ᠱᠢᠪᠠᠭᠤᠳ᠎ᠲᠤ ᠵᠠᠬᠢᠭ᠍ᠰᠠᠨ ᠢᠷᠤᠭᠡᠯ
2024-11-14 11:55:17
ᠵᠣᠬᠢᠶᠠᠭ᠍ᠴᠢ᠄
ᠪᠤᠤ ᠰᠠᠷᠠᠭᠤᠯ ᠬᠦᠨᠪᠢᠯᠢᠭ ᠬᠦᠰᠡᠯᠡᠡᠭ
ᠣᠩᠱᠢᠭ᠍ᠰᠠᠨ ᠣᠳᠠᠭ᠎ᠠ᠄
★★★☆☆

ᠦᠨᠲᠦᠰᠦᠨ ᠪᠠᠢᠲᠠᠯ —

ᠵᠣᠬᠢᠶᠠᠨ ᠪᠦᠲᠦᠭᠡᠭ᠌ᠰᠡᠨ ᠴᠠᠭ᠄ 2004 ᠣᠨ

ᠦᠭᠡ᠄ ᠼᠦᠢ ᠹᠦ᠋

ᠠᠶ᠎ᠠ᠄ ᠵᠣᠣ᠎ᠶ᠋ᠢᠨ ᠪᠤᠥ

ᠵᠣᠬᠢᠶᠠᠨ ᠪᠦᠲᠦᠭᠡᠭ᠌ᠰᠡᠨ ᠬᠡᠯᠪᠡᠷᠢ᠄ ᠬᠢᠲᠠᠳ ᠵᠢᠡᠷ ᠵᠣᠬᠢᠶᠠᠨ ᠪᠦᠲᠦᠭᠡᠵᠦ᠍᠂ ᠲᠠᠷᠠᠭ᠎ᠠ ᠨᠢ ᠮᠤᠩᠭᠤᠯᠴᠢᠯᠠᠪᠠ

ᠠᠶ᠎ᠠ᠎ᠶ᠋ᠢᠨ ᠣᠨᠴᠠᠯᠢᠭ᠄ ᠲᠠᠢᠪᠤᠩ ᠨᠠᠮᠤᠬᠠᠨ

ᠳᠠᠭᠤᠤ᠎ᠶ᠋ᠢᠨ ᠲᠥᠷᠥᠯ᠄ ᠵᠣᠬᠢᠶᠠᠯ᠎ᠤᠨ ᠳᠠᠭᠤᠤ


QQ截图20240904155222.png


QQ截图20241016104747.png


ᠦᠯᠢᠭᠡᠷ —

ᠡᠷᠲᠡ ᠴᠠᠭ᠎ᠲᠤ ᠬᠡᠭᠡᠷ᠎ᠡ᠎ᠶ᠋ᠢᠨ ᠭᠠᠯᠠᠭᠤ ᠨᠢᠰᠦᠭᠡᠳ ᠬᠦᠷᠬᠦ᠌ ᠦᠭᠡᠢ ᠠᠯᠤᠰ᠎ᠠᠴᠠ ᠬᠦᠮᠦᠨ᠎ᠤ ᠬᠦᠦ ᠡᠷᠳᠡᠮ ᠡᠪᠤᠷᠯᠡᠨ ᠪᠤᠴᠠᠳᠠᠭ ᠰᠡᠳᠭᠢᠯ ᠬᠦᠳᠡᠯᠭᠡᠵᠦ᠍ ᠵᠣᠷᠢᠭ᠎ᠢ ᠬᠦᠪᠴᠢᠯᠡᠭ᠌ᠰᠡᠨ ᠰᠠᠢᠬᠠᠨ ᠦᠯᠢᠭᠡᠷ ᠶᠠᠷᠢᠭ᠍ᠳᠠᠳᠠᠭ ᠪᠠᠢᠬᠰᠠᠨ ᠪᠣᠯ ᠡᠳᠦᠭᠡ ᠡᠷᠢᠨ᠎ᠳᠤ ᠠᠯᠤᠰ ᠬᠤᠯᠠ ᠬᠦᠮᠦᠨ᠎ᠤ ᠨᠤᠲᠤᠭ᠎ᠠᠴᠠ ᠠᠪᠤ ᠡᠵᠢ᠂ ᠨᠣᠲᠤᠭ ᠤᠰᠤ ᠪᠠᠨ ᠰᠠᠨᠠᠭᠠᠯᠵᠠᠨ᠂ ᠠᠶᠠᠨ᠎ᠤ ᠱᠢᠪᠠᠭᠤᠳ᠎ᠲᠤ ᠰᠡᠳᠭᠢᠯ᠎ᠤᠨ ᠦᠭᠡ᠎ᠪᠠᠨ ᠳᠠᠢᠯᠭᠠᠨ ᠡᠮᠵᠡᠭ᠌ᠭᠡᠨ ᠰᠡᠳᠭᠢᠯ᠎ᠢᠶᠠᠨ ᠠᠷᠭᠠᠳᠠᠭ᠍ᠰᠠᠨ ᠨᠢᠭᠡᠨ ᠰᠠᠢᠬᠠᠨ ᠠᠶ᠎ᠠ ᠳᠠᠭᠤᠤ᠎ᠶ᠋ᠢᠨ ᠲᠣᠬᠠᠢ ᠰᠤᠷᠪᠤᠯᠵᠢᠯᠠᠭ᠎ᠠ ᠬᠦᠷᠭᠡᠬᠦ᠌᠎ᠳᠤ ᠤᠷᠮ᠎ᠠ᠎ᠲᠠᠢ ᠪᠠᠢᠨ᠎ᠠ᠃

《ᠱᠢᠪᠠᠭᠤᠳ᠎ᠲᠤ ᠵᠠᠬᠢᠭ᠍ᠰᠠᠨ ᠢᠷᠤᠭᠡᠯ》 ᠳᠠᠭᠤᠤ᠎ᠶ᠋ᠢᠨ ᠱᠢᠯᠦᠭ᠎ᠢ ᠬᠢᠷᠢᠨ ᠮᠤᠵᠢ᠎ᠶ᠋ᠢᠨ ᠡᠮᠦᠨᠡᠳᠦ ᠭᠤᠷᠯᠤᠰ᠎ᠤᠨ ᠮᠤᠩᠭᠤᠯ ᠦᠨᠳᠦᠰᠦᠳᠡᠨ᠎ᠤ ᠦᠪᠡᠷᠳᠡᠭᠡᠨ ᠵᠠᠰᠠᠬᠤ ᠱᠢᠶᠠᠨ᠎ᠳᠤ ᠨᠤᠲᠤᠭ᠎ᠲᠠᠢ ᠮᠤᠩᠭᠤᠯ ᠬᠦᠮᠦᠨ ᠼᠦᠢ ᠹᠦ᠋ ᠪᠢᠴᠢᠵᠦ᠍᠂ ᠠᠶ᠎ᠠ᠎ᠶ᠋ᠢ᠎ᠨᠢ ᠭᠤᠷᠯᠤᠰ ᠨᠤᠲᠤᠭ᠎ᠲᠤ ᠳᠥᠴᠢ ᠭᠠᠷᠤᠢ ᠵᠢᠯ ᠠᠵᠢᠯᠯᠠᠵᠦ᠍ ᠠᠮᠢᠳᠤᠷᠠᠭ᠍ᠰᠠᠨ ᠤᠯᠤᠰ᠎ᠤᠨ ᠨᠢᠭᠡᠳᠦᠭᠡᠷ ᠳᠡᠰ᠎ᠤᠨ ᠠᠶᠠᠯᠭᠤ ᠵᠤᠬᠢᠶᠠᠭ᠍ᠴᠢ᠂ ᠳᠦᠩᠯᠢᠶᠤᠤ ᠨᠤᠲᠤᠭ᠎ᠲᠠᠢ ᠵᠣᠣ᠎ᠶ᠋ᠢᠨ ᠪᠦᠦ ᠵᠤᠬᠢᠶᠠᠵᠦ᠍᠂ ᠠᠯᠳᠠᠷᠲᠤ ᠳᠠᠭᠤᠴᠢᠨ ᠳᠡᠳᠮ᠎ᠠ᠎ᠶ᠋ᠢᠨ ᠳᠠᠭᠤᠤ ᠬᠤᠭᠤᠯᠠᠢ᠎ᠪᠠᠷ ᠬᠦᠮᠦᠨ ᠵᠤᠨ᠎ᠤ᠎ᠪᠠᠨ ᠰᠡᠳᠭᠢᠯ᠎ᠳᠤ ᠬᠦᠷᠴᠦ᠍ ᠪᠠᠢᠭ᠍ᠰᠠᠨ ᠪᠣᠯ ᠰᠡᠬᠦᠯ᠎ᠤᠨ ᠦᠶ᠎ᠡ᠎ᠳᠤ ᠦ᠊·ᠨᠠᠴᠢᠨ ᠨᠠᠷ ᠮᠤᠩᠭᠤᠯ ᠭᠡᠯᠡᠨ ᠳᠡᠭᠡᠷ᠎ᠡ ᠤᠷᠴᠢᠭᠤᠯᠵᠦ᠍᠂ ᠵᠠᠯᠠᠭᠤ ᠳᠠᠭᠤᠴᠢᠨ ᠴᠢ ᠹᠧᠩ᠂ ᠠᠮᠤᠭᠤᠯᠠᠩ᠂ ᠪᠠᠶᠠᠨᠪᠤᠯᠠᠭ ᠨᠠᠷ ᠬᠢᠲᠠᠳ ᠮᠣᠩᠭᠤᠯ ᠬᠤᠣᠰ ᠬᠡᠯᠡ᠎ᠪᠠᠷ ᠳᠠᠭᠤᠯᠠᠨ ᠳᠡᠯᠭᠡᠷᠡᠭᠦᠯᠦᠭ᠌ᠰᠡᠨ ᠪᠠᠢᠨ᠎ᠠ᠃

ᠼᠦᠢ ᠹᠦ᠋ ᠳᠣᠬᠠᠢ᠎ᠶ᠋ᠢᠨ ᠵᠢᠯ ᠴᠡᠷᠢᠭ᠎ᠲᠤ ᠮᠤᠷᠳᠠᠵᠦ᠍᠂ ᠠᠯᠤᠰ ᠬᠤᠯᠠ ᠭᠤᠸᠠᠩᠵᠧᠦ ᠬᠤᠳ᠋ᠨ᠎ᠳᠤ ᠤᠳᠠᠭᠠᠨ ᠵᠢᠯ ᠠᠮᠢᠳᠤᠷᠠᠬᠤ᠎ᠳᠠᠭᠠᠨ ᠤᠮᠠᠷᠠᠰᠢ ᠨᠢᠰᠭᠦ ᠠᠶᠠᠨ᠎ᠤ ᠱᠢᠪᠠᠭᠤᠳ᠎ᠤᠨ ᠭᠠᠩᠭᠠᠷ ᠭᠤᠩᠭᠤᠷ ᠳᠠᠭᠤᠨ᠎ᠢ ᠰᠣᠨᠣᠰᠭᠤ ᠪᠦᠷᠢ ᠨᠤᠲᠤᠭ᠎ᠢᠶᠠᠨ ᠰᠠᠨᠠᠭ᠍ᠰᠠᠨ ᠭᠦᠨ ᠮᠥᠷᠥᠭᠡᠳᠦᠯ᠎ᠳᠤ ᠵᠢᠪᠦᠳᠡᠭ ᠪᠠᠢᠵᠠᠢ᠃ ᠲᠥᠷᠥᠭ᠌ᠰᠡᠨ ᠨᠤᠲᠤᠭ ᠲᠥᠷᠥᠯ ᠰᠠᠳᠤᠨ᠎ᠢᠶᠠᠨ ᠳᠤᠷᠠᠰᠤᠨ ᠰᠠᠨᠠᠭᠠᠯᠵᠠᠭ᠍ᠰᠠᠨ ᠼᠦᠢ ᠹᠦ᠋ ᠡᠨᠡ ᠬᠦ᠌ ᠭᠦᠨ ᠵᠤᠵᠠᠭᠠᠨ ᠬᠠᠢᠷ᠎ᠠ ᠰᠡᠳᠭᠢᠯᠭᠡ᠎ᠪᠠᠨ ᠤᠶᠠᠩᠭ᠎ᠠ ᠱᠢᠯᠦᠭ᠎ᠢᠶᠠᠷ ᠢᠯᠡᠳᠭᠡᠵᠦ᠍᠂ ᠤᠯᠠᠨ ᠱᠢᠯᠦᠭ ᠲᠡᠷᠯᠡᠭ᠌ᠰᠡᠨ ᠪᠣᠯ 《ᠱᠢᠪᠠᠭᠤᠳ᠎ᠲᠤ ᠵᠠᠬᠢᠭ᠍ᠰᠠᠨ ᠢᠷᠦᠭᠡᠯ》᠎ᠨᠢ ᠲᠡᠳᠡᠭᠡᠷ᠎ᠤᠨ ᠳᠤᠳᠤᠷᠠᠬᠢ ᠨᠢᠭᠡ᠎ᠨᠢ ᠪᠠᠢᠭ᠍ᠰᠠᠨ᠃

《2004 ᠣᠨ᠎ᠳᠤ ᠼᠦᠢ ᠹᠦ᠋ ᠨᠠᠳᠠᠳᠦ 21 ᠳᠠᠭᠤᠤ᠎ᠶ᠋ᠢᠨ ᠱᠢᠯᠦᠭ᠎ᠢ ᠢᠯᠡᠭᠡᠵᠦ᠍᠂ ᠥᠪᠡᠷ᠎ᠤᠨ ᠲᠣᠭᠤᠭ᠍ᠰᠠᠨ ᠱᠢᠯᠦᠭ᠎ᠲᠡᠭᠡᠨ ᠠᠶ᠎ᠠ ᠲᠠᠭᠠᠷᠠᠭᠤᠯᠵᠤ ᠥᠭ᠌ᠬᠦ ᠪᠣᠯᠪᠠᠥ ᠭᠡᠰᠡᠨ ᠬᠦᠰᠡᠯᠲᠡ ᠲᠠᠯᠪᠢᠭ᠍ᠰᠠᠨ᠃ ᠪᠢ ᠲᠡᠷᠡ ᠣᠯᠠᠨ ᠱᠢᠯᠦᠭ ᠲᠣᠳᠤᠷ᠎ᠠ᠎ᠠᠴᠠ 〈ᠱᠢᠪᠠᠭᠤᠳ᠎ᠲᠤ ᠵᠠᠬᠢᠭ᠍ᠰᠠᠨ ᠢᠷᠦᠭᠡᠯ〉 ᠳᠠᠭᠤᠤ᠎ᠶ᠋ᠢᠨ ᠱᠢᠯᠦᠭ᠎ᠢ ᠦᠵᠡᠮᠡᠭ᠌ᠴᠡ ᠲᠣᠭᠤᠭ᠍ᠰᠠᠨ᠃ ᠤᠴᠢᠷ᠎ᠨᠢ ᠡᠨᠡ ᠬᠦ᠌ ᠱᠢᠯᠦᠭ ᠶᠠᠭ ᠯᠡ ᠨᠠᠳᠠ ᠱᠢᠭ᠋ ᠨᠤᠲᠤᠭ ᠤᠰᠤᠨ᠎ᠠᠴᠠ᠎ᠪᠠᠨ ᠠᠯᠤᠰ ᠬᠤᠯᠠ ᠠᠮᠢᠳᠤᠷᠠᠵᠤ ᠪᠠᠢᠭ᠎ᠠ ᠬᠦᠮᠦᠰ᠎ᠤᠨ ᠰᠡᠳᠭᠢᠯ᠎ᠢ ᠢᠯᠡᠳᠭᠡᠭ᠌ᠰᠡᠨ᠃ ᠪᠢ ᠭᠤᠷᠯᠤᠰ ᠨᠤᠲᠤᠭ᠎ᠲᠤ ᠳᠦᠴᠢᠨ ᠬᠡᠳᠦᠨ ᠵᠢᠯ ᠠᠮᠢᠳᠤᠷᠠᠬᠤ᠎ᠳᠠᠭᠠᠨ ᠦᠷᠬᠦᠯᠵᠢ ᠲᠦᠷᠦᠭᠦᠯᠵᠦ᠍ ᠦᠰᠭᠡᠭ᠌ᠰᠡᠨ ᠡᠵᠢ ᠠᠪᠤ᠂ ᠨᠤᠲᠤᠭ ᠤᠰᠤ᠎ᠪᠠᠨ ᠰᠠᠨᠠᠨ ᠭᠠᠩᠰᠠᠷᠠᠵᠤ ᠶᠠᠪᠤᠳᠠᠭ᠃ ᠲᠡᠭᠡᠬᠦ᠌᠎ᠪᠠᠷ᠎ᠢᠶᠠᠨ ᠡᠨᠡ ᠱᠢᠯᠦᠭ ᠮᠦᠨ ᠴᠦ᠍ ᠮᠢᠨᠤ ᠰᠡᠳᠭᠢᠯ᠎ᠤᠨ ᠳᠠᠭᠤᠨ》 ᠭᠡᠵᠦ᠍ ᠵᠣᠣ᠎ᠶ᠋ᠢᠨ ᠪᠣᠤ ᠶᠠᠷᠢᠨ᠎ᠠ᠃

ᠡᠢᠨᠬᠦ᠌ ᠵᠤᠤ᠎ᠶ᠋ᠢᠨ ᠪᠤᠤ ᠭᠤᠸᠠᠢ ᠳᠠᠷᠠᠭᠠᠯᠠᠨ ᠬᠡᠳᠦᠨ ᠡᠳᠦᠷ ᠲᠣᠰ ᠱᠢᠯᠦᠭ᠎ᠢ ᠭᠠᠷ ᠲᠠᠯᠪᠢᠯ ᠦᠭᠡᠢ ᠤᠩᠱᠢᠵᠦ᠍᠂ ᠭᠤᠷᠪᠠᠳᠤᠭᠠᠷ ᠡᠳᠦᠷ᠎ᠨᠢ ᠪᠢᠷ ᠬᠦᠳᠡᠯᠭᠡᠨ ᠬᠠᠭᠠᠰᠭᠠᠨ ᠴᠠᠭ᠎ᠤᠨ ᠳᠤᠳᠤᠷ᠎ᠠ ᠠᠶ᠎ᠠ᠎ᠶ᠋ᠢ᠎ᠨᠢ ᠪᠢᠴᠢᠵᠦ᠍ ᠭᠠᠷᠭᠠᠭ᠍ᠰᠠᠨ ᠶᠤᠮ᠃ 《ᠱᠢᠪᠠᠭᠤᠳ᠎ᠲᠤ ᠵᠠᠬᠢᠭ᠍ᠰᠠᠨ ᠢᠷᠤᠭᠡᠯ》 ᠭᠡᠬᠦ᠌ ᠳᠠᠭᠤᠤ᠎ᠶ᠋ᠢᠨ ᠦᠭᠡ᠎ᠨᠢ ᠡᠬᠡ ᠨᠤᠲᠤᠭ᠎ᠢᠶᠠᠨ ᠳᠤᠷᠠᠰᠤᠨ ᠰᠠᠨᠠᠭᠠᠯᠵᠠᠭ᠍ᠰᠠᠨ ᠰᠡᠳᠭᠢᠯᠭᠡ᠎ᠪᠠᠷ ᠪᠢᠯᠬᠠᠮ᠎ᠠ᠂ ᠬᠥᠭ ᠠᠶᠠᠰ᠎ᠨᠢ ᠤᠶᠠᠷᠠᠭᠤᠨ ᠵᠦᠭᠡᠯᠡᠨ᠃ 《ᠤᠰᠤᠨ᠎ᠤ ᠱᠢᠪᠠᠭᠤᠳ ᠪᠣᠴᠠᠬᠤ᠎ᠪᠠᠷ᠎ᠨᠢ᠂ ᠤᠶᠠᠬᠠᠨ ᠵᠢᠷᠦᠬᠡ᠎ᠶ᠋ᠢ ᠮᠢᠨᠢ ᠱᠢᠮᠱᠢᠷᠡᠭᠦᠯᠦᠭᠡᠳ ᠁ 》 ᠭᠡᠵᠦ᠍ ᠠᠶᠠᠯᠬᠤ᠎ᠲᠠᠢ ᠵᠡᠷᠭᠡ ᠰᠡᠳᠭᠢᠯ ᠭᠡᠭᠡᠯᠵᠡᠭᠦᠯᠬᠦ᠌ ᠨᠠᠮᠤᠷ᠎ᠤᠨ ᠬᠤᠩᠭᠤᠷ ᠰᠠᠯᠬᠢ ᠱᠢᠭ᠋ ᠥᠷᠥᠭᠡᠯ᠎ᠤᠨ ᠨᠤᠲᠤᠭ᠎ᠲᠤ ᠠᠮᠢᠳᠤᠷᠠᠯ ᠦᠢᠯᠡᠰ ᠬᠡᠮᠡᠨ ᠵᠢᠳᠭᠦᠵᠦ᠍ ᠶᠠᠪᠤᠭ᠎ᠠ ᠦᠢ ᠤᠯᠠᠨ 《ᠨᠡᠭᠦᠳᠡᠯᠴᠢᠳ》᠎ᠤ᠋ᠨ ᠬᠢᠵᠠᠭᠠᠯᠠᠰᠢ ᠦᠭᠡᠢ ᠮᠥᠷᠥᠭᠡᠳᠦᠯ᠎ᠢ᠎ᠨᠢ ᠬᠥᠪᠥᠷᠡᠬᠦᠯᠵᠦ᠍᠂ ᠰᠠᠨᠠᠭ᠍ᠰᠠᠨ ᠰᠡᠳᠭᠢᠯ᠎ᠨᠢ ᠠᠯᠢ ᠬᠡᠵᠢᠶᠡᠨᠡᠢ ᠠᠭᠤᠯᠠ ᠲᠣᠯᠤᠭᠠᠳ᠎ᠢ ᠳᠠᠪᠠᠵᠤ᠂ ᠰᠠᠨᠰᠠᠷ᠎ᠤᠨ ᠳᠤᠷᠭᠠᠨ ᠬᠤᠷᠮᠤᠢ᠎ᠳᠠᠬᠢ ᠰᠠᠢᠬᠠᠨ ᠭᠡᠷ᠎ᠲᠡᠭᠡᠨ ᠬᠦᠷᠴᠢᠭᠡᠭ᠌ᠰᠡᠨ ᠪᠠᠢᠳᠠᠭ᠃

《ᠱᠢᠪᠠᠭᠤᠳ᠎ᠲᠤ ᠵᠠᠬᠢᠭ᠍ᠰᠠᠨ ᠢᠷᠤᠭᠡᠯ》 ᠳᠠᠭᠤᠤ᠎ᠨᠢ ᠶᠠᠭ ᠯᠠ ᠷᠡᠱᠢᠶᠠᠨ ᠪᠤᠯᠠᠭ᠎ᠤᠨ ᠤᠰᠤ ᠱᠢᠭ᠋ 《ᠨᠡᠭᠦᠳᠡᠯᠴᠢᠨ》 ᠬᠡᠦᠬᠡᠳ᠎ᠤᠨ ᠨᠣᠲᠤᠭ᠎ᠢᠶᠠᠨ ᠰᠠᠨᠠᠭ᠍ᠰᠠᠨ ᠰᠡᠳᠭᠢᠯ᠎ᠢ ᠤᠮᠳᠠᠯᠠᠵᠤ᠂ ᠠᠭᠠᠷ᠎ᠤᠨ ᠨᠡᠷᠡᠨ᠎ᠤ ᠭᠡᠷᠡᠯ ᠱᠢᠭ ᠭᠡᠷ᠎ᠲᠡᠭᠡᠨ ᠬᠠᠷᠢᠬᠤ ᠵᠠᠮ᠎ᠢ᠎ᠨᠢ ᠭᠡᠷᠡᠯᠳᠦᠬᠦᠯᠵᠦ᠍ ᠪᠠᠢᠨ᠎ᠠ᠃ ᠢᠷᠡᠭᠡᠳᠦᠶ᠎ᠳᠤ ᠲᠡᠷᠡ᠎ᠨᠢ ᠡᠬᠡ ᠤᠯᠤᠰ᠎ᠤᠨ ᠥᠨᠴᠥᠭ ᠪᠤᠯᠤᠩ ᠪᠦᠷᠢ᠎ᠳᠤ ᠦᠷᠭᠦᠯᠵᠢᠯᠡᠨ ᠳᠠᠭᠤᠯᠠᠭ᠍ᠳᠠᠵᠤ᠂ ᠡᠵᠢ ᠨᠣᠲᠤᠭ ᠦᠷ᠎ᠡ ᠭᠤᠷᠪᠠ᠎ᠶ᠋ᠢᠨ ᠰᠡᠳᠭᠢᠯ᠎ᠢ ᠬᠤᠯᠪᠤᠭ᠍ᠰᠠᠨ ᠤᠶᠠᠩᠭ᠎ᠠ᠎ᠶ᠋ᠢᠨ ᠬᠦᠬᠦᠷᠭᠡ ᠪᠣᠯᠬᠤ᠎ᠨᠢ ᠳᠠᠮᠵᠢᠭ ᠦᠭᠡᠢ᠃


ᠦᠨᠡᠯᠡᠯᠳᠡ—

ᠮᠠᠨᠳᠤᠯᠳᠦ (ᠬᠦᠬᠡᠬᠤᠳᠠ ᠦᠨᠳᠦᠰᠦᠳᠡᠨ᠎ᠤ ᠳᠡᠭᠡᠳᠦ ᠰᠤᠷᠭᠠᠭᠤᠯᠢ᠎ᠶ᠋ᠢᠨ ᠳᠠᠭᠤᠤ ᠬᠦᠭ᠌ᠵᠢᠮ ᠪᠦᠵᠢᠭ᠎ᠤᠨ ᠳᠡᠭᠡᠳᠦ ᠰᠤᠷᠭᠠᠭᠤᠯᠢ᠎ᠶ᠋ᠢᠨ ᠤᠷᠳᠤ᠎ᠶ᠋ᠢᠨ ᠳᠠᠭᠤᠤ᠎ᠶ᠋ᠢᠨ ᠪᠠᠭ᠍ᠰᠢ᠂ ᠤᠷᠠᠯᠢᠭ ᠰᠤᠳᠤᠯᠤᠯ᠎ᠤᠨ ᠤᠬᠠᠭᠠᠨ᠎ᠤ ᠳ᠋ᠤᠺᠲ᠋ᠤᠷ)

ᠲᠤᠰ ᠳᠠᠭᠤᠤ᠎ᠶ᠋ᠢᠨ ᠱᠢᠯᠦᠭ᠎ᠤᠨ ᠬᠤᠪᠢ᠎ᠳᠤ ᠮᠤᠩᠭᠤᠯ ᠨᠣᠲᠤᠭ᠎ᠤᠨ ᠬᠠᠪᠤᠷ ᠢᠷᠡᠵᠦ᠍ ᠨᠠᠮᠤᠷ ᠪᠤᠴᠠᠳᠠᠭ ᠤᠰᠤᠨ᠎ᠤ ᠱᠢᠪᠠᠭᠤᠳ᠎ᠢᠶᠠᠷ ᠨᠣᠲᠤᠭ ᠡᠵᠢ ᠬᠤᠶᠠᠷ᠎ᠲᠠᠭᠠᠨ ᠮᠡᠨᠳᠦ᠍᠎ᠶ᠋ᠢᠨ ᠵᠠᠬᠢᠶ᠎ᠠ ᠬᠦᠷᠭᠡᠵᠦ᠍ ᠪᠠᠢᠭ᠎ᠠ ᠰᠠᠢᠬᠠᠨ ᠰᠡᠳᠦᠪ ᠰᠤᠩᠭᠤᠯᠳᠠ᠎ᠲᠠᠢ ᠪᠣᠯ ᠠᠶᠠᠯᠭᠤ᠎ᠨᠢ ᠶᠠᠭ ᠯᠡ ᠱᠢᠯᠦᠭ᠎ᠢᠶᠠᠨ ᠣᠯᠵᠦ᠍᠂ ᠱᠢᠯᠦᠭ᠌ᠴᠢ᠎ᠶ᠋ᠢᠨ᠎ᠢᠶᠠᠨ ᠰᠠᠨᠠᠭ᠎ᠠ᠎ᠶ᠋ᠢ ᠳᠤᠰᠭᠠᠵᠦ᠍ ᠴᠢᠳᠠᠭ᠍ᠰᠠᠨ᠎ᠢᠶᠠᠷ ᠵᠢᠡᠨ ᠭᠤᠴᠤ᠌ ᠪᠤᠯᠤᠭ᠍ᠰᠠᠨ᠃ ᠬᠦᠮᠦᠨ᠎ᠤ ᠰᠠᠢᠬᠠᠨ ᠰᠡᠳᠭᠢᠯ ᠶᠠᠷᠦᠨᠢ ᠪᠠᠢᠭᠠᠯᠢ᠎ᠠᠴᠠ᠎ᠪᠠᠨ ᠳᠦᠷᠦᠳᠡᠭ᠃ ᠲᠡᠷᠡ ᠰᠠᠢᠬᠠᠨ ᠪᠠᠢᠭᠠᠯᠢ᠎ᠪᠠᠨ ᠬᠠᠷᠠᠵᠤ ᠱᠢᠯᠦᠭ᠎ᠨᠢ ᠮᠡᠨᠳᠦᠯᠡᠭ᠌ᠰᠡᠨ ᠪᠣᠯ ᠠᠶᠠᠯᠭᠤ᠎ᠨᠢ ᠴᠦ᠍ ᠱᠢᠯᠦᠭ᠌ᠴᠢ᠎ᠶ᠋ᠢᠨ᠎ᠢᠶᠠᠨ ᠰᠠᠨᠠᠭ᠎ᠠ ᠠᠬᠤᠢ᠎ᠳᠤ ᠲᠤᠯᠭᠠᠭᠤᠷᠢᠯᠠᠭ᠍ᠰᠠᠨ ᠳᠠᠢᠪᠤᠩ ᠰᠠᠢᠬᠠᠨ ᠮᠤᠩᠭᠤᠯ ᠠᠶᠠᠯᠭᠤ ᠪᠣᠯᠤᠭ᠍ᠰᠠᠨ᠃ ᠦᠳᠡᠱᠢᠯᠡᠭᠡ ᠳᠤᠭ᠍ᠯᠠᠯᠳᠠ ᠬᠤᠷᠢᠮ ᠨᠠᠢᠷ᠎ᠢᠶᠠᠷ ᠦᠷᠬᠦᠯᠵᠢ ᠳᠠᠭᠤᠯᠠᠭ᠍ᠳᠠᠳᠠᠭ ᠮᠦᠷᠳᠡᠭᠡᠨ ᠶᠡᠭᠡ ᠰᠤᠷᠭᠠᠭᠤᠯᠢ᠎ᠶ᠋ᠢᠨ ᠪᠠᠭ᠍ᠰᠢ ᠨᠠᠷ ᠴᠦ᠍ ᠭᠡᠰᠡᠨ ᠰᠤᠷᠤᠭ᠍ᠴᠢᠳ᠎ᠲᠠᠭᠠᠨ ᠦᠷᠬᠦᠯᠵᠢ ᠵᠢᠭᠠᠳᠠᠭ ᠳᠠᠭᠤᠤ᠎ᠶ᠋ᠢᠨ ᠨᠢᠭᠡ᠃


ᠠᠯᠳᠠᠷ —

ᠦᠪᠤᠷ ᠮᠤᠡᠭᠭᠤᠯ᠎ᠤᠨ ᠤᠷᠤᠨ ᠨᠤᠳᠤᠭ᠎ᠤᠨ ᠰᠤᠡᠭᠭᠤᠳᠠᠭ ᠲᠠᠭᠤᠤ ᠵᠢᠨ ᠨᠢᠭᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号