ᠦᠨᠳᠦᠰᠦᠨ ᠪᠠᠢᠳᠠᠯ —
ᠵᠤᠬᠢᠶᠠᠨ ᠪᠦᠳᠦᠭᠡᠭ᠌ᠰᠡᠨ ᠴᠠᠭ ᠄ 2017 ᠤᠨ
ᠦᠭᠡ᠄ ᠰᠤᠷᠲᠠᠯᠲᠤ
ᠠᠶ᠎ᠠ᠄ ᠳᠦᠭᠦᠷᠡᠩᠵᠢᠷᠭᠠᠯ
ᠵᠤᠬᠢᠶᠠᠨ ᠪᠦᠳᠦᠭᠡᠭ᠌ᠰᠡᠨ ᠬᠡᠯᠪᠡᠷᠢ ᠄ ᠲᠡᠦᠭᠡ ᠵᠢᠨ ᠦᠨᠡᠨ ᠤᠴᠢᠷ ᠵᠢᠡᠷ ᠰᠡᠳᠦᠪᠯᠡᠨ ᠵᠤᠬᠢᠶᠠᠨ ᠪᠦᠲᠦᠭᠡᠪᠡ
ᠠᠶ᠎ᠠ᠎ᠶ᠋ᠢᠨ ᠤᠨᠴᠠᠯᠢᠭ᠄ ᠡᠭᠢᠯᠡᠯᠲᠡ ᠲᠡᠭᠦᠰᠭᠡᠯ᠎ᠤᠨ ᠬᠡᠰᠡᠭ᠎ᠲᠤᠨᠢ ᠴᠣᠭ᠍ᠯᠢᠭ ᠰᠦᠷᠯᠢᠭ ᠱᠢᠭ ᠠᠶ᠎ᠠ ᠲᠣᠬᠢᠷᠠᠭᠤᠯᠪᠠ
ᠲᠠᠭᠤᠤ᠎ᠶ᠋ᠢᠨ ᠲᠦᠷᠦᠯ ᠄ ᠵᠤᠬᠢᠶᠠᠯ᠎ᠤᠨ ᠲᠠᠭᠤᠤ
ᠠᠯᠳᠠᠷ —
ᠦᠪᠤᠷ ᠮᠤᠡᠭᠭᠤᠯ᠎ᠤᠨ ᠤᠷᠤᠨ ᠨᠤᠳᠤᠭ᠎ᠤᠨ ᠰᠤᠡᠭᠭᠤᠳᠠᠭ ᠲᠠᠭᠤᠤ ᠵᠢᠨ ᠨᠢᠭᠡ᠃
ᠦᠨᠡᠯᠡᠯᠳᠡ —
ᠶ᠋ᠢᠨ ᠬᠠᠢ (ᠥᠪᠥᠷ ᠮᠣᠩᠭᠤᠯ᠎ᠤᠨ ᠤᠷᠠᠯᠢᠭ ᠵᠦᠴᠦᠭᠡ᠎ᠶ᠋ᠢᠨ ᠬᠦᠷᠢᠶᠡᠯᠡᠩ᠎ᠤᠨ ᠳᠠᠭᠤᠤ ᠪᠥᠵᠢᠭ᠎ᠤᠨ ᠪᠦᠯᠭᠦᠮ᠎ᠤᠨ ᠵᠠᠯᠠᠭᠤ ᠳᠠᠭᠤᠴᠢᠨ᠂ ᠬᠥᠭ᠌ᠵᠢᠮ᠎ᠤᠨ ᠵᠣᠬᠢᠶᠠᠯᠴᠢ)
《ᠤᠴᠢᠷ᠎ᠲᠠᠢ ᠨᠢᠭᠡᠨ ᠵᠠᠬᠢᠳᠠᠯ》 ᠭᠡᠬᠦ᠌ ᠳᠠᠭᠤᠤ ᠪᠣᠯ ᠶᠡᠷᠦᠩᠬᠡᠢ ᠱᠦᠵᠢ ᠰᠢ᠎ᠶ᠋ᠢᠨ ᠫᠢᠩ᠎ᠠᠴᠠ ᠰᠥᠨᠢᠳ ᠪᠠᠷᠠᠭᠤᠨ ᠬᠤᠱᠢᠭᠤᠨ᠎ᠤ ᠤᠯᠠᠭᠠᠨᠮᠥ᠋ᠴᠢᠷ᠎ᠤᠨ ᠪᠦᠭᠦ᠌ ᠭᠡᠱᠢᠭᠦᠳ᠎ᠲᠤ ᠬᠠᠷᠢᠭᠤ ᠵᠠᠬᠢᠳᠠᠯ ᠢᠷᠡᠭᠦᠯᠦᠭ᠌ᠰᠡᠨ ᠰᠡᠳᠦᠪ᠎ᠢᠶᠠᠷ ᠠᠭᠤᠯᠭ᠎ᠠ ᠪᠤᠯᠭᠠᠵᠤ ᠵᠣᠬᠢᠶᠠᠭ᠍ᠰᠠᠨ ᠤᠯᠠᠭᠠᠨᠮᠦ᠋ᠴᠢᠷ᠎ᠲᠤ ᠲᠠᠯᠪᠢᠭ᠍ᠰᠠᠨ ᠬᠦᠰᠡᠯ ᠨᠠᠢᠳᠠᠯᠭ᠎ᠠ ᠪᠠ ᠬᠠᠢᠷ᠎ᠠ ᠬᠠᠯᠠᠮᠵᠢᠳᠤ ᠪᠠᠶᠠᠷᠯᠠᠨ ᠲᠠᠯᠠᠷᠬᠠᠭ᠍ᠰᠠᠨ᠂ ᠣᠮᠣᠭ᠍ᠰᠢᠨ ᠵᠣᠷᠢᠭ᠍ᠵᠢᠭ᠍ᠰᠠᠨ ᠪᠦᠲᠦᠭᠡᠯ ᠪᠣᠯᠣᠨ᠎ᠠ᠃ ᠲᠤᠰ ᠳᠠᠭᠤᠤ᠎ᠨᠢ ᠴᠠᠭ ᠦᠶ᠎ᠡ᠎ᠶ᠋ᠢᠨ ᠰᠡᠳᠦᠪ᠎ᠲᠠᠢ ᠨᠡᠢᠴᠡᠭ᠌ᠰᠡᠨ ᠤᠷᠠᠨ ᠪᠦᠲᠦᠭᠡᠯ᠂ ᠦᠭᠡ᠎ᠨᠢ ᠲᠣᠳᠣ ᠠᠪᠰᠠᠷ᠂ ᠳᠠᠭᠤᠤ᠎ᠶ᠋ᠢᠨ ᠠᠶᠠᠨ᠎ᠢ ᠴᠣᠪᠣᠭᠤᠯᠢᠭ ᠰᠠᠢᠬᠠᠨ᠂ ᠤᠯᠠᠭᠠᠨᠮᠥ᠋ᠴᠢᠷᠤᠨᠬᠢᠨᠤ ᠡᠭᠦᠷᠭᠡ ᠬᠠᠷᠢᠭᠤᠴᠠᠯᠭ᠎ᠠ᠎ᠪᠠᠨ ᠰᠠᠢᠲᠤᠷ ᠪᠡᠶᠡᠯᠡᠭᠦᠯᠵᠦ᠍᠂ ᠨᠠᠮ᠎ᠤᠨ ᠲᠦᠷᠦ᠍᠎ᠶ᠋ᠢᠨ ᠪᠣᠳᠣᠯᠭ᠎ᠠ᠎ᠶ᠋ᠢ ᠵᠥᠪ ᠤᠨᠤᠪᠴᠢᠳᠠᠢ᠎ᠪᠠᠷ ᠮᠠᠯᠴᠢᠨ ᠲᠦᠮᠡᠨ᠎ᠳᠤ ᠤᠬᠠᠭᠤᠯᠵᠤ᠂ ᠤᠳᠤ ᠦᠶ᠎ᠡ᠎ᠶ᠋ᠢᠨ ᠤᠷᠠᠯᠢᠭ᠎ᠤᠨ ᠹᠷᠤᠨᠲ᠎ᠲᠤ ᠠᠵᠢᠯᠯᠠᠵᠤ ᠪᠠᠢᠭ᠎ᠠ ᠵᠠᠯᠠᠭᠤ ᠤᠷᠠᠨ ᠪᠦᠲᠦᠭᠡᠯᠴᠢᠳ᠎ᠢᠶᠠᠨ ᠵᠣᠬᠢᠶᠠᠨ ᠪᠦᠲᠦᠭᠡᠯᠭᠡ᠎ᠳᠡᠭᠡᠨ ᠱᠢᠮᠳᠠᠵᠤ ᠠᠵᠢᠯ ᠦᠢᠯᠡᠰ᠎ᠢᠶᠠᠨ ᠲᠡᠭᠡᠳᠦᠯᠡᠭᠡᠷᠡᠢ ᠬᠡᠵᠦ᠍ ᠬᠦᠰᠡᠨ ᠨᠠᠢᠳᠠᠭ᠍ᠰᠠᠨ ᠰᠠᠨᠠᠭ᠎ᠠ ᠠᠬᠤᠢ᠎ᠶ᠋ᠢ ᠭᠦᠢᠴᠡᠳ ᠢᠯᠡᠷᠡᠭᠦᠯᠵᠦ᠍ ᠴᠢᠳᠠᠭ᠍ᠰᠠᠨ ᠳᠣᠷᠪᠢᠯᠢᠭ ᠪᠦᠲᠦᠭᠡᠯ ᠪᠣᠯᠣᠨ᠎ᠠ᠃
ᠦᠯᠢᠭᠡᠷ —
《ᠤᠴᠢᠷ᠎ᠲᠠᠢ ᠨᠢᠭᠡᠨ ᠵᠠᠬᠢᠳᠠᠯ》 ᠳᠠᠭᠤᠤ ᠨᠢᠭᠡᠨ ᠲᠡᠦᠬᠡᠲᠦ ᠴᠢᠨᠠᠷᠲᠠᠢ᠂ ᠬᠥᠱᠢᠶ᠎ᠡ ᠳᠤᠷᠠᠰᠭᠠᠯ᠎ᠤᠨ ᠴᠢᠨᠠᠷᠲᠠᠢ ᠬᠡᠷᠡᠭ ᠤᠴᠢᠷ᠎ᠲᠠᠢ ᠬᠤᠯᠪᠣᠭ᠍ᠳᠠᠨ᠎ᠠ᠃ ᠡᠨᠡ ᠬᠦ᠌ ᠤᠴᠢᠷ᠎ᠠᠴᠠ ᠪᠣᠯᠵᠤ᠂ ᠤᠯᠠᠭᠠᠨᠮᠥ᠋ᠴᠢᠷ ᠴᠣ ᠱᠢᠨ᠎ᠡ ᠬᠥᠭ᠌ᠵᠢᠯᠲᠡ᠎ᠶ᠋ᠢᠨ ᠴᠠᠭ ᠦᠶ᠎ᠡ᠎ᠳᠤ ᠣᠷᠣᠭ᠍ᠰᠠᠨ ᠶᠤᠮ᠃
2017 ᠣᠨ᠎ᠤ 11 ᠰᠠᠷ᠎ᠠ᠎ᠶ᠋ᠢᠨ 21 ᠤ᠋ ᠡᠳᠦᠷ᠂ ᠳᠠᠷᠤᠢ ᠤᠯᠠᠭᠠᠨᠮᠥ᠋ᠴᠢᠷ ᠪᠠᠢᠭᠤᠯᠤᠭ᠍ᠳᠠᠭ᠍ᠰᠠᠨ 60 ᠵᠢᠯ᠎ᠤᠨ ᠣᠢ᠎ᠶ᠋ᠢᠨ ᠪᠠᠶᠠᠷᠲᠤ ᠲᠣᠬᠢᠶᠠᠯᠳᠤᠭᠤᠯᠤᠨ᠂ ᠶᠡᠷᠦᠩᠬᠡᠢ ᠱᠦᠵᠢ ᠰᠢ᠎ᠶ᠋ᠢᠨ ᠫᠢᠩ ᠰᠥᠨᠢᠳ ᠪᠠᠷᠠᠭᠤᠨ ᠬᠤᠱᠢᠭᠤᠨ᠎ᠤ ᠤᠯᠠᠭᠠᠨᠮᠥ᠋ᠴᠢᠷ᠎ᠤᠨ ᠭᠡᠱᠢᠭᠦᠳ᠎ᠲᠤ ᠬᠠᠷᠢᠭᠤ ᠵᠠᠬᠢᠳᠠᠯ ᠢᠯᠡᠭᠡᠵᠦ᠍᠂ ᠤᠯᠠᠭᠠᠨᠮᠥ᠋ᠴᠢᠷ᠎ᠤᠨ ᠭᠡᠱᠢᠭᠦᠳ᠎ᠢ ᠨᠠᠮ᠎ᠤᠨ ᠠᠷᠪᠠ ᠶᠢᠰᠦᠳᠦᠭᠡᠷ ᠶᠡᠭᠡ ᠬᠤᠷᠠᠯ᠎ᠤᠨ ᠵᠣᠷᠢᠭ ᠰᠠᠨᠠᠭ᠎ᠠ᠎ᠪᠠᠷ ᠵᠢᠯᠣᠭᠤᠳᠤᠯᠭ᠎ᠠ ᠪᠤᠯᠭᠠᠵᠤ᠂ ᠤᠯᠠᠭᠠᠨᠮᠥ᠋ᠴᠢᠷ᠎ᠤᠨ ᠱᠢᠯᠢᠳᠡᠭ ᠤᠯᠠᠮᠵᠢᠯᠠᠯ᠎ᠢ ᠶᠡᠭᠡ᠎ᠪᠠᠷ ᠪᠠᠳᠠᠷᠠᠭᠤᠯᠤᠨ᠂ ᠠᠮᠢᠳᠤᠷᠠᠯ᠎ᠤᠨ ᠱᠢᠮᠡᠯᠢᠭ ᠬᠥᠷᠥᠰᠥᠨ᠎ᠳᠤ ᠦᠨᠳᠦᠰᠦᠯᠡᠵᠦ᠍᠂ ᠮᠠᠯᠴᠢᠨ ᠲᠦᠮᠡᠨ᠎ᠳᠤ ᠦᠢᠯᠡᠴᠢᠯᠡᠵᠦ᠍᠂ ᠤᠳᠭ᠎ᠠ ᠤᠷᠠᠯᠢᠭ᠎ᠤᠨ ᠱᠢᠨ᠎ᠡ ᠡᠭᠦᠳᠦᠯᠲᠡ᠎ᠶ᠋ᠢ ᠠᠬᠢᠭᠤᠯᠵᠤ᠂ ᠤᠯᠠᠨ ᠲᠦᠮᠡᠨ᠎ᠲᠠᠢ ᠣᠢᠷᠠᠲᠤᠭ᠍ᠰᠠᠨ᠂ ᠤᠯᠠᠨ ᠲᠦᠮᠡᠨ᠎ᠤ ᠳᠤᠮᠳᠠ ᠳᠡᠯᠭᠡᠷᠡᠵᠦ᠍ ᠲᠠᠭᠠᠱᠢᠶᠠᠭ᠍ᠳᠠᠭ᠍ᠰᠠᠨ ᠱᠢᠯᠢᠳᠡᠭ ᠪᠦᠲᠦᠭᠡᠯ᠎ᠢ ᠨᠡᠩ ᠤᠯᠠᠨ ᠵᠣᠬᠢᠶᠠᠨ ᠪᠦᠲᠦᠭᠡᠬᠦ᠌᠎ᠪᠠᠷ ᠴᠢᠷᠮᠠᠢᠵᠤ᠂ ᠥᠨᠢ ᠡᠭᠦᠷᠢᠳᠡ ᠲᠠᠯ᠎ᠠ ᠨᠤᠲᠤᠭ᠎ᠤᠨ 《ᠬᠤᠪᠢᠰᠭᠠᠯᠲᠤ ᠤᠳᠭ᠎ᠠ ᠤᠷᠠᠯᠢᠭ᠎ᠤᠨ ᠬᠥᠩᠭᠡᠨ ᠮᠣᠷᠢᠲᠤ ᠴᠡᠷᠢᠭ》 ᠪᠤᠯᠬᠤ᠎ᠶ᠋ᠢ ᠬᠦᠰᠡᠨ ᠨᠠᠢᠳᠠᠵᠠᠢ᠃
60 ᠵᠢᠯ᠎ᠤᠨ ᠲᠤᠷᠰᠢ ᠤᠯᠠᠭᠠᠨᠮᠥ᠋ᠴᠢᠷ ᠠᠷᠠᠳ ᠲᠦᠮᠡᠨ᠎ᠳᠤ ᠦᠢᠯᠡᠴᠢᠯᠡᠬᠦ᠌ ᠤᠭ ᠰᠠᠨᠠᠭ᠎ᠠ᠎ᠪᠠᠨ ᠪᠠᠷᠢᠮᠲᠠᠯᠠᠵᠤ᠂ ᠦᠢ ᠤᠯᠠᠨ ᠱᠢᠯᠢᠳᠡᠭ ᠪᠦᠲᠦᠭᠡᠯ᠎ᠢ ᠵᠣᠬᠢᠶᠠᠨ ᠪᠦᠲᠦᠭᠡᠭ᠌ᠰᠡᠨ ᠪᠥᠭᠡᠳ ᠨᠠᠮ᠎ᠤᠨ ᠱᠤᠭᠤᠮ ᠴᠢᠭ᠌ᠯᠡᠯᠲᠡ ᠲᠦᠷᠦ᠍᠎ᠶ᠋ᠢᠨ ᠪᠣᠳᠣᠯᠭ᠎ᠠ᠎ᠶ᠋ᠢ ᠤᠯᠠᠨ ᠲᠦᠮᠡᠨ᠎ᠳᠤ ᠤᠬᠠᠭᠤᠯᠤᠭ᠍ᠰᠠᠭᠠᠷ ᠢᠷᠡᠵᠡᠢ᠃ ᠶᠡᠷᠦᠩᠬᠡᠢ ᠱᠦᠵᠢ ᠡᠨᠡ ᠬᠦ᠌ ᠵᠣᠷᠢᠭ ᠰᠠᠨᠠᠭ᠎ᠠ᠎ᠶ᠋ᠢ 《ᠤᠯᠠᠭᠠᠨᠮᠥ᠋ᠴᠢᠷ᠎ᠤᠨ ᠵᠣᠷᠢᠭ ᠰᠠᠨᠠᠭ᠎ᠠ》 ᠭᠡᠵᠦ᠍ ᠣᠨᠣᠯᠵᠢᠭᠤᠯᠤᠭ᠍ᠰᠠᠨ ᠪᠥᠭᠡᠳ ᠪᠦᠭᠦ᠌ ᠣᠷᠣᠨ᠎ᠤ ᠡᠯ᠎ᠡ ᠡᠲᠡᠭᠡᠳ᠎ᠤᠨ᠎ᠬᠢᠨ᠎ᠢ ᠤᠯᠠᠭᠠᠨᠮᠥ᠋ᠴᠢᠷ᠎ᠤᠨ ᠵᠣᠷᠢᠭ ᠰᠠᠨᠠᠭ᠎ᠠ᠎ᠠᠴᠠ᠎ᠲᠠᠭᠠᠨ ᠰᠤᠷᠤᠯᠴᠠᠬᠤ ᠬᠡᠷᠡᠭ᠌ᠲᠡᠢ ᠭᠡᠵᠦ᠍ ᠤᠷᠢᠶᠠᠯᠠᠪᠠ᠃
ᠶᠡᠷᠦᠩᠬᠡᠢ ᠱᠦᠵᠢ᠎ᠶ᠋ᠢᠨ ᠬᠠᠷᠢᠭᠤ ᠵᠠᠬᠢᠳᠠᠯ᠎ᠢ ᠳᠤᠰᠤᠭ᠍ᠰᠠᠨ᠎ᠤ ᠳᠠᠷᠠᠭ᠎ᠠ᠂ ᠱᠢᠯᠢ᠎ᠶ᠋ᠢᠨ ᠭᠤᠣᠯ ᠠᠢᠮᠠᠭ᠎ᠤᠨ ᠡᠯ᠎ᠡ ᠤᠯᠠᠭᠠᠨᠮᠥ᠋ᠴᠢᠷ᠎ᠤᠨ᠎ᠬᠢᠨ ᠶᠡᠬᠡᠳᠡ ᠵᠣᠷᠢᠭ᠍ᠵᠢᠵᠤ᠂ ᠱᠢᠯᠢᠳᠡᠭ ᠰᠠᠢᠨ ᠪᠦᠲᠦᠭᠡᠯ ᠵᠣᠬᠢᠶᠠᠨ ᠪᠦᠲᠦᠭᠡᠬᠦ᠌ ᠡᠷᠴᠢᠮ᠎ᠢᠶᠠᠨ ᠴᠢᠩᠭᠠᠷᠠᠭᠤᠯᠤᠨ᠂ ᠤᠷᠢᠳ ᠬᠤᠵᠢᠳ ᠨᠡᠢᠳᠡ 104 ᠬᠤᠪᠢ ᠱᠢᠨ᠎ᠡ ᠪᠦᠲᠦᠭᠡᠯ ᠭᠠᠷᠭᠠᠭ᠍ᠰᠠᠨ᠎ᠤ ᠨᠢᠭᠡ᠎ᠨᠢ ᠳᠠᠷᠤᠢ ᠵᠡᠭᠦᠨ ᠦᠵᠦᠮᠦᠴᠢᠨ ᠬᠤᠱᠢᠭᠤᠨ᠎ᠤ ᠤᠯᠠᠭᠠᠨᠮᠥ᠋ᠴᠢᠷ᠎ᠤᠨ ᠳᠠᠭᠤᠤ 《ᠤᠴᠢᠷ᠎ᠲᠠᠢ ᠨᠢᠭᠡᠨ ᠵᠠᠬᠢᠳᠠᠯ》 ᠪᠠᠢᠯ᠎ᠠ᠃ ᠲᠤᠰ ᠳᠠᠭᠤᠤ᠎ᠶ᠋ᠢᠨ ᠦᠭᠡ᠎ᠶ᠋ᠢ ᠵᠡᠭᠦᠨ ᠦᠵᠦᠮᠦᠴᠢᠨ ᠬᠤᠱᠢᠭᠤᠨ᠎ᠤ ᠤᠯᠠᠭᠠᠨᠮᠥ᠋ᠴᠢᠷ᠎ᠤᠨ ᠨᠠᠮ᠎ᠤᠨ ᠡᠭᠦᠷ᠎ᠤᠨ ᠱᠦᠵᠢ ᠰᠤᠷᠲᠠᠯᠲᠤ ᠵᠣᠬᠢᠶᠠᠵᠤ᠂ ᠠᠶ᠎ᠠ᠎ᠶ᠋ᠢ᠎ᠨᠢ ᠬᠥᠯᠥᠨ ᠪᠤᠢᠷ ᠬᠤᠳᠠ᠎ᠶ᠋ᠢᠨ ᠱᠢᠨ᠎ᠡ ᠪᠠᠷᠭᠤ ᠵᠡᠭᠦᠨ ᠬᠤᠱᠢᠭᠤᠨ᠎ᠤ ᠤᠯᠠᠭᠠᠨᠮᠥ᠋ᠴᠢᠷ᠎ᠤᠨ ᠳᠡᠳ᠋ ᠳᠠᠷᠤᠭ᠎ᠠ ᠳᠦᠭᠦᠷᠡᠩᠵᠢᠷᠭᠠᠯ ᠵᠣᠬᠢᠶᠠᠵᠠᠢ᠃
ᠲᠤᠰ ᠳᠠᠭᠤᠤ᠎ᠶ᠋ᠢᠨ ᠦᠭᠡ᠎ᠶ᠋ᠢ ᠵᠣᠬᠢᠶᠠᠭ᠍ᠰᠠᠨ ᠲᠤᠬᠠᠢ᠎ᠪᠠᠨ ᠰᠤᠷᠲᠠᠯᠲᠤ᠌᠄ 《2017 ᠣᠨ᠎ᠳᠤ᠂ ᠰᠥᠨᠢᠳ ᠪᠠᠷᠠᠭᠤᠨ ᠬᠤᠱᠢᠭᠤᠨ᠎ᠤ ᠤᠯᠠᠭᠠᠨᠮᠥ᠋ᠴᠢᠷ᠎ᠤᠨ ᠭᠡᠱᠢᠭᠦᠳ ᠶᠡᠷᠦᠩᠬᠡᠢ ᠱᠦᠵᠢ ᠰᠢ᠎ᠶ᠋ᠢᠨ ᠫᠢᠩ᠎ᠤᠨ ᠬᠠᠷᠢᠭᠤ ᠵᠠᠬᠢᠳᠠᠯ᠎ᠢ ᠳᠤᠰᠤᠭ᠍ᠰᠠᠨ᠎ᠤ ᠳᠠᠷᠠᠭᠠᠬᠢ ᠨᠢᠭᠡ ᠭᠠᠷᠠᠭ᠎ᠤᠨ ᠲᠠᠷᠠᠭ᠎ᠠ ᠪᠢ ᠲᠤᠰ ᠳᠠᠭᠤᠤ᠎ᠶ᠋ᠢᠨ ᠦᠭᠡ᠎ᠶ᠋ᠢ ᠪᠢᠴᠢᠭ᠌ᠰᠡᠨ ᠶᠤᠮ᠃ ᠳᠠᠭᠤᠤ᠎ᠶ᠋ᠢᠨ ᠦᠭᠡ᠎ᠪᠠᠨ ᠵᠢᠷᠭᠢᠶ᠎ᠡ᠂ ᠰᠦᠯᠵᠢᠶ᠎ᠡ ᠳᠡᠭᠡᠷ᠎ᠡ ᠨᠡᠢᠲᠡᠯᠡᠭ᠌ᠰᠡᠨ᠎ᠳᠤ᠂ ᠱᠢᠨ᠎ᠡ ᠪᠠᠷᠭᠤ ᠵᠡᠭᠦᠨ ᠬᠤᠱᠢᠭᠤᠨ᠎ᠤ ᠤᠯᠠᠭᠠᠨᠮᠥ᠋ᠴᠢᠷ᠎ᠤᠨ ᠳᠠᠷᠤᠭ᠎ᠠ ᠴᠣᠯᠮᠣᠨ ᠨᠠᠳᠠ᠎ᠳᠤ ᠤᠲᠠᠰᠤ ᠢᠷᠡᠭᠦᠯᠵᠦ᠍᠂ ᠮᠢᠨᠤ ᠪᠢᠴᠢᠭ᠌ᠰᠡᠨ ᠱᠢᠯᠦᠭ᠎ᠢ ᠠᠪᠴᠤ᠌ ᠵᠠᠷᠤᠬᠤ᠎ᠪᠠᠷ ᠬᠡᠯᠡᠯᠴᠡᠵᠦ᠍ ᠲᠣᠭ᠍ᠲᠠᠭ᠍ᠰᠠᠨ》 ᠭᠡᠵᠦ᠍ ᠶᠠᠷᠢᠵᠤ ᠪᠢᠯᠡ᠃
ᠤᠷᠠᠯᠢᠭ᠎ᠤᠨ ᠪᠦᠲᠦᠭᠡᠯ ᠪᠣᠯ ᠴᠠᠭ ᠦᠶ᠎ᠡ᠎ᠶ᠋ᠢᠨ ᠪᠦᠲᠦᠭᠡᠭ᠌ᠳᠡᠬᠦᠨ ᠶᠤᠮ᠂ ᠪᠦᠲᠦᠭᠡᠯ ᠨᠢᠭᠡᠪᠦᠷᠢ᠎ᠳᠤ ᠴᠥᠮ ᠲᠤᠬᠠᠢ᠎ᠶ᠋ᠢᠨ ᠴᠠᠭ ᠦᠶ᠎ᠡ᠎ᠶ᠋ᠢᠨ ᠠᠬᠤᠢ ᠪᠠᠢᠳᠠᠯ᠎ᠢ ᠲᠤᠰᠭᠠᠵᠤ ᠪᠠᠢᠳᠠᠭ᠃ 《ᠤᠴᠢᠷ᠎ᠲᠠᠢ ᠨᠢᠭᠡᠨ ᠵᠠᠬᠢᠳᠠᠯ》 ᠴᠦ᠍ ᠴᠠᠭ ᠦᠶ᠎ᠡ᠎ᠶ᠋ᠢ ᠲᠤᠰᠭᠠᠭ᠍ᠰᠠᠨᠢᠶᠠᠷᠢᠶᠠᠨ ᠣᠨᠴᠠᠯᠠᠭ᠍ᠳᠠᠨᠠ᠃ ᠳᠠᠷᠤᠢ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠦᠨᠳᠦᠰᠦᠲᠡᠨ᠎ᠤ ᠲᠦᠷᠦ᠍᠎ᠶ᠋ᠢᠨ ᠪᠣᠳᠣᠯᠭ᠎ᠠ᠎ᠶ᠋ᠢᠨ ᠨᠢᠭᠡᠨ ᠢᠷᠠᠭᠤ ᠲᠤᠤᠯᠢᠰ ᠪᠤᠯᠬᠤ ᠶᠤᠮ᠃ ᠲᠤᠰ ᠳᠠᠭᠤᠤ᠎ᠶ᠋ᠢᠨ ᠠᠶ᠎ᠠ᠎ᠶ᠋ᠢ ᠵᠣᠬᠢᠶᠠᠭ᠍ᠰᠠᠨ ᠲᠤᠬᠠᠢ ᠳᠦᠭᠦᠷᠡᠩᠵᠢᠷᠭᠠᠯ᠄
— ᠱᠢᠨ᠎ᠡ ᠲᠤᠮᠳᠠᠳᠤ ᠤᠯᠤᠰ ᠪᠠᠢᠭᠤᠯᠤᠭ᠍ᠳᠠᠭ᠍ᠰᠠᠨ᠎ᠠᠴᠠ ᠨᠠᠭᠠᠰᠢ ᠡᠯ᠎ᠡ ᠦᠶ᠎ᠡ᠎ᠶ᠋ᠢᠨ ᠨᠠᠮ ᠲᠦᠷᠦ᠍᠎ᠶ᠋ᠢᠨ ᠤᠳᠤᠷᠢᠳᠭᠤ ᠬᠥᠮᠥᠰ ᠪᠦᠷ 《ᠤᠯᠠᠭᠠᠨᠮᠥ᠋ᠴᠢᠷ》 ᠭᠡᠬᠦ᠌ ᠡᠨᠡ ᠬᠦ᠌ ᠤᠷᠠᠯᠢᠭ᠎ᠤᠨ ᠪᠦᠯᠭᠦᠮ᠎ᠢ ᠢᠮᠠᠭ᠍ᠲᠠ ᠬᠠᠯᠠᠮᠵᠢᠯᠠᠭ᠍ᠰᠠᠭᠠᠷ ᠢᠷᠡᠵᠡᠢ᠃ ᠶᠡᠷᠦᠩᠬᠡᠢ ᠱᠦᠵᠢ ᠰᠢ᠎ᠶ᠋ᠢᠨ ᠫᠢᠩ᠎ᠤᠨ ᠬᠠᠷᠢᠭᠤ ᠵᠠᠬᠢᠳᠠᠯ᠎ᠨᠢ ᠮᠠᠨ᠎ᠤ ᠤᠷᠠᠯᠢᠭ᠎ᠤᠨ ᠡᠲᠡᠭᠡᠳ᠎ᠲᠤ ᠶᠡᠭᠡ ᠨᠥᠯᠥᠭᠡ᠎ᠲᠠᠢ ᠪᠠᠶᠠᠷ᠎ᠤᠨ ᠵᠠᠬᠢᠳᠠᠯ ᠪᠣᠯᠬᠤᠷ ᠮᠠᠨ᠎ᠤ ᠴᠣᠯᠮᠣᠨ ᠳᠠᠷᠤᠭ᠎ᠠ 《ᠰᠠᠢᠬᠠᠨ ᠶᠠᠪᠤᠳᠠᠯ ᠪᠣᠯᠵᠤ ᠪᠠᠢᠨ᠎ᠠ᠂ ᠴᠢ ᠤᠳᠤ ᠬᠤᠷᠳᠤᠬᠠᠨ ᠨᠢᠭᠡ ᠠᠶ᠎ᠠ ᠲᠠᠭᠠᠷᠠᠭᠤᠯᠵᠤ ᠵᠣᠬᠢᠶᠠᠭᠠᠷᠠᠢ!》 ᠭᠡᠵᠦ᠍ ᠵᠠᠬᠢᠭ᠍ᠰᠠᠨ ᠶᠤᠮ᠃ ᠡᠨᠡ ᠵᠠᠬᠢᠳᠠᠯ ᠮᠢᠨᠤ ᠰᠡᠳᠭᠢᠯ᠎ᠢ ᠲᠤᠬ᠍ᠳᠤᠯᠤᠭᠤᠯᠤᠬ᠍ᠰᠠᠨ ᠪᠣᠯᠬᠤᠷ ᠪᠢ ᠨᠢᠭᠡᠯᠡ ᠡᠳᠦᠷ᠎ᠤᠨ ᠳᠣᠲᠣᠷ᠎ᠠ ᠠᠶ᠎ᠠ᠎ᠪᠠᠨ ᠵᠣᠬᠢᠶᠠᠨ ᠭᠠᠷᠭᠠᠭ᠍ᠰᠠᠨ᠃ ᠡᠨᠡ ᠳᠠᠭᠤᠤ᠎ᠶ᠋ᠢᠨ ᠦᠭᠡ᠎ᠳᠤ ᠠᠶ᠎ᠠ ᠲᠠᠭᠠᠷᠠᠭᠤᠯᠬᠤ᠎ᠳᠠᠭᠠᠨ ᠡᠭᠢᠯᠡᠯᠲᠡ ᠲᠡᠭᠦᠰᠭᠡᠯ᠎ᠤᠨ ᠬᠡᠰᠡᠭ᠎ᠲᠤᠨᠢ ᠴᠣᠭ᠍ᠯᠢᠭ ᠰᠦᠷᠯᠢᠭ ᠱᠢᠭ ᠠᠶ᠎ᠠ ᠲᠣᠬᠢᠷᠠᠭᠤᠯᠪᠠ ᠭᠡᠵᠦ᠍ ᠶᠠᠷᠢᠵᠤ ᠪᠠᠢᠯ᠎ᠠ᠃
ᠲᠤᠰ ᠳᠠᠭᠤᠤ᠎ᠶ᠋ᠢ ᠱᠢᠨ᠎ᠡ ᠪᠠᠷᠭᠤ ᠵᠡᠭᠦᠨ ᠬᠤᠱᠢᠭᠤᠨ᠎ᠤ ᠤᠯᠠᠭᠠᠨᠮᠥ᠋ᠴᠢᠷ᠎ᠤᠨ ᠪᠢ᠊·ᠰᠠᠷᠠᠨ᠎ᠠ᠂ ᠰᠦ᠊·ᠰᠠᠷᠠᠨ᠎ᠠ᠂ ᠥᠨᠢᠪᠢᠯᠢᠭ᠂ ᠤᠷᠲᠤᠨᠠᠰᠤᠨ ᠨᠠᠷ ᠳᠠᠭᠤᠯᠠᠵᠠᠢ᠃ 《ᠮᠠᠨ᠎ᠤ ᠲᠦᠷᠪᠡᠭᠦᠯᠡ ᠣᠬᠤᠷᠬᠠᠨ ᠬᠤᠭᠤᠴᠠᠭᠠᠨ᠎ᠳᠤ ᠲᠤᠰ ᠳᠠᠭᠤᠤ᠎ᠪᠠᠨ ᠳᠠᠭᠤᠯᠠᠨ ᠰᠤᠷᠴᠤ᠌᠂ ᠭᠤᠷᠪᠠᠳᠤᠭᠠᠷ ᠡᠳᠦᠷᠲᠤᠨᠢ ᠲᠤᠬ᠍ᠯᠠᠯᠳᠠ᠎ᠶ᠋ᠢᠨ ᠲᠠᠢᠰᠠᠨ᠎ᠠ ᠳᠠᠭᠤᠯᠠᠭ᠍ᠰᠠᠨ》 ᠭᠡᠵᠦ᠍ ᠤᠷᠲᠤᠨᠠᠰᠤᠨ ᠶᠠᠷᠢᠵᠤ ᠪᠠᠢᠯ᠎ᠠ᠃

ᠤᠷᠢᠳᠤ᠎ᠶ᠋ᠢᠨ ᠪᠤᠭᠤᠷᠤᠯ ᠲᠡᠦᠬᠡ᠎ᠶ᠋ᠢ ᠤᠴᠢᠷᠯᠠᠵᠤ ᠶᠠᠷᠢᠭ᠍ᠰᠠᠨ ᠵᠠᠬᠢᠳᠠᠯ
ᠤᠷᠠᠯᠢᠭ ᠰᠣᠶᠣᠯ᠎ᠤᠨ ᠵᠠᠮ᠎ᠳᠤ ᠤᠶᠠᠩᠭ᠎ᠠ ᠨᠡᠮᠡᠭ᠌ᠰᠡᠨ ᠵᠠᠬᠢᠳᠠᠯ
ᠤᠯᠠᠭᠠᠨᠮᠥ᠋ᠴᠢᠷ᠎ᠤᠨ ᠦᠢᠯᠡᠰ᠎ᠲᠤ ᠤᠷᠮ᠎ᠠ ᠬᠠᠢᠷᠠᠯᠠᠭ᠍ᠰᠠᠨ ᠵᠠᠬᠢᠳᠠᠯ
ᠤᠯᠤᠰ᠎ᠤᠨ ᠲᠡᠷᠢᠭᠦᠯᠡᠭ᠌ᠴᠢ᠎ᠶ᠋ᠢᠨ ᠢᠯᠡᠭᠡᠭ᠌ᠰᠡᠨ ᠤᠴᠢᠷ᠎ᠲᠠᠢ ᠨᠢᠭᠡᠨ ᠵᠠᠬᠢᠳᠠᠯ ᠠ᠋
ᠬᠥᠬᠡ ᠮᠣᠩᠭᠤᠯ ᠨᠤᠲᠤᠭ᠎ᠲᠤ ᠬᠦᠦᠷᠨᠢᠯ ᠪᠣᠯᠤᠭ᠍ᠰᠠᠨ ᠵᠠᠬᠢᠳᠠᠯ
ᠬᠥᠩᠭᠡᠨ ᠮᠣᠷᠢᠲᠤ ᠴᠡᠷᠢᠭ᠎ᠤᠨ ᠬᠥᠲᠥᠯᠪᠦᠷᠢ ᠪᠣᠯᠤᠭ᠍ᠰᠠᠨ ᠵᠠᠬᠢᠳᠠᠯ
ᠬᠤᠪᠢᠰᠭᠠᠯ᠎ᠤᠨ ᠲᠡᠷᠡ ᠦᠶ᠎ᠡ᠎ᠶ᠋ᠢᠨ ᠬᠦᠱᠢᠶ᠎ᠡ᠎ᠶ᠋ᠢ ᠳᠤᠷᠠᠳᠭᠠᠭ᠍ᠰᠠᠨ ᠵᠠᠬᠢᠳᠠᠯ
ᠬᠤᠯᠠ᠎ᠶ᠋ᠢᠨ ᠠᠯᠤᠰ ᠢᠷᠡᠭᠡᠳᠦᠢ᠎ᠶ᠋ᠢᠨ ᠬᠥᠭ᠌ᠵᠢᠯ᠎ᠢ ᠵᠢᠭᠠᠭ᠍ᠰᠠᠨ ᠵᠠᠬᠢᠳᠠᠯ ᠠ᠋
ᠱᠢᠨ᠎ᠡ ᠴᠠᠭ ᠦᠶ᠎ᠡ᠎ᠶ᠋ᠢᠨ ᠰᠣᠶᠣᠯ᠎ᠢ ᠪᠠᠳᠠᠷᠠᠭᠠᠭ᠍ᠰᠠᠨ ᠵᠠᠬᠢᠳᠠᠯ
ᠱᠢᠯᠢᠳᠡᠭ ᠮᠠᠨ᠎ᠤ ᠦᠨᠳᠦᠰᠦᠲᠡᠨ᠎ᠤ ᠰᠣᠳᠣ᠎ᠨᠢ ᠮᠠᠨᠳᠤᠭᠤᠯᠤᠭ᠍ᠰᠠᠨ ᠵᠠᠬᠢᠳᠠᠯ
ᠱᠢᠵᠢᠷ ᠭᠢᠯᠪᠠᠭ᠎ᠠ ᠰᠠᠴᠤᠷᠠᠭᠤᠯᠤᠭ᠍ᠰᠠᠨ ᠱᠢᠮ᠎ᠡ ᠬᠦᠴᠦ᠍᠎ᠲᠠᠢ ᠵᠠᠬᠢᠳᠠᠯ
ᠰᠢ ᠲᠡᠷᠢᠭᠦᠯᠡᠭ᠌ᠴᠢ᠎ᠶ᠋ᠢᠨ ᠢᠯᠡᠭᠡᠭ᠌ᠰᠡᠨ ᠱᠢᠳᠢ᠎ᠲᠠᠢ ᠨᠢᠭᠡᠨ ᠵᠠᠬᠢᠳᠠᠯ ᠠ᠋ ᠁

