ᠦᠨᠳᠦᠰᠦᠨ ᠪᠠᠢᠳᠠᠯ —
ᠵᠤᠬᠢᠶᠠᠨ ᠪᠦᠳᠦᠭᠡᠭᠰᠡᠨ ᠴᠠᠬ᠄ 1999 ᠤᠨ
ᠦᠬᠡ᠄ ᠰᠢ᠊·ᠮᠦᠷᠡᠨ
ᠠᠶ᠎ᠠ᠄ ᠤᠯᠠᠭᠠᠠᠳᠤᠬ
ᠵᠤᠬᠢᠶᠠᠨ ᠪᠦᠳᠦᠭᠡᠭᠰᠡᠨ ᠬᠡᠯᠪᠡᠷᠢ᠄ ᠬᠢᠳᠠᠳ ᠵᠢᠡᠷ ᠵᠤᠬᠢᠶᠠᠨ ᠪᠦᠳᠦᠬᠡᠵᠦ᠂ ᠵᠠ᠊ ᠪᠠᠳᠤᠪᠠᠶᠠᠷ ᠮᠤᠩᠭᠤᠯᠴᠢᠯᠠᠪᠠ
ᠠᠶ᠎ᠠ ᠵᠢᠨ ᠤᠨᠴᠠᠯᠢᠬ᠄ ᠤᠷᠳᠤ ᠵᠢᠨ ᠲᠠᠭᠤᠤ ᠵᠢᠨ ᠤᠨᠴᠠᠯᠢᠬ ᠲᠠᠢ
ᠲᠠᠭᠤᠤ ᠵᠢᠨ ᠲᠦᠷᠦᠯ᠄ ᠵᠤᠬᠢᠶᠠᠯ ᠤ᠋ᠨ ᠲᠠᠭᠤᠤ


ᠦᠯᠢᠭᠡᠷ —
ᠰᠢ᠊·ᠮᠦᠷᠡᠨ ᠪᠤᠯ ᠲᠠᠢᠸᠠᠨ ᠤ᠋ ᠠᠯᠳᠠᠷᠳᠤ ᠢᠷᠠᠭᠤ ᠨᠠᠢᠷᠠᠬᠴᠢ᠃ ᠲᠡᠷᠡ ᠤᠯᠠᠨ ᠰᠠᠢᠬᠠᠨ ᠰᠢᠯᠦᠭ ᠵᠢᠡᠷ ᠵᠢᠡᠨ ᠬᠦᠮᠦᠰ ᠤ᠋ᠨ ᠵᠢᠷᠦᠬᠡ ᠰᠡᠳᠬᠢᠯ ᠢ ᠪᠠᠢᠯᠳᠤᠨ ᠲᠠᠭᠠᠭᠤᠯᠵᠤ᠂ ᠤᠯᠠᠨ ᠤ᠋ ᠬᠠᠢᠷ᠎ᠠ ᠪᠠᠬᠠᠷᠬᠠᠯᠢ ᠲᠠᠳᠠᠬᠰᠠᠭᠠᠷ ᠢᠷᠡᠭᠰᠡᠨ ᠶᠤᠮ᠃ ᠰᠢ᠊·ᠮᠦᠷᠡᠨ ᠤ᠋ ᠠᠪᠤ ᠡᠵᠢ ᠨᠢ ᠴᠦᠮ ᠮᠤᠩᠭᠤᠯ ᠦᠨᠳᠦᠰᠦᠳᠡᠨ᠃ ᠲᠡᠷᠡ ᠪᠡᠷ ᠪᠠᠭ᠎ᠠ ᠨᠠᠰᠤᠨ ᠳ᠋ᠠᠭᠠᠨ ᠠᠪᠤ ᠡᠵᠢ ᠪᠡᠨ ᠲᠠᠭᠠᠵᠤ ᠰᠸᠴᠤᠸᠠᠨ ᠡᠴᠨ ᠨᠠᠨᠵᠢᠩ᠂ ᠱᠠᠩᠬᠠᠢ ᠳ᠋ᠸ᠋ ᠬᠦᠷᠴᠦ᠂ ᠲᠠᠬᠢᠨ ᠰᠢᠶᠠᠩᠭᠠᠩ ᠡᠴᠨ ᠲᠠᠢᠸᠠᠨ ᠳ᠋ᠸ᠋ ᠬᠦᠷᠴᠡᠢ᠃ ᠲᠠᠢᠸᠠᠨ ᠳ᠋ᠸ᠋ ᠬᠦᠷᠦᠭᠰᠡᠨ ᠴᠠᠬ ᠡᠴᠨ ᠪᠡᠨ ᠠᠪᠤᠭᠠᠳ ᠲᠡᠳᠡ ᠨᠤᠳᠤᠬ ᠲᠠᠭᠠᠨ ᠪᠤᠴᠠᠬᠤ ᠵᠢ ᠮᠦᠷᠦᠬᠡᠳᠦᠭᠰᠡᠭᠡᠷ ᠢᠷᠡᠭᠰᠡᠨ ᠴᠦ᠍ ᠶᠡᠷᠦᠨᠢ ᠬᠦᠰᠡᠯ ᠵᠢᠡᠨ ᠪᠡᠶᠡᠯᠡᠬᠦᠯᠵᠦ ᠴᠢᠳᠠᠭ᠎ᠠ ᠦᠬᠡᠢ᠃ ᠰᠢ᠊·ᠮᠦᠷᠡᠨ 1989 ᠤᠨ ᠳ᠋ᠸ᠋ ᠡᠳᠦᠷ ᠤ᠋ᠨ ᠪᠤᠳᠤᠯ ᠰᠦᠨᠢ ᠵᠢᠨ ᠵᠡᠬᠦᠳᠦ ᠪᠤᠯᠤᠬᠰᠠᠨ ᠦᠪᠦᠷ ᠮᠤᠩᠭᠤᠯ ᠨᠤᠳᠤᠬ ᠲᠠᠭᠠᠨ ᠬᠦᠯ ᠲᠠᠯᠪᠢᠯ᠎ᠠ᠃ ᠰᠢ᠊·ᠮᠦᠷᠡᠨ ᠬᠡᠪᠢᠰ ᠠᠳᠠᠯᠢ ᠪᠡᠯᠴᠢᠭᠡᠷ ᠲᠡᠭᠡᠷ᠎ᠡ ᠡᠴᠨ ᠨᠢᠯᠬ᠎ᠠ ᠨᠤᠭᠤᠭ᠎ᠠ ᠵᠢ ᠲᠠᠰᠤᠯᠵᠤ ᠠᠪᠤᠭᠠᠳ ᠤᠳᠠᠳᠠᠯ᠎ᠠ ᠦᠨᠦᠰᠦᠭᠰᠡᠨ ᠭᠡᠳᠡᠭ᠃
ᠡᠨᠡ ᠬᠦ᠌ ᠰᠡᠳᠬᠢᠯ ᠬᠦᠳᠡᠯᠬᠡᠮ᠎ᠡ ᠦᠵᠡᠭᠳᠡᠯᠢ ᠦᠪᠦᠷ ᠮᠤᠩᠭᠤᠯ ᠤ᠋ᠨ ᠤᠳᠤᠨ ᠲᠸᠯᠸᠢᠰ ᠤ᠋ᠨ 《ᠲᠠᠯ᠎ᠠ ᠨᠤᠳᠤᠬ ᠤ᠋ᠨ ᠦᠯᠢᠬᠡᠷ ᠬᠠᠭᠤᠴᠢ》 ᠫᠷᠤᠭ᠌ᠷᠡᠮ ᠤ᠋ᠨ ᠬᠢᠨ ᠰᠢᠩᠬᠡᠬᠡᠨ ᠰᠡᠬᠦᠳᠡᠷᠯᠡᠵᠤ᠂ 1998 ᠤᠨ ᠤ᠋ ᠨᠠᠮᠤᠷᠤᠨ ᠨᠢᠭᠡᠨ ᠡᠳᠦᠷ ᠴᠡᠬᠡᠨ ᠬᠦᠰᠢᠬᠡ ᠪᠡᠷ ᠦᠵᠡᠭᠴᠢᠳ ᠲᠸ᠋ ᠲᠡᠪᠰᠢᠬᠦᠯᠵᠡᠢ᠃ ᠪᠡᠬᠡᠵᠢᠩ ᠳ᠋ᠸ᠋ ᠡᠪᠡᠳᠴᠢᠨ ᠵᠢᠡᠨ ᠰᠤᠪᠢᠯᠠᠵᠤ ᠪᠠᠢᠬᠰᠠᠨ ᠠᠯᠳᠠᠷᠳᠤ ᠲᠠᠭᠤᠴᠢᠨ ᠲᠡᠳᠮᠡ ᠴᠦ᠍ ᠡᠨᠡ ᠫᠷᠤᠭ᠌ᠷᠡᠮᠢ ᠤᠯᠵᠤ ᠦᠵᠡᠭᠡᠳ ᠰᠤᠨᠢᠷᠬᠠᠵᠠᠢ᠃ ᠲᠡᠳᠮᠡ ᠡᠨᠡ ᠬᠦ᠌ ᠬᠦᠳᠡᠬᠡ ᠲᠠᠯ᠎ᠠ ᠳ᠋ᠠᠭᠠᠨ ᠭᠦᠨ ᠬᠠᠢᠷᠠᠲᠠᠢ ᠪᠦᠰᠡᠬᠦᠢ ᠯᠤᠭᠡ ᠠᠭᠤᠯᠵᠠᠵᠤ ᠲᠠᠨᠢᠯᠴᠠᠬᠤ ᠪᠤᠳᠤᠯ ᠲᠦᠷᠦᠪᠡ᠃ ᠮᠠᠷᠭᠠᠰᠢ ᠨᠢ ᠠᠯᠳᠠᠷᠳᠤ ᠠᠶ᠎ᠠ ᠵᠤᠬᠢᠶᠠᠬᠴᠢ ᠤᠯᠠᠭᠠᠠᠳᠤᠬ ᠲᠡᠳᠮᠡ ᠵᠢᠨ ᠳ᠋ᠸ᠋ ᠠᠢᠯᠴᠢᠯᠠᠪᠠ᠂ ᠲᠡᠳᠮᠡ ᠦᠵᠡᠭᠰᠡᠨ ᠲᠸᠯᠸᠢᠰ ᠫᠷᠤᠭ᠌ᠷᠡᠮ ᠵᠢᠡᠨ ᠶᠠᠷᠢᠬᠰᠠᠨ ᠵᠢᠡᠨ᠂ ᠰᠢ᠊·ᠮᠦᠷᠡᠨ ᠲᠠᠢ ᠠᠭᠤᠯᠵᠠᠬᠤ ᠬᠡᠰᠡᠨ ᠪᠤᠳᠤᠯ ᠵᠢᠡᠨ ᠴᠤᠬᠤᠢᠯᠭᠠᠯᠠ᠃ ᠴᠢᠪ ᠬᠡᠮᠡᠨ ᠤᠯᠠᠭᠠᠠᠳᠤᠬ ᠰᠢ᠊·ᠮᠦᠷᠡᠨ ᠲᠠᠢ ᠬᠠᠭᠤᠴᠢᠨ ᠲᠠᠨᠢᠯ ᠪᠠᠢᠭᠰᠠᠨ ᠪᠤᠯᠬᠤᠷ ᠲᠡᠳᠮᠡ ᠲᠠᠢ ᠵᠤᠯᠭᠠᠭᠤᠯᠬᠤ ᠪᠡᠷ ᠠᠮᠠᠯᠳᠠᠪᠠ᠃ ᠲᠡᠭᠡᠭᠡᠳ ᠳᠠᠷᠠᠭ᠎ᠠ ᠡᠳᠦᠷ ᠨᠢ ᠤᠯᠠᠭᠠᠠᠳᠤᠬ ᠳᠠᠷᠤᠢᠬᠠᠨ ᠰᠢ᠊·ᠮᠦᠷᠡᠨᠢ ᠲᠠᠭᠠᠭᠤᠯᠤᠬᠰᠠᠭᠠᠷ ᠲᠡᠳᠮᠡ ᠵᠢᠨ ᠳ᠋ᠤ ᠬᠦᠷᠴᠡᠢ᠃ 《ᠲᠡᠭᠡᠷ᠎ᠡ ᠤᠳᠠᠭ᠎ᠠ ᠵᠢᠨ ᠲᠸᠯᠸᠢᠰ ᠤ᠋ᠨ ᠫᠷᠤᠭ᠌ᠷᠡᠮ ᠳ᠋ᠤ ᠲᠠᠨ ᠤ᠋ ᠬᠡᠯᠡᠵᠦ ᠪᠠᠢᠬᠰᠠᠨ ᠠᠪᠤ ᠡᠵᠢ ᠵᠢᠨ ᠨᠤᠳᠤᠬ ᠤᠰᠤᠨ ᠬᠡᠳᠡᠭ ᠲᠠᠭᠤᠤ ᠵᠢᠨ ᠦᠬᠡ ᠪᠠᠢᠬᠤ ᠳ᠋ᠠᠭᠠᠨ ᠲᠠᠭᠠᠷᠨᠨᠠ》 ᠬᠡᠵᠦ ᠲᠡᠳᠮᠡ ᠰᠢ᠊·ᠮᠦᠷᠡᠨ ᠳ᠋ᠸ᠋ ᠬᠡᠯᠡᠯ᠎ᠡ᠃ ᠲᠡᠳᠮᠡ ᠲᠡᠭᠡᠭᠡᠳ ᠲᠡᠭᠦᠨᠳᠤ 《ᠠᠪᠤ ᠡᠵᠢ ᠵᠢᠨ ᠨᠤᠳᠤᠬ ᠤᠰᠤᠨ》 ᠬᠡᠬᠦ ᠨᠡᠷ᠎ᠡ ᠪᠡᠷ ᠲᠠᠭᠤᠤ ᠵᠢᠨ ᠦᠬᠡ ᠵᠤᠬᠢᠶᠠᠬᠤ ᠲᠠᠭᠠᠭᠠᠯᠭᠠᠪᠤᠷᠢ ᠦᠭᠴᠦ᠂ ᠤᠯᠠᠭᠠᠠᠳᠤᠬ ᠵᠢᠡᠷ ᠠᠶ᠎ᠠ ᠵᠤᠬᠢᠶᠠᠯᠭᠠᠬᠤ ᠪᠡᠷ ᠰᠢᠢᠳᠪᠡ᠃
ᠲᠡᠮᠡᠢ ᠤᠳᠠᠯ ᠦᠬᠡᠢ᠂ ᠰᠢ᠊·ᠮᠦᠷᠡᠨ ᠲᠠᠭᠤᠤ ᠵᠢᠨ ᠦᠬᠡ ᠵᠢ ᠪᠢᠴᠢᠬᠡᠳ ᠲᠡᠳᠮᠡ ᠳ᠋ᠸ᠋ ᠹᠡᠺᠰ ᠵᠢᠡᠷ ᠶᠠᠪᠤᠭᠤᠯᠵᠡᠢ᠃ ᠬᠡᠰᠡᠭ ᠬᠤᠭᠤᠴᠠᠭᠠᠨ ᠤ᠋ ᠲᠠᠷᠠᠭ᠎ᠠ ᠤᠯᠠᠭᠠᠠᠳᠤᠬ ᠠᠶ᠎ᠠ ᠵᠢ ᠨᠢ ᠳᠠᠭᠠᠷᠠᠭᠤᠯᠵᠤ᠂ ᠲᠡᠳᠮᠡ ᠳ᠋ᠸ᠋ ᠶᠠᠪᠤᠭᠤᠯᠵᠠᠢ᠃ ᠲᠡᠳᠮᠡ ᠲᠠᠭᠤᠤ ᠵᠢᠨ ᠠᠶ᠎ᠠ ᠵᠢ ᠤᠯᠤᠮᠠᠬᠴᠨ ᠬᠦᠭᠵᠢᠮᠳᠡᠨ ᠬᠢᠩᠰᠢᠯᠡ᠃ ᠲᠡᠷᠡ ᠲᠠᠭᠤᠯᠠᠬᠤ ᠵᠢᠨ ᠵᠢᠡᠨ ᠲᠠᠭᠠᠤ ᠤᠶᠠᠷᠠᠨ ᠲᠤᠬᠳᠤᠯᠵᠤ ᠨᠢᠯᠪᠤᠰᠤ ᠤᠨᠠᠭᠠᠪᠠ᠃ ᠲᠡᠳᠮᠡ ᠪᠠᠷᠢᠨ ᠤᠯᠠᠭᠠᠠᠳᠤᠬ ᠲᠦ᠍ ᠤᠳᠠᠰᠤᠳᠠᠵᠤ᠂ ᠲᠠᠭᠤᠤ ᠵᠢᠨ ᠠᠶ᠎ᠠ ᠵᠢ ᠲᠤᠭᠤᠵᠤ ᠪᠠᠬᠠᠷᠬᠠᠵᠤ ᠪᠠᠢᠬᠤ ᠪᠡᠨ ᠢᠯᠡᠳᠭᠡᠪᠡ᠃ ᠲᠡᠳᠮᠡ 2000 ᠤᠨ ᠤ᠋ ᠦᠪᠦᠷ ᠮᠤᠩᠭᠤᠯ ᠤ᠋ᠨ ᠲᠸᠯᠸᠢᠰ ᠬᠤᠷᠢᠶᠠᠨᠤ ᠴᠠᠭᠠᠨ ᠰᠠᠷ᠎ᠠ ᠵᠢᠨ ᠦᠳᠡᠰᠢᠯᠡᠬᠡ ᠲᠡᠭᠡᠷ᠎ᠡ ᠡᠨᠡ ᠲᠠᠭᠤᠤ ᠵᠢ ᠠᠩᠬ᠎ᠠ ᠲᠠᠭᠤᠯᠠᠵᠤ᠂ ᠤᠯᠠᠨ ᠤ᠋ ᠬᠠᠢᠷ᠎ᠠ ᠪᠠᠬᠠᠷᠬᠠᠯᠢ ᠲᠠᠳᠠᠵᠠᠢ᠃
ᠦᠨᠡᠯᠡᠯᠲᠡ —
ᠮᠠᠢᠯᠠᠰᠤ (ᠦᠪᠦᠷ ᠮᠤᠩᠭᠤᠯ ᠤ᠋ᠨ ᠤᠷᠠᠯᠢᠬ ᠤ᠋ᠨ ᠲᠡᠭᠡᠳᠦ ᠰᠤᠷᠭᠠᠭᠤᠯᠢ ᠵᠢᠨ ᠬᠦᠬᠡᠮᠡᠢ ᠵᠢᠨ ᠰᠠᠯᠪᠤᠷᠢ ᠵᠢᠨ ᠡᠷᠬᠢᠯᠡᠭᠴᠢ᠂ ᠦᠪᠦᠷ ᠮᠤᠩᠭᠤᠯ ᠤ᠋ᠨ ᠬᠦᠬᠡᠮᠡᠢ ᠵᠢᠨ ᠨᠡᠢᠬᠡᠮᠯᠢᠭ ᠤ᠋ᠨ ᠲᠡᠷᠢᠬᠦᠯᠡᠭᠴᠢ)
《ᠠᠪᠤ ᠡᠵᠢ ᠵᠢᠨ ᠨᠤᠳᠤᠬ ᠤᠰᠤᠨ》 ᠬᠡᠬᠦ ᠲᠠᠭᠤᠤ ᠵᠢᠨ ᠦᠬᠡᠨ ᠤ᠋ ᠰᠠᠨᠠᠭ᠎ᠠ ᠠᠬᠤᠢ ᠬᠦᠨ ᠬᠦᠨᠵᠡᠬᠡᠢ᠂ ᠲᠠᠭᠤᠤ ᠵᠢᠨ ᠦᠬᠡ ᠵᠢᠨ ᠵᠤᠬᠢᠶᠠᠬᠴᠢ ᠡᠴᠨ ᠤᠨᠠᠬᠰᠠᠨ ᠰᠢᠷᠤᠢ ᠤᠬᠢᠶᠠᠬᠰᠠᠨ ᠤᠰᠤ ᠪᠡᠨ ᠠᠮᠢᠳᠤᠯᠢᠬ ᠵᠢᠡᠷ ᠲᠦᠷᠰᠦᠯᠡᠨ ᠵᠢᠷᠤᠬᠯᠠᠵᠤ᠂ ᠨᠤᠳᠤᠬ ᠵᠢᠡᠨ ᠲᠤᠷᠠᠰᠤᠨ ᠰᠠᠨᠠᠭᠠᠯᠵᠠᠵᠤ ᠪᠠᠢᠭ᠎ᠠ ᠰᠡᠳᠬᠢᠯᠬᠡ ᠪᠡᠨ ᠢᠯᠡᠳᠬᠡᠵᠡᠢ᠃ ᠰᠤᠨᠤᠰᠤᠬᠴᠢᠳ ᠲᠤᠰ ᠲᠠᠭᠤᠤ ᠵᠢᠨ ᠦᠬᠡ ᠦᠬᠦᠯᠡᠪᠦᠷᠢ ᠪᠤᠯᠭᠠᠨ ᠡᠴᠨ ᠨᠤᠳᠤᠬ ᠡᠴᠨ ᠪᠡᠨ ᠰᠠᠯᠤᠬᠰᠠᠨ ᠤᠶᠠᠷᠠᠯ ᠵᠤᠪᠠᠨᠢᠯ ᠪᠤᠯᠤᠨ ᠬᠡᠮᠰᠢᠯ ᠭᠤᠳᠤᠷᠠᠯ ᠤ᠋ᠨ ᠰᠡᠳᠬᠢᠯᠬᠡ ᠵᠢ ᠤᠯᠵᠤ ᠮᠡᠳᠡᠷᠡᠨ᠎ᠡ᠃ ᠲᠠᠭᠤᠤ ᠵᠢᠨ ᠠᠶᠠᠯᠭᠤ ᠢᠷᠠᠭᠤ ᠰᠠᠢᠬᠠᠨ ᠪᠦᠬᠡᠳ ᠦᠨᠡᠨᠴᠢ ᠪᠤᠷᠤᠬᠵᠢᠭᠤᠨ᠂ ᠤᠷᠳᠤ ᠵᠢᠨ ᠲᠠᠭᠤᠤ ᠵᠢᠨ ᠠᠶᠠᠯᠭᠤ ᠵᠢᠨ ᠤᠨᠴᠠᠯᠢᠬ ᠲᠠᠢ᠃ ᠬᠦᠮᠦᠨ ᠤ᠋ ᠰᠡᠳᠬᠢᠯ ᠢ ᠬᠦᠳᠡᠯᠬᠡᠵᠦ ᠴᠢᠳᠠᠳᠠᠬ ᠤᠪᠠᠳᠢᠰ ᠲᠠᠢ᠂ ᠡᠷᠬᠢᠮ ᠲᠡᠭᠡᠳᠦ ᠤᠶᠤᠨ ᠰᠠᠨᠠᠭᠠᠨ ᠤ᠋ ᠰᠦᠭ ᠰᠦᠯᠳᠡ ᠪᠤᠯᠤᠨ ᠶᠡᠷᠦ ᠪᠤᠰᠤ ᠵᠢᠨ ᠤᠷᠠᠯᠢᠬ ᠤ᠋ᠨ ᠦᠨ᠎ᠡ ᠴᠡᠨ᠎ᠡ ᠲᠠᠢ᠃
ᠠᠯᠳᠠᠷ —
ᠲᠤᠮᠳᠠᠳᠤ ᠤᠯᠤᠰ ᠤ᠋ᠨ ᠰᠤᠯᠤᠩᠭ᠎ᠠ ᠱᠠᠩᠨᠠᠯ ᠤ᠋ᠨ ᠪᠤᠯᠤᠩ ᠵᠢᠴᠢ ᠤᠷᠠᠨ ᠰᠠᠢᠬᠠᠨ ᠤ᠋ ᠲᠤᠬᠯᠠᠯᠳᠠ ᠵᠢᠨ ᠨᠢᠬᠡᠳᠦᠬᠡᠷ ᠲᠡᠰ ᠤ᠋ᠨ ᠱᠠᠩᠨᠠᠯ ᠬᠦᠷᠳᠡᠵᠡᠢ᠃