ᠦᠨᠳᠦᠰᠦᠨ ᠪᠠᠢᠳᠠᠯ —
ᠵᠤᠬᠢᠶᠠᠨ ᠪᠦᠳᠦᠭᠡᠭ᠌ᠰᠡᠨ ᠴᠠᠭ᠄ 2001 ᠣᠨ
ᠦᠭᠡ᠄ ᠶᠠᠩ ᠶᠠᠨ ᠯᠧᠢ
ᠠᠶ᠎ᠠ᠄ ᠰᠡᠴᠡᠨᠴᠤᠭ᠍ᠳᠤ
ᠵᠤᠬᠢᠶᠠᠨ ᠪᠦᠳᠦᠭᠡᠭ᠌ᠰᠡᠨ ᠬᠡᠯᠪᠡᠷᠢ᠄ ᠬᠢᠲᠠᠳ ᠬᠡᠯᠡᠨ ᠲᠡᠭᠡᠷ᠎ᠡ ᠵᠤᠬᠢᠶᠠᠭ᠍ᠳᠠᠭᠠᠳ᠂ ᠲᠠᠢᠴᠢᠨ ᠮᠤᠩᠭᠤᠯᠴᠢᠯᠡᠪᠠ
ᠠᠶ᠎ᠠ᠎ᠶ᠋ᠢᠨ ᠤᠨᠴᠠᠯᠢᠭ᠄ ᠬᠦᠭ᠌ᠯᠢᠭ ᠪᠠᠶᠠᠰᠤᠩᠭᠤᠢ
ᠲᠠᠭᠤᠤ᠎ᠶ᠋ᠢᠨ ᠲᠦᠷᠦᠯ᠄ ᠵᠤᠬᠢᠶᠠᠯ᠎ᠤᠨ ᠲᠠᠭᠤᠤ


ᠦᠯᠢᠭᠡᠷ —
ᠬᠡᠷᠪᠡ ᠨᠢᠭᠡ ᠲᠠᠭᠤᠤ᠎ᠳᠤ ᠲᠡᠭᠦᠨ᠎ᠤ ᠵᠤᠬᠢᠶᠠᠭ᠍ᠳᠠᠭ᠍ᠰᠠᠨ ᠲᠡᠤᠬᠡᠳᠤ ᠡᠭᠦᠷᠭᠡ ᠬᠠᠷᠢᠭᠤᠴᠠᠯᠭ᠎ᠠ ᠭᠡᠵᠤ ᠪᠠᠢᠳᠠᠭ᠎ᠲᠤ ᠬᠦᠷᠪᠡᠯ᠂ 《ᠪᠢ ᠲᠠᠯ᠎ᠠ ᠨᠤᠳᠤᠭ᠎ᠲᠠᠢ᠎ᠪᠠᠨ ᠪᠣᠯᠵᠤᠭ᠎ᠠ᠎ᠲᠠᠢ》 ᠲᠠᠭᠤᠤ᠎ᠨᠢ ᠯᠠᠪᠳᠠᠢ ᠦᠪᠤᠷ ᠮᠤᠩᠭᠤᠯ᠎ᠤᠨ ᠰᠤᠶᠤᠯ ᠵᠢᠭᠤᠯᠴᠢᠯᠠᠯ᠎ᠤᠨ ᠦᠢᠯᠡᠰ᠎ᠤᠨ ᠲᠦᠯᠦᠭᠡ ᠵᠤᠬᠢᠶᠠᠭ᠍ᠳᠠᠭ᠍ᠰᠠᠨ ᠪᠠᠢᠵᠤ ᠲᠠᠭᠠᠷᠠᠨ᠎ᠠ᠃ 2005 ᠣᠨ᠎ᠠᠴᠠ 2008 ᠣᠨ ᠪᠤᠯᠳᠠᠯ᠎ᠠ᠂ ᠲᠤᠰ ᠲᠠᠭᠤᠤ ᠬᠡᠳᠤᠨ ᠵᠢᠯ ᠲᠠᠷᠠᠭᠠᠯᠠᠨ ᠦᠪᠤᠷ ᠮᠤᠩᠭᠤᠯ᠎ᠤᠨ ᠵᠤᠤ ᠵᠢᠶᠦ᠋ᠨ ᠤᠯᠠᠨ ᠤᠯᠤᠰ᠎ᠤᠨ ᠰᠤᠶᠤᠯ᠎ᠤᠨ ᠨᠠᠢᠷ᠎ᠤᠨ ᠲᠡᠭᠦᠰᠭᠡᠯ᠎ᠤᠨ ᠲᠠᠭᠤᠤ ᠪᠠᠷ ᠲᠤᠬ᠍ᠯᠠᠭ᠍ᠳᠠᠵᠤ᠂ 2006 ᠣᠨ᠎ᠳᠤ᠂ ᠦᠪᠡᠷᠳᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠠᠴᠠ 《ᠴᠢ ᠹᠧᠩ·ᠪᠢ ᠲᠠᠯ᠎ᠠ ᠨᠤᠲᠤᠭ ᠲᠠᠢ᠎ᠪᠠᠨ ᠪᠤᠯᠵᠤᠭ᠎ᠠ᠎ᠲᠠᠢ》 MV᠎ᠶ᠋ᠢ ᠦᠪᠡᠷᠳᠡᠭᠡᠨ ᠵᠠᠰᠠᠬᠤ ᠣᠷᠣᠨ᠎ᠤ ᠵᠢᠭᠤᠯᠴᠢᠯᠠᠯ᠎ᠤᠨ ᠲᠦᠷᠢ ᠳᠦᠷᠬᠦ᠌᠎ᠶ᠋ᠢᠨ ᠤᠬᠠᠭᠤᠯᠭ᠎ᠠ᠎ᠶ᠋ᠢᠨ ᠹᠢᠯᠢᠮ᠎ᠢᠶᠠᠷ ᠰᠤᠩᠭᠤᠬᠤ᠎ᠶ᠋ᠢᠨ ᠬᠠᠮᠲᠤ᠌᠂ ᠲᠠᠭᠤᠴᠢᠨ ᠴᠢ ᠹᠧᠩ᠎ᠢ ᠬᠠᠮᠤᠭ ᠠᠩᠬᠠᠨ᠎ᠤ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠵᠢᠭᠤᠯᠴᠢᠯᠠᠯ᠎ᠤᠨ ᠳᠦᠷᠢ ᠳᠦᠷᠬᠦ᠌᠎ᠶ᠋ᠢᠨ ᠡᠯᠴᠢ᠎ᠪᠠᠷ ᠰᠤᠩᠭᠤᠵᠠᠢ᠃
《ᠪᠢ ᠲᠠᠯ᠎ᠠ ᠨᠤᠳᠤᠭ᠎ᠲᠠᠢ᠎ᠪᠠᠨ ᠪᠣᠯᠵᠤᠭ᠎ᠠ᠎ᠲᠠᠢ》 ᠲᠠᠭᠤᠤ ᠬᠦᠭ᠌ᠯᠢᠭ ᠪᠠᠶᠠᠰᠤᠩᠭᠤᠢ ᠪᠦᠭᠡᠳ ᠷᠤᠮᠠᠨᠲ᠋ᠢᠭ ᠬᠡᠪ ᠨᠠᠮᠪᠠ᠎ᠲᠠᠢ᠂ ᠰᠤᠨᠤᠰᠤᠭ᠍ᠰᠠᠨ ᠪᠦᠬᠦᠨ᠎ᠤ ᠰᠡᠳᠭᠢᠯ᠎ᠢ ᠭᠡᠵᠢᠭᠡᠳᠡᠨ᠂ ᠲᠠᠯ᠎ᠠ ᠨᠤᠲᠤᠭ ᠤᠷᠤᠭᠤ ᠭᠡᠰᠡᠨ ᠮᠦᠷᠦᠭᠡᠳᠦᠯ᠎ᠢ᠎ᠨᠢ ᠬᠦᠪᠦᠯᠵᠡᠬᠦᠯᠳᠡᠭ᠃ 2001 ᠣᠨ᠎ᠤ ᠵᠤᠨ᠎ᠤ ᠰᠡᠭᠦᠯᠴᠢ᠎ᠪᠠᠷ ᠱᠧᠨᠶᠠᠩ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠫᠷᠤᠹᠧᠰᠰᠤᠷ ᠶᠠᠩ ᠶᠠᠨ ᠯᠧᠢ ᠱᠢᠯᠢ ᠶᠢᠨ ᠭᠣᠣᠯ᠎ᠳᠤ ᠬᠦᠷᠴᠦ᠍᠂ ᠲᠠᠯ᠎ᠠ ᠨᠤᠲᠤᠭ᠎ᠲᠠᠬᠢ ᠠᠩᠬᠠᠨ᠎ᠤ ᠠᠶᠠᠯᠠᠯ᠎ᠢᠶᠠᠨ ᠡᠬᠢᠯᠡᠭᠦᠯᠵᠡᠢ᠃ ᠬᠠᠷᠠᠭ᠎ᠠ ᠠᠯᠳᠠᠮ᠎ᠠ ᠠᠭᠤᠳᠠᠮ ᠲᠠᠯ᠎ᠠ᠂ ᠲᠠᠨ᠎ᠠ ᠰᠤᠪᠤᠳ ᠱᠢᠭ᠋ ᠪᠡᠯᠴᠢᠬᠦ᠌ ᠲᠠᠪᠤᠨ ᠬᠤᠱᠢᠭᠤ ᠮᠠᠯ᠂ ᠨᠠᠬᠢᠯᠵᠠᠨ ᠤᠷᠤᠰᠭᠤ ᠭᠤᠣᠯ ᠭᠤᠷᠤᠬ᠎ᠠ᠂ ᠨᠠᠢᠷᠰᠠᠭ ᠲᠤᠳᠤᠨᠤ ᠮᠠᠯᠴᠢᠨ ᠠᠷᠠᠳ ᠁ ᠤᠴᠠᠷᠠᠭ᠍ᠰᠠᠨ ᠪᠦᠬᠦᠨ ᠰᠡᠳᠭᠢᠯ᠎ᠢ᠎ᠨᠢ ᠲᠤᠭ᠍ᠳᠤᠯᠤᠭᠤᠯᠵᠤ᠂ ᠬᠠᠷᠠᠭ᠎ᠠ᠎ᠶ᠋ᠢ᠎ᠨᠢ ᠪᠠᠶᠠᠰᠭᠠᠭ᠍ᠰᠠᠭᠠᠷ ᠪᠠᠢᠪᠠ᠃
ᠲᠡᠷᠡ ᠬᠦᠳᠡᠭᠡ ᠨᠤᠲᠤᠭ᠎ᠤᠨ ᠬᠦᠮᠦᠨ ᠠᠷᠠᠳ᠎ᠤᠨ ᠲᠤᠬᠠᠢ ᠠᠯᠢ ᠤᠯᠠᠨ ᠲᠦᠷᠦᠭ᠌ᠳᠡᠯ᠎ᠢᠶᠠᠨ ᠤᠷᠠᠨ ᠪᠦᠳᠦᠭᠡᠯ᠎ᠤᠨ ᠬᠡᠯᠪᠡᠷᠢ᠎ᠪᠠᠷ ᠬᠦᠮᠦᠰ᠎ᠲᠤ ᠳᠡᠯᠭᠡᠨ ᠦᠵᠡᠭᠦᠯᠬᠦ᠌ ᠪᠠᠷ ᠱᠢᠢᠳᠴᠤ᠌᠂ ᠬᠠᠭᠠᠰᠬᠠᠨ ᠴᠠᠭ᠎ᠤᠨ ᠲᠤᠳᠤᠷ᠎ᠠ 《ᠪᠢ ᠲᠠᠯ᠎ᠠ ᠨᠤᠳᠤᠭ᠎ᠲᠠᠢ᠎ᠪᠠᠨ ᠪᠣᠯᠵᠤᠭ᠎ᠠ᠎ᠲᠠᠢ》 ᠲᠠᠭᠤᠤ ᠵᠢᠨ ᠦᠭᠡ᠎ᠶ᠋ᠢ ᠪᠢᠴᠢᠵᠦ᠍ ᠭᠠᠷᠭᠠᠵᠠᠢ᠃ 2001 ᠣᠨ᠎ᠤ 11 ᠰᠠᠷ᠎ᠠ᠎ᠳᠤ᠂ ᠤᠯᠤᠰ᠎ᠤᠨ ᠨᠢᠭᠡᠳᠦᠭᠡᠷ ᠳᠡᠰ᠎ᠤᠨ ᠠᠶ᠎ᠠ ᠵᠣᠬᠢᠶᠠᠭ᠍ᠴᠢ ᠰᠡᠴᠡᠨᠴᠤᠭ᠍ᠳᠤ᠂ ᠶᠠᠩ ᠶᠠᠨ ᠯᠸᠢ᠎ᠶ᠋ᠢᠨ ᠨᠠᠢᠳᠠᠯᠭ᠎ᠠ ᠪᠠᠷ ᠲᠤᠰ ᠲᠠᠭᠤᠤ᠎ᠶ᠋ᠢᠨ ᠠᠶ᠎ᠠ᠎ᠶ᠋ᠢ ᠵᠤᠬᠢᠶᠠᠪᠠ᠃ ᠲᠤᠬᠠᠢ᠎ᠶ᠋ᠢᠨ ᠦᠶᠡᠰ᠂ ᠶᠠᠩ ᠶᠠᠨ ᠯᠸᠢ᠎ᠶ᠋ᠢᠨ ᠶᠠᠪᠤᠭᠤᠯᠤᠭ᠍ᠰᠠᠨ ᠨᠡᠯᠢᠶᠡᠳ ᠬᠡᠳᠤᠨ ᠱᠢᠯᠦᠭ᠎ᠤᠨ ᠳᠤᠮᠳᠠ᠎ᠠᠴᠠ 《ᠪᠢ ᠲᠠᠯ᠎ᠠ ᠨᠣᠳᠤᠭ᠎ᠲᠠᠢ᠎ᠪᠠᠨ ᠪᠣᠯᠵᠤᠭ᠎ᠠ᠎ᠲᠠᠢ》 ᠭᠡᠰᠡᠨ ᠬᠡᠳᠤᠨ ᠦᠭᠡ ᠰᠡᠴᠡᠨᠴᠤᠬ᠍ᠳᠤᠶ᠋ᠢᠨ ᠵᠢᠷᠦᠬᠡ ᠰᠡᠳᠭᠢᠯ᠎ᠢ ᠬᠦᠨᠳᠡᠵᠦ᠍᠂ ᠱᠢᠯᠦᠭ᠎ᠤᠨ ᠮᠥᠷ ᠪᠠᠳᠠᠭ᠎ᠲᠤ ᠢᠯᠡᠷᠡᠭᠡ ᠦᠨᠡᠨᠴᠢ ᠲᠤᠳᠤᠨᠤ ᠠᠳᠠᠯ᠎ᠠ ᠤᠶᠠᠩᠭᠠᠯᠢᠭ ᠢᠷᠠᠭᠤ ᠦᠭᠡᠨᠦᠭᠦᠳ᠂ ᠬᠦᠳᠡᠭᠡ ᠨᠤᠲᠤᠭ᠎ᠲᠤ ᠲᠦᠷᠦᠵᠦ᠍ ᠦᠰᠦᠨ᠂ ᠠᠷᠤ ᠭᠡᠷ ᠠᠢᠯ ᠬᠤᠳᠠᠯᠠ᠎ᠪᠠᠨ ᠴᠠᠭ ᠢᠮᠠᠭ᠍ᠲᠠ ᠰᠡᠳᠭᠢᠯ᠎ᠳᠡᠭᠡᠨ ᠲᠡᠭᠡᠭᠡᠭ᠌ᠰᠡᠭᠡᠷ ᠶᠠᠪᠤᠭ᠎ᠠ ᠲᠡᠭᠦᠨ᠎ᠤ ᠪᠣᠳᠤᠯᠢ ᠠᠷᠭ᠎ᠠ ᠦᠭᠡᠢ ᠯᠡ ᠨᠤᠲᠤᠭ ᠤᠷᠤᠭᠤ᠎ᠨᠢ ᠵᠠᠯᠠᠬᠤ᠎ᠶ᠋ᠢᠨ ᠵᠡᠷᠭᠡᠴᠡᠭᠡ᠂ ᠨᠢᠭᠡ ᠨᠢᠭᠡ᠎ᠪᠠᠷ ᠬᠦᠪᠦᠷᠡᠨ ᠤᠨᠳᠤᠷᠬᠤ ᠬᠦᠭ᠌ᠵᠢᠮ᠎ᠤᠨ ᠨᠣᠲ᠎ᠤᠳ᠂ ᠮᠦᠷ ᠮᠦᠷ᠎ᠢᠶᠠᠷ ᠪᠣᠳᠤᠯ᠎ᠤᠨ ᠶᠢᠷᠳᠢᠨᠴᠤ᠎ᠳᠤᠨᠢ ᠵᠢᠭ᠌ᠳᠡᠷᠡᠭ᠌ᠰᠡᠭᠡᠷ᠂ ᠲᠦᠳᠡᠭᠡᠨ ᠵᠠᠭᠤᠷ᠎ᠠ᠎ᠶ᠋ᠢᠨ ᠬᠤᠭᠤᠷᠤᠨᠳᠤ 3/4 ᠶ᠋ᠢᠨ ᠴᠤᠬᠢᠯᠭ᠎ᠠ᠎ᠲᠠᠢ ᠬᠦᠭ᠌ᠯᠢᠭ ᠢᠷᠠᠭᠤ ᠠᠶ᠎ᠠ ᠵᠤᠬᠢᠶᠠᠭ᠍ᠳᠠᠵᠤ ᠭᠠᠷᠤᠭ᠍ᠰᠠᠨ ᠪᠠᠢᠯ᠎ᠠ᠃
— ᠲᠤᠰ ᠲᠠᠭᠤᠤ ᠠᠩᠬ᠎ᠠ 2002 ᠣᠨ᠎ᠳᠤ ᠲᠠᠭᠤᠴᠢᠨ ᠮᠠᠰᠢ᠎ᠶ᠋ᠢᠨ ᠪᠡᠶ᠎ᠡ ᠲᠠᠭᠠᠭᠠᠭ᠍ᠰᠠᠨ ᠴᠤᠮᠤᠭ᠎ᠤᠨ ᠭᠤᠣᠯ ᠲᠠᠭᠤᠤ᠎ᠶ᠋ᠢᠨ ᠬᠤᠪᠢ᠎ᠪᠠᠷ ᠬᠦᠮᠦᠰ᠎ᠤᠨ ᠰᠤᠨᠤᠷ᠎ᠲᠤ ᠬᠦᠷᠴᠦ᠍᠂ ᠰᠡᠭᠦᠯᠡᠷ᠎ᠨᠢ ᠲᠠᠭᠤᠴᠢᠨ ᠴᠢ ᠹᠧᠩ ᠢᠵᠢᠯ ᠭᠠᠷᠴᠠᠭ ᠲᠠᠢ ᠬᠤᠪᠢ ᠬᠦᠮᠦᠨ᠎ᠤ ᠠᠩᠬᠠᠨ᠎ᠤ ᠴᠤᠮᠤᠭ᠎ᠢᠶᠠᠨ ᠲᠠᠷᠬᠠᠭᠠᠬᠤ᠎ᠶ᠋ᠢ ᠲᠠᠭᠠᠯᠳᠤᠨ᠂ ᠤᠯᠠᠨ ᠬᠦᠮᠦᠰ᠎ᠲᠤ ᠲᠠᠨᠢᠬ᠍ᠳᠠᠵᠤ᠂ ᠢᠳᠡᠭ ᠢᠳᠡᠭ᠎ᠢᠶᠠᠷ ᠤᠯᠤᠰ ᠲᠠᠶᠠᠭᠠᠷ᠎ᠲᠤ ᠠᠯᠳᠠᠷᠱᠢᠵᠤ ᠡᠬᠢᠯᠡᠭ᠌ᠰᠡᠨ ᠶᠤᠮ ᠭᠡᠵᠦ᠍ ᠰᠡᠴᠡᠨᠴᠤᠭ᠍ᠳᠤ ᠤᠴᠢᠷᠯᠠᠨ᠎ᠠ᠃
— ᠠᠵᠤ ᠠᠬᠤᠢ ᠨᠡᠢᠭᠡᠮ᠎ᠤᠨ ᠬᠦᠭ᠌ᠵᠢᠯᠲᠡ᠎ᠶ᠋ᠢ ᠲᠠᠭᠠᠯᠳᠤᠨ ᠮᠠᠨ᠎ᠤ ᠲᠠᠯ᠎ᠠ ᠨᠤᠲᠤᠭ᠎ᠢᠶᠠᠨ ᠲᠠᠭᠤᠯᠠᠭ᠍ᠰᠠᠨ ᠲᠠᠭᠤᠤ ᠬᠦᠭ᠌ᠵᠢᠮ ᠴᠤ᠌ ᠬᠦᠭ᠌ᠯᠢᠭ᠂ ᠬᠤᠷᠳᠤᠴᠠ᠎ᠲᠠᠢ᠂ ᠪᠠᠶᠠᠰᠤᠩᠭᠤᠢ᠂ ᠷᠤᠮᠠᠨᠲ᠋ᠢᠭ ᠪᠠᠢᠳᠠᠯ᠎ᠢᠶᠠᠷ ᠢᠯᠡᠷᠡᠪᠡᠯ ᠴᠠᠭ ᠦᠶ᠎ᠡ᠎ᠶ᠋ᠢᠨ ᠤᠷᠤᠰᠭᠠᠯ᠎ᠳᠤ ᠨᠡᠩ ᠰᠠᠢᠨ᠎ᠢᠶᠠᠷ ᠨᠡᠢᠴᠡᠵᠦ᠍ ᠲᠡᠢᠯᠦᠨ᠎ᠡ ᠭᠡᠵᠦ᠍ ᠪᠢ ᠪᠤᠳᠤᠳᠠᠭ᠃ ᠡᠨᠡ ᠬᠦ᠌ ᠪᠤᠳᠤᠯ᠎ᠠᠴᠠ ᠡᠭᠦᠰᠴᠤ᠌᠂ ᠲᠤᠬᠠᠢ᠎ᠶ᠋ᠢᠨ ᠵᠢᠯ ᠲᠤᠰ ᠲᠠᠭᠤᠤ᠎ᠶ᠋ᠢ ᠬᠢᠬᠦ᠌᠎ᠳᠡᠭᠡᠨ ᠠᠶᠠᠯᠭᠤ ᠵᠤᠬᠢᠶᠠᠮᠵᠢ᠎ᠠᠴᠠ ᠡᠬᠢᠯᠡᠨ ᠲᠠᠭᠤᠯᠠᠬᠤ ᠬᠡᠪ ᠨᠠᠮᠪᠠᠳᠤ ᠬᠦᠷᠳᠡᠯ᠎ᠡ᠂ ᠮᠠᠰᠢ ᠶᠡᠭᠡ ᠬᠦᠴᠦ᠍ ᠤᠷᠤᠭᠤᠯᠵᠤ᠂ 6/8᠎ᠶ᠋ᠢᠨ ᠴᠤᠬᠢᠯᠭ᠎ᠠ ᠲᠠᠢ ᠠᠶᠠᠰ᠎ᠢ ᠱᠢᠩᠭᠡᠭᠡᠬᠦ᠌᠎ᠶ᠋ᠢᠨ ᠲᠠᠭᠠᠤ᠎ᠳᠤ ᠲᠠᠭᠤᠯᠠᠬᠤ ᠠᠷᠭ᠎ᠠ ᠮᠠᠶᠢᠭ᠎ᠤᠨ ᠲᠠᠯ᠎ᠠ᠎ᠪᠠᠷ ᠵᠢᠩᠭᠢᠨᠢ ᠬᠤᠭᠤᠯᠠᠢ᠂ ᠬᠠᠭᠤᠷᠮᠠᠭ ᠬᠤᠭᠤᠯᠠᠢ᠎ᠶ᠋ᠢ ᠰᠤᠯᠪᠢᠴᠠᠭᠤᠯᠤᠨ ᠤᠶᠠᠯᠳᠤᠭᠤᠯᠬᠤ ᠱᠢᠨ᠎ᠡ ᠨᠢᠭᠡᠨ ᠢᠯᠡᠳᠭᠡᠬᠦ᠌ ᠠᠷᠭ᠎ᠠ ᠪᠠᠷ ᠲᠠᠭᠤᠤ᠎ᠶ᠋ᠢ ᠤᠯᠠᠮ ᠴᠤᠬ᠍ᠯᠢᠭ ᠪᠤᠯᠭᠠᠵᠤ ᠱᠢᠩᠭᠡᠭᠡᠭ᠌ᠰᠡᠨ᠂ ᠡᠳᠡᠭᠡᠷ ᠴᠢᠷᠮᠠᠢᠯᠭ᠎ᠠ᠎ᠶ᠋ᠢᠨ ᠬᠠᠷᠢᠭᠤ᠎ᠳᠤ ᠲᠤᠰ ᠲᠠᠭᠤᠤ ᠮᠠᠨᠢ ᠬᠦᠮᠦᠰ᠎ᠤᠨ ᠰᠡᠳᠭᠢᠯ᠎ᠳᠤ ᠬᠦᠷᠦᠭ᠌ᠰᠡᠨ ᠲᠠᠭᠤᠤ ᠪᠣᠯᠵᠤ ᠴᠢᠳᠠᠭ᠍ᠰᠠᠨ ᠭᠡᠵᠤ ᠴᠢ ᠹᠧᠩ ᠶᠠᠷᠢᠯ᠎ᠠ᠃
ᠦᠨᠡᠯᠡᠯᠳᠠ —
ᠪᠣᠤ ᠴᠢᠩ ᠴᠢᠩ (ᠦᠪᠤᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠲᠠᠭᠤᠤ ᠬᠦᠭ᠌ᠵᠢᠮ᠎ᠤᠨ ᠲᠡᠭᠡᠳᠤ ᠰᠤᠷᠭᠠᠭᠤᠯᠢ᠎ᠶ᠋ᠢᠨ ᠪᠠᠭ᠍ᠰᠢ᠂ ᠳᠤᠮᠳᠠᠳᠤ ᠤᠯᠤᠰ᠎ᠤᠨ ᠳᠠᠭᠤᠤ ᠬᠦᠭ᠌ᠵᠢᠮ᠎ᠤᠨ ᠲᠡᠭᠡᠳᠤ ᠰᠤᠷᠭᠠᠭᠤᠯᠢ᠎ᠶ᠋ᠢᠨ ᠳ᠋ᠤᠺᠲ᠋ᠤᠷ)
ᠲᠤᠰ ᠲᠠᠭᠤᠤ 2000 ᠣᠨ᠎ᠤ ᠡᠬᠢ ᠪᠡᠷ ᠮᠠᠨ᠎ᠤ ᠤᠷᠤᠨ᠎ᠤ ᠰᠤᠶᠤᠯ ᠵᠢᠭᠤᠯᠴᠢᠯᠠᠯ᠎ᠤᠨ ᠦᠢᠯᠡᠰ ᠠᠩᠬ᠎ᠠ ᠦᠷᠨᠢᠵᠦ᠍ ᠬᠦᠭ᠌ᠵᠢᠵᠦ᠍ ᠪᠠᠢᠭ᠎ᠠ ᠦᠶᠡᠰ ᠵᠤᠬᠢᠶᠠᠭ᠍ᠳᠠᠭ᠍ᠰᠠᠨ ᠲᠠᠭᠤᠤ ᠪᠣᠯᠤᠨ᠎ᠠ᠃ ᠲᠤᠰ ᠲᠠᠭᠤᠤ᠎ᠶ᠋ᠢᠨ ᠠᠶᠠᠨ᠎ᠢ 3/4 ᠶ᠋ᠢᠨ ᠴᠤᠬᠢᠯᠭ᠎ᠠ᠎ᠪᠠᠷ ᠪᠢᠴᠢᠭ᠌ᠳᠡᠵᠦ᠍᠂ 6/8 ᠶ᠋ᠢᠨ ᠴᠤᠬᠢᠯᠭ᠎ᠠ᠎ᠪᠠᠷ ᠱᠢᠩᠭᠡᠭᠡᠭ᠌ᠳᠡᠭ᠌ᠰᠡᠨ ᠪᠣᠯᠬᠤᠷ᠂ ᠮᠠᠰᠢ ᠪᠠᠶᠠᠰᠤᠩᠭᠤᠢ ᠴᠤᠭ᠍ᠯᠢᠭ ᠬᠡᠪ ᠨᠠᠮᠪᠠ᠎ᠲᠠᠢ᠃ ᠲᠠᠭᠤᠤ᠎ᠶ᠋ᠢᠨ ᠦᠭᠡ᠎ᠶ᠋ᠢᠨ ᠬᠤᠪᠢ᠎ᠳᠤ ᠠᠪᠴᠤ᠌ ᠬᠡᠯᠡᠬᠦ᠌᠎ᠳᠤ᠂ ᠲᠠᠯ᠎ᠠ ᠨᠤᠲᠤᠭ᠎ᠲᠠᠭᠠᠨ ᠭᠡᠰᠡᠨ ᠮᠦᠷᠦᠭᠡᠳᠦᠯ᠎ᠢᠶᠠᠨ ᠲᠤᠢᠯ᠎ᠤᠨ ᠷᠤᠮᠠᠨᠲ᠋ᠢᠭ᠎ᠢᠶᠠᠷ ᠢᠯᠡᠷᠭᠡᠢᠯᠡᠭ᠌ᠰᠡᠨ ᠪᠣᠯᠬᠤᠷ ᠬᠦᠮᠦᠰ᠎ᠲᠤ ᠮᠠᠰᠢ ᠤᠢᠷ᠎ᠠ ᠲᠤᠳᠤᠨᠤ ᠲᠦᠷᠦᠭ᠌ᠳᠡᠯ᠎ᠢ ᠣᠯᠭᠤᠳᠠᠭ᠃
ᠠᠯᠳᠠᠷ —
2007 ᠣᠨ᠎ᠳᠤ᠂ 《ᠰᠠᠷᠠᠨ᠎ᠠ》 ᠱᠠᠩᠨᠠᠯ᠎ᠢ ᠬᠦᠷᠳᠡᠵᠤ᠂ 2007 ᠣᠨ᠎ᠳᠤ᠂ ᠪᠦᠬᠦ᠌ ᠤᠯᠤᠰ᠎ᠤᠨ 《ᠲᠠᠪᠤᠨ ᠨᠢᠭᠡᠨ ᠢᠨᠵᠧᠨᠧᠷᠢᠩ᠎ᠤᠨ ᠱᠠᠩᠨᠠᠯ》᠎ᠳ᠋ᠤ ᠨᠡᠷ᠎ᠡ ᠲᠤᠷᠠᠳᠤᠭ᠍ᠳᠠᠪᠠ᠃ 2010 ᠣᠨ᠎ᠳᠤ᠂ ᠲᠦᠪ ᠲᠸᠯᠸᠢᠰ᠎ᠦᠨ ᠴᠠᠭᠠᠨ ᠰᠠᠷ᠎ᠠ ᠵᠢᠨ ᠦᠳᠡᠱᠢᠯᠡᠭᠡ ᠲᠡᠭᠡᠷ᠎ᠡ ᠲᠤᠭ᠍ᠯᠠᠭ᠍ᠳᠠᠪᠠ᠃