᠡ ᠲᠠᠯᠪᠢᠬᠰᠠᠨ᠎ᠳᠤ᠂ ᠲᠦᠬᠦᠢᠮ᠎ᠡ ᠡᠵᠢ᠎ᠶᠢᠨ 28 《ᠤᠯᠤᠰ᠎ᠤᠨ ᠬᠡᠥᠬᠡᠳ》 ᠲᠠᠢ ᠠᠮᠢ ᠵᠠᠶᠠᠭ᠎ᠠ ᠪᠠᠨ ᠬᠤᠯᠪᠤᠵᠦ ᠶᠠᠪᠤᠬᠰᠠᠨ ᠦᠯᠢᠭᠡᠷ ᠦᠢᠯᠡ ᠶᠠᠪᠤᠳᠠᠯ᠎ᠢ ᠰᠡᠳᠬᠢᠯ ᠵᠢᠷᠦᠭᠡ ᠪᠡᠷ᠎ᠢᠶᠡᠨ ᠮᠡᠳᠡᠷᠡᠵᠦ ᠶᠠᠪᠤᠬᠰᠠᠨ ᠬᠠᠰᠶᠠᠲᠤᠭ᠎ᠠ᠄ 《ᠡᠨᠡ ᠴᠢᠨᠢ ᠠᠭᠤᠤ ᠶᠡᠬᠡ ᠡᠬᠡ ᠵᠢᠨ ᠬᠠᠢᠷ᠎ᠠ᠂ ᠵᠢᠷᠦᠬᠡᠨ ᠡᠴᠡ ᠠᠶᠠᠨᠳᠠᠭᠠᠨ ᠤᠨᠳᠤᠷᠤᠨ ᠭᠠᠷᠴᠦ ᠢᠷᠡᠬᠦ ᠠᠶᠠᠯᠭᠤ ᠪᠢᠰᠢᠥ?》 ᠬᠡᠳ ᠲᠤᠰ ᠳᠠᠭᠤᠤ᠎ᠶᠢᠨ ᠠᠶ᠎ᠠ᠎ᠶᠢ ᠵᠤᠬᠢᠶᠠᠬᠰᠠᠨ ᠬᠡᠳᠡᠭ᠃

ᠳᠡᠭᠡᠷ᠎ᠡ ᠵᠠᠭᠤᠨ᠎ᠤ ᠵᠢᠷᠠᠭᠠᠳ ᠣᠨ᠎ᠤ ᠡᠬᠢ᠎ᠪᠡᠷ᠂ ᠭᠤᠷᠪᠠᠨ ᠵᠢᠯ᠎ᠦᠨ ᠪᠠᠢᠭᠠᠯᠢ᠎ᠶ᠋ᠢᠨ ᠭᠠᠮᠱᠢᠭ᠎ᠤᠨ ᠬᠤᠭᠤᠴᠠᠭᠠᠨ᠎ᠳᠤ᠂ ᠥᠪᠥᠷ ᠮᠣᠩᠭᠣᠯ 3000 ᠭᠠᠷᠤᠶ ᠱᠠᠩᠬᠠᠶ ᠵᠢᠴᠢ ᠡᠷᠬᠢᠨ ᠲᠣᠭᠣᠷᠢᠨ᠎ᠤ ᠭᠠᠵᠠᠷ ᠣᠷᠣᠨ᠎ᠤ ᠥᠨᠥᠴᠢᠨ ᠬᠡᠦᠬᠡᠳ᠎ᠢ ᠦᠷᠡᠴᠢᠯᠡᠨ ᠳᠡᠵᠢᠭᠡᠵᠦ᠂ ᠮᠠᠯᠴᠢᠳ ᠲᠡᠳᠡᠨ᠎ᠢ 《ᠤᠯᠤᠰ᠎ᠤᠨ ᠬᠡᠦᠬᠡᠳ》 ᠭᠡᠵᠦ᠍ ᠳᠣᠲᠣᠨᠣᠴᠢᠯᠠᠨ ᠳᠠᠭᠤᠳᠠᠳᠠᠭ᠃ ᠲᠤᠬᠠᠢ᠎ᠶᠢᠨ ᠦᠶ᠎ᠡ᠎ᠳᠤ ᠠᠷᠪᠠ ᠶᠢᠰᠦᠲᠡᠢ ᠲᠦᠬᠦᠢᠮ᠎ᠡ ᠳᠥᠷᠪᠡᠳ ᠬᠣᠱᠢᠭᠤᠨ᠎ᠤ ᠠᠰᠠᠷᠠᠨ ᠬᠥᠮᠦᠵᠢᠭᠦᠯᠬᠦ᠌ ᠬᠦᠷᠢᠶᠡᠯᠡᠩ᠎ᠳᠦ ᠠᠰᠠᠷᠠᠭ᠍ᠴᠢ᠎ᠪᠠᠷ ᠰᠣᠩᠭᠣᠭ᠍ᠳᠠᠵᠤ᠂ 28 ᠥᠨᠥᠴᠢᠨ ᠬᠡᠦᠬᠡᠳ᠎ᠢ ᠠᠰᠠᠷᠠᠨ ᠬᠠᠷᠠᠭᠠᠯᠵᠠᠬᠤ ᠬᠦᠨᠳᠦ ᠡᠬᠦᠷᠭᠡ᠎ᠶᠢ ᠵᠤᠷᠢᠬᠲᠠᠢ ᠪᠡᠷ ᠡᠬᠦᠷᠭᠡᠯᠡᠵᠦ᠂ ᠡᠳᠡᠭᠡᠷ᠎ᠬᠡᠥᠬᠡᠳ᠎ᠤᠨ 《ᠡᠵᠢ》ᠪᠤᠯᠵᠠᠢ᠃ ᠲᠡᠭᠦᠨ᠎ᠦ ᠨᠠᠷᠢᠨ ᠨᠢᠮᠪᠠᠢ ᠬᠠᠷᠠᠭᠠᠯᠵᠠᠯ ᠳᠣᠣᠷ᠎ᠠ᠂ 28 ᠥᠨᠥᠴᠢᠨ ᠬᠡᠦᠬᠡᠳ᠎ᠦᠨ ᠨᠢᠭᠡ ᠨᠢ ᠴᠦ᠍ ᠡᠪᠡᠳᠴᠢᠨ ᠡᠴᠡ ᠪᠤᠯᠵᠦ ᠵᠡᠮᠳᠡᠭ ᠪᠣᠯᠤᠭ᠍ᠰᠠᠨ ᠦᠭᠡᠢ᠂ ᠨᠡᠩ ᠴᠤ᠌ ᠵᠠᠭᠤᠷᠮᠠᠭ ᠨᠠᠰᠤᠯᠠᠭ᠍ᠰᠠᠨ ᠬᠥᠮᠦᠨ ᠪᠠᠢᠬᠤ ᠦᠭᠡᠢ᠃1974 ᠣᠨ᠎ᠳᠤ᠂ ᠲᠦᠬᠦᠢᠮ᠎ᠡ ᠲᠦᠷᠪᠡᠳ ᠬᠣᠱᠢᠭᠤᠨ᠎ᠤ ᠡᠮᠨᠡᠯᠭᠡ᠎ᠶ᠋ᠢᠨ ᠬᠣᠷᠢᠶᠠᠨ᠎ᠤ ᠰᠤᠷᠤᠯᠴᠠᠯᠭ᠎ᠠ ᠪᠣᠯᠪᠠᠰᠤᠷᠠᠯ᠎ᠳᠤ ᠣᠷᠣᠯᠴᠠᠵᠤ᠂ ᠰᠡᠭᠦᠯᠡᠷ ᠨᠢ ᠲᠤᠬᠠᠢ᠎ᠶ᠋ᠢᠨ ᠭᠠᠵᠠᠷ᠎ᠤᠨ ᠠᠯᠳᠠᠷᠲᠤ ᠬᠥᠩᠭᠡᠵᠢᠭᠦᠯᠬᠦ᠌ ᠰᠠᠯᠠᠭᠠᠨ᠎ᠤ ᠡᠮᠴᠢ ᠪᠤᠯᠵᠤ᠂ ᠤᠷᠢᠳ ᠬᠣᠵᠢᠳ 40 ᠭᠠᠷᠤᠢ ᠵᠠᠯᠠᠭᠤ ᠡᠵᠢ᠎ᠶ᠋ᠢᠨ ᠠᠮᠢ ᠨᠠᠰᠤ᠎ᠶ᠋ᠢ ᠠᠪᠤᠷᠠᠪᠠ ᠁ ᠲᠦᠬᠦᠢᠮ᠎ᠡ ᠡᠵᠢ ᠥᠪᠡᠷ᠎ᠦᠨ ᠨᠢᠭᠡ ᠨᠠᠰᠦᠨ᠎ᠤ ᠦᠶ᠋ᠯᠡ ᠠᠵᠢᠯᠯᠠᠭ᠎ᠠ᠎ᠪᠠᠷ᠎ᠢᠶᠠᠨ ᠬᠥᠮᠦᠨ᠎ᠦ ᠶᠢᠷᠲᠢᠨᠴᠦ᠍᠎ᠶ᠋ᠢᠨ ᠶᠡᠬᠡ ᠬᠠᠢᠷ᠎ᠠ᠎ᠶ᠋ᠢ ᠲᠠᠢᠯᠪᠤᠷᠢᠯᠠᠪᠠ᠃

— ᠪᠢ ᠶᠡᠷᠦᠨᠢ ᠬᠦᠭᠵᠢᠮ ᠨᠠᠢᠷᠠᠭᠤᠯᠬᠤ ᠠᠵᠢᠯ᠎ᠢ᠎ᠬᠢᠳᠡᠭ ᠪᠤᠯᠬᠤᠷ ᠲᠤᠰ ᠳᠠᠭᠤᠤ᠎ᠶᠢᠨ ᠬᠦᠭᠵᠢᠮ᠎ᠢ ᠨᠠᠢᠷᠠᠭᠤᠯᠬᠤ ᠠᠵᠢᠯ᠎ᠢ ᠬᠦᠯᠢᠶᠡᠵᠦ ᠠᠪᠤᠬᠰᠠᠨ᠂ ᠲᠡᠭᠡᠭᠡᠳ ᠬᠦᠭᠵᠢᠮ ᠨᠠᠢᠷᠠᠭᠤᠯᠬᠤ ᠶᠠᠪᠤᠴᠠ᠎ᠳᠤ ᠲᠤᠰ ᠳᠠᠭᠤᠤ ᠨᠢ ᠮᠠᠰᠢ ᠬᠦᠨᠳᠦᠴᠡ ᠲᠠᠢ ᠰᠠᠨᠠᠬᠳᠠᠬᠤᠯᠠᠷ ᠦᠪᠡᠷ᠎ᠤᠨ ᠡᠷᠬᠡ ᠦᠬᠡᠢ ᠳᠠᠭᠤᠯᠠᠵᠦ ᠰᠢᠩᠬᠡᠬᠡᠬᠦ ᠠᠵᠢᠯ᠎ᠢ ᠴᠦ᠍ ᠬᠦᠯᠢᠶᠡᠵᠦ ᠠᠪᠴᠠᠢ᠃ ᠳᠠᠭᠤᠯᠠᠬᠤ᠎ᠦᠶ᠎ᠡ ᠪᠡᠷ ᠲᠦᠬᠦᠢᠮ᠎ᠡ ᠡᠵᠢ᠎ᠶᠢᠨ ᠨᠢᠭᠡ ᠨᠠᠰᠤᠨ᠎ᠤ ᠦᠢᠯᠡ ᠠᠵᠢᠯᠯᠠᠭ᠎ᠠ ᠨᠢ ᠨᠢᠳᠤᠨ᠎ᠳᠤ ᠲᠤᠳᠤᠷᠠᠨ ᠭᠠᠷ᠎ᠲᠤ ᠪᠠᠷᠢᠬᠳᠠᠬᠤ ᠰᠢᠥᠬᠠᠨ ᠪᠤᠯᠵᠦ ᠰᠡᠳᠬᠢᠯ ᠤᠶᠠᠷᠠᠨ ᠨᠢᠯᠪᠤᠰᠤ ᠤᠨᠠᠭᠠᠵᠦ ᠪᠠᠢᠬᠰᠠᠨ᠃ ᠡᠢᠮᠦ ᠡᠴᠡ ᠬᠦᠭᠵᠢᠮ ᠨᠠᠢᠷᠠᠭᠤᠯᠬᠤ ᠶᠠᠪᠤᠴᠠ᠎ᠳᠤ ᠡᠵᠢ ᠬᠦᠮᠦᠨ᠎ᠤ ᠡᠨᠡᠷᠢᠩᠬᠦᠢ ᠰᠡᠳᠬᠢᠯ᠂ ᠬᠦᠮᠦᠨ᠎ᠤ ᠶᠢᠷᠲᠢᠨᠴᠦ᠎ᠶᠢᠨ ᠶᠡᠬᠡ ᠬᠠᠢᠷ᠎ᠠ᠎ᠶᠢ ᠢᠯᠡᠳᠬᠡᠬᠦ ᠵᠤᠷᠢᠯᠭ᠎ᠠ ᠡᠴᠡ ᠤᠶᠠᠷᠠᠭᠤᠨ ᠡᠪᠬᠡᠷᠡᠬᠦᠨ ᠠᠲᠠᠯ᠎ᠠ ᠰᠦᠷ ᠲᠠᠯᠠᠢᠴᠠᠲᠠᠢ ᠰᠢᠮᠫᠤᠨᠢ ᠬᠦᠭᠵᠢᠮ ᠲᠠᠭᠠᠷᠠᠭᠤᠯᠬᠤ᠎ᠶᠢ ᠬᠢᠴᠢᠶᠡᠭᠰᠡᠨ ᠶᠤᠮ ᠭᠡᠵᠦ ᠬᠦᠭᠵᠢᠮ ᠨᠠᠢᠷᠠᠭᠤᠯᠤᠬᠴᠢ᠂ ᠲᠠᠭᠤᠴᠢᠨ ᠪᠠᠮᠪᠠᠷ ᠶᠠᠷᠢᠬᠰᠠᠨ ᠪᠢᠯᠡ᠃


QQ20241120-100203.png


ᠬᠦᠮᠦᠨᠴᠢ ᠦᠵᠡᠯ ᠪᠤᠷᠬᠠᠨ ᠰᠡᠳᠬᠢᠯ᠎ᠢᠶᠡᠷ

ᠬᠦᠬᠡᠷᠦᠬᠦᠢᠯᠡᠨ ᠲᠡᠵᠢᠭᠡᠭᠰᠡᠨ ᠬᠡᠥᠬᠡᠳ ᠤ᠋ᠳ

ᠬᠦᠯᠦᠰᠦ ᠬᠦᠴᠦ ᠪᠠᠨ ᠰᠢᠪᠬᠠᠵᠦ ᠪᠠᠢᠭᠠᠳ

ᠬᠦᠮᠦᠵᠢᠬᠦᠯᠵᠦ ᠶᠠᠪᠤᠬᠰᠠᠨ ᠡᠵᠢ ᠬᠦᠮᠦᠨ ᠶᠤᠮ

ᠬᠠᠢᠷ᠎ᠠ᠎ᠶᠢᠨ ᠲᠤᠯᠠᠭᠠᠨ ᠨᠦᠮᠦᠷᠢ ᠳ᠋ᠡᠭᠡᠨ

ᠬᠠᠮᠤᠵᠦ ᠪᠠᠬᠲᠠᠭᠠᠬᠰᠠᠨ ᠬᠡᠥᠬᠡᠳ ᠤ᠋ᠳ ᠲᠠᠢ

ᠬᠠᠳᠠᠭᠤ ᠵᠦᠭᠡᠯᠡᠨ ᠠᠮᠢᠳᠤᠷᠠᠯ᠎ᠤᠨ ᠬᠤᠷᠸ᠎ᠠ᠎ᠳᠤ

ᠬᠠᠯᠠᠰᠢᠷᠠᠬᠰᠠᠨ ᠦᠬᠡᠢ ᠡᠵᠢ ᠬᠦᠮᠦᠨ ᠶᠤᠮ

         ᠠᠭᠤᠤ ᠨᠡᠢᠰᠯᠡᠯ ᠪᠡᠭᠡᠵᠢᠩ ᠬᠤᠲᠠᠨ᠎ᠳᠤ

         ᠠᠷᠠᠳ᠎ᠤᠨ ᠵᠢᠱ᠌ᠢᠶᠡᠴᠢ ᠴᠤᠯᠠ ᠤᠯᠤᠬᠰᠠᠨ

         ᠠᠭᠤᠤ ᠤᠯᠤᠰ᠎ᠤᠨ ᠢᠷᠠᠭᠤ ᠠᠯᠳᠠᠷ ᠲᠠᠢ

         ᠠᠷᠠᠳ᠎ᠤᠨ ᠵᠢᠱ᠌ᠢᠶᠡᠴᠢ ᠲᠦᠬᠦᠢᠮ᠎ᠡ ᠡᠵᠢ᠃

ᠦᠪᠡᠷ᠎ᠤᠨ ᠬᠠᠯᠠᠭᠤᠨ ᠡᠪᠦᠷ ᠲᠡᠭᠡᠨ

ᠦᠬᠦᠭᠡᠷᠯᠡᠨ ᠦᠰᠭᠡᠭᠰᠡᠨ ᠠᠴᠢᠲᠦ ᠡᠵᠢ

ᠦᠨᠦᠴᠢᠨ ᠪᠠᠭ᠎ᠠ ᠱᠠᠩᠬᠠᠢ᠎ᠶᠢᠨ ᠬᠡᠥᠬᠡᠳ᠎ᠢ

ᠦᠨᠦᠰᠴᠦ ᠪᠦᠪᠡᠢᠯᠡᠭᠰᠡᠨ ᠡᠵᠢ ᠬᠦᠮᠦᠨ ᠶᠤᠮ

ᠡᠨᠡᠷᠢᠯ ᠵᠦᠭᠡᠯᠡᠨ ᠬᠠᠷᠠᠴᠠ ᠪᠡᠷ᠎ᠢᠶᠡᠨ

ᠡᠷᠬᠦᠵᠦ ᠪᠤᠢᠵᠢᠭᠤᠯᠤᠬᠰᠠᠨ ᠠᠴᠢᠲᠠᠨ ᠡᠵᠢ

ᠡᠷᠡᠨ ᠵᠠᠭᠤᠨ᠎ᠤ ᠰᠢᠯᠢᠳᠡᠭ ᠦᠢᠯᠡᠰ ᠲᠡᠭᠡᠨ

ᠡᠩᠭᠡᠷ᠎ᠤᠨ ᠮᠸᠳᠡᠯ ᠲᠠᠢ ᠡᠵᠢ ᠬᠦᠮᠦᠨ ᠶᠤᠮ

         (ᠲᠠᠬᠢᠯᠳᠠ)




ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号