ᠪᠠᠶᠠᠨ ᠴᠠᠬᠠᠷ ᠮᠢᠨᠤ ᠨᠤᠳᠤᠭ
2024-11-14 11:28:36
ᠵᠣᠬᠢᠶᠠᠭ᠍ᠴᠢ᠄
ᠠᠯᠳᠠᠨᠬᠦᠦ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ —

ᠵᠤᠬᠢᠶᠠᠨ ᠪᠦᠳᠦᠭᠡᠭ᠌ᠰᠡᠨ ᠴᠠᠭ᠄ 1984 ᠤᠨ

ᠦᠭᠡ᠂ ᠠᠶ᠎ᠠ᠄ ᠭᠠ᠊·ᠪᠤᠶᠠᠨᠳᠡᠯᠭᠡᠷ

ᠵᠤᠬᠢᠶᠠᠨ ᠪᠦᠳᠦᠭᠡᠭ᠌ᠰᠡᠨ ᠬᠡᠯᠪᠡᠷᠢ᠄ ᠮᠤᠡᠭᠭᠤᠯ ᠬᠡᠯᠡ ᠪᠡᠷ ᠵᠤᠬᠢᠶᠠᠨ ᠪᠦᠳᠦᠭᠡᠭᠳᠡᠪᠡ

ᠠᠶ᠎ᠠ ᠵᠢᠨ ᠤᠨᠴᠠᠯᠢᠭ᠄ ᠢᠷᠠᠭᠤ ᠤᠶᠠᠩᠭᠠᠯᠢᠭ᠂ ᠰᠡᠳᠬᠢᠯᠭᠡ ᠵᠢᠨ ᠦᠩᠭᠡ ᠠᠶᠠᠰ ᠵᠢᠡᠷ ᠴᠢᠩᠭ᠎ᠠ ᠪᠦᠭᠡᠳ ᠦᠭᠡ᠂ ᠠᠶ᠎ᠠ᠂ ᠳᠠᠭᠤᠯᠠᠯᠳᠠ ᠭᠤᠷᠪᠠ ᠵᠢᠨ ᠦ ᠦᠭᠡᠢ ᠰᠠᠢᠬᠠᠨ ᠤᠶᠠᠯᠳᠤᠯ ᠵᠢᠡᠷ ᠬᠦᠮᠦᠰ᠎ᠤᠨ ᠰᠡᠳᠬᠢᠯ᠎ᠳᠤ ᠬᠦᠷᠦᠭᠰᠡᠨ ᠪᠠᠢᠳᠠᠭ

ᠲᠠᠭᠤᠤ᠎ᠵᠢᠨ ᠲᠦᠷᠦᠯ᠄ ᠵᠣᠬᠢᠶᠠᠯ᠎ᠤᠨ ᠳᠠᠭᠤᠤ


QQ截图20240904155222.png


QQ截图20241016104747.png

QQ截图20241030112254.png


ᠦᠯᠢᠭᠡᠷ —

《ᠪᠠᠶᠠᠨ ᠴᠠᠬᠠᠷ ᠮᠢᠨᠤ ᠨᠤᠳᠤᠭ》 ᠬᠡᠬᠦ ᠲᠠᠭᠤᠤ ᠴᠠᠬᠠᠷ ᠨᠤᠳᠤᠭ᠎ᠤᠨ ᠭᠤᠶᠤ ᠰᠠᠢᠬᠠᠨ ᠪᠠ ᠬᠤᠪᠢᠷᠠᠯᠳᠠ ᠬᠦᠭᠵᠢᠯᠲᠡ᠎ᠵᠢ ᠮᠠᠭᠳᠠᠨ ᠲᠠᠭᠤᠯᠠᠭᠰᠠᠨ ᠪᠢᠯᠡ᠃ ᠲᠠᠭᠤᠤ᠎ᠵᠢᠨ ᠦᠬᠡ᠎ᠵᠢ ᠤᠷᠠᠨ ᠪᠦᠳᠦᠭᠡᠯᠴᠢ᠂ ᠦᠪᠦᠷ ᠮᠤᠩᠭᠤᠯ᠎ᠤᠨ ᠷᠠᠳᠢᠤ᠋  ᠲᠸᠯᠸᠢᠰ ᠬᠤᠷᠢᠶ᠎ᠠ ᠵᠢᠨ ᠰᠤᠷᠪᠤᠯᠵᠢᠯᠠᠭᠴᠢ ᠪᠠᠢᠭᠰᠠᠨ ᠭᠠ᠊·ᠪᠤᠶᠠᠨᠳᠡᠯᠭᠡᠷ ᠵᠤᠬᠢᠶᠠᠵᠠᠢ᠃ ᠭᠠ᠊·ᠪᠤᠶᠠᠨᠳᠡᠯᠭᠡᠷ ᠰᠢᠯᠤᠭᠤᠨ ᠬᠦᠪᠡᠭᠡᠳᠦ ᠴᠠᠭᠠᠨ ᠬᠤᠰᠢᠭᠤ ᠪᠡᠷ ᠨᠤᠳᠤᠭᠳᠠᠢ᠃ ᠲᠡᠭᠡᠷ᠎ᠠ ᠵᠠᠭᠤᠨ᠎ᠤ ᠨᠠᠶᠠᠭᠠᠳ ᠤᠨ ᠡᠴᠡ ᠨᠠᠢᠷᠠᠭᠤᠯᠤᠯ᠂ ᠮᠡᠳᠡᠭᠡᠯᠡᠯ᠎ᠤᠨ ᠤᠷᠠᠨ ᠵᠤᠬᠢᠶᠠᠯ᠂ ᠲᠠᠭᠤᠤ᠎ᠵᠢᠨ ᠰᠢᠯᠦᠭ ᠪᠢᠴᠢᠵᠤ ᠤᠷᠤᠯᠳᠤᠵᠤ ᠡᠬᠢᠯᠡᠭᠰᠡᠨ 《ᠰᠤᠯᠤᠩᠭ᠎ᠠ》 ᠱᠠᠩᠨᠠᠯᠳᠤ ᠵᠤᠬᠢᠶᠠᠯᠴᠢ᠃

ᠭᠠ᠊·ᠪᠤᠶᠠᠨᠳᠡᠯᠭᠡᠷ ᠨᠤᠲᠤᠭ ᠤᠰᠤᠨ᠎ᠤ᠋ ᠣᠨᠴᠠᠯᠢᠭ᠎ᠢ ᠬᠠᠮᠤᠭ᠎ᠤ᠋ᠨ ᠤᠨᠤᠪᠴᠢᠳᠠᠢ᠂ ᠬᠠᠢᠷ᠎ᠠ ᠵᠢ ᠲᠠᠳᠠᠮ᠎ᠠ ᠦᠭᠡ ᠥᠭᠦᠯᠡᠪᠦᠷᠢ ᠪᠡᠷ ᠪᠢᠴᠢᠨ ᠭᠠᠷᠭᠠᠵᠦ᠂ ᠦᠪᠡᠷ᠎ᠤᠨ ᠵᠢᠡᠨ ᠲᠦᠷᠦᠭᠰᠡᠨ ᠨᠤᠲᠤᠭ ᠲᠠᠭᠠᠨ ᠬᠢᠵᠠᠭᠠᠷ ᠦᠭᠡᠢ ᠬᠠᠢᠷᠠᠳᠠᠢ ᠰᠡᠳᠬᠢᠯᠭᠡ ᠪᠠᠨ ᠢᠯᠡᠳᠭᠡᠵᠡᠢ᠃ 《ᠨᠢ᠋ᠮᠠᠠ ᠬᠠᠨ᠎ᠠ ᠲᠠᠢ ᠮᠤᠩᠭᠤᠯ ᠭᠡᠷ᠎ᠤᠳ ᠪᠠᠢᠨ᠎ᠠ᠂ ᠨᠠᠪᠴᠢᠳᠦ ᠲᠠᠯ᠎ᠠ ᠪᠡᠨ ᠴᠢᠮᠡᠨ ᠴᠠᠢᠯᠵᠠᠭᠠᠳ》᠂ 《ᠠᠭᠤᠯᠠ ᠤᠰᠤ ᠪᠡᠨ ᠦᠩᠬᠡᠵᠢᠨ ᠰᠢᠨᠡᠳᠭᠡᠭᠰᠡᠨ᠂ ᠦᠵᠡᠰᠬᠦᠯᠡᠩᠳᠦ ᠰᠠᠢᠬᠠᠨ ᠲᠤᠷᠭᠠᠨ ᠴᠠᠬᠠᠷ ᠮᠢᠨᠢ》 ᠵᠡᠷᠭᠡ ᠦᠬᠦᠯᠡᠪᠤᠷᠢ ᠪᠡᠷ ᠨᠤᠳᠤᠭ᠎ᠤᠨ ᠪᠠᠢᠭᠠᠯᠢ᠎ᠵᠢᠨ᠎ᠵᠢᠡᠨ ᠦᠩᠬᠡ ᠦᠵᠡᠮᠵᠢ᠎ᠵᠢ ᠠᠮᠢᠳᠤᠯᠢᠭ ᠵᠢᠷᠤᠭᠯᠠᠨ᠂ ᠬᠦᠮᠦᠰ᠎ᠲᠤ ᠦᠵᠡᠰᠬᠦᠯᠡᠩᠳᠦ ᠰᠠᠢᠬᠠᠨ ᠴᠠᠬᠠᠷ ᠨᠤᠳᠤᠭ᠎ᠲᠤ ᠦᠪᠡᠷ᠎ᠤᠨ ᠪᠠᠶ᠎ᠠ ᠪᠡᠷ᠎ᠵᠢᠡᠨ ᠬᠦᠷᠦᠬᠡᠳ ᠤᠴᠢᠭᠰᠠᠨ ᠰᠢᠬ ᠰᠠᠢᠬᠠᠨ ᠲᠦᠷᠦᠭᠳᠡᠯ ᠤᠯᠭᠤᠨ᠎ᠠ᠃

— ᠭᠠ᠊·ᠪᠤᠶᠠᠨᠳᠡᠯᠭᠡᠷ ᠪᠢᠳᠡ ᠬᠤᠶᠠᠭᠤᠯᠠ ᠪᠤᠯ ᠤᠳᠠᠭᠠᠨ ᠵᠢᠯ᠎ᠤᠨ ᠬᠠᠮᠳᠤ ᠠᠵᠢᠯᠳᠠᠠ ᠶᠤᠮ᠃ ᠲᠡᠷᠡ ᠲᠡᠭᠡᠷ᠎ᠡ ᠵᠠᠭᠤᠨ᠎ᠤ ᠨᠠᠶᠠᠭᠠᠳ ᠤᠨ᠎ᠤ ᠡᠬᠢᠨ᠎ᠳᠤ᠂ ᠦᠪᠦᠷ ᠮᠤᠩᠭᠤᠯ᠎ᠤᠨ ᠷᠠᠳᠢᠤ᠋ ᠲᠸᠯᠸᠢᠰ ᠬᠤᠷᠢᠶᠠᠨ᠎ᠳᠤ ᠢᠷᠡᠵᠤ ᠠᠵᠢᠯᠯᠠᠭᠰᠠᠨ ᠶᠤᠮ᠃ ᠲᠡᠷᠡ ᠲᠤᠬᠠᠢᠯᠠᠭᠰᠠᠨ ᠠᠵᠢᠯ᠎ᠵᠢᠡᠨ ᠬᠠᠷᠢᠭᠤᠴᠠᠯᠭ᠎ᠠ ᠲᠡᠢ ᠶᠡᠭᠡ ᠰᠠᠢᠨ ᠬᠢᠳᠡᠭ ᠪᠦᠬᠡᠳ ᠲᠠᠭᠤᠤ ᠵᠢᠨ ᠦᠬᠡ ᠪᠢᠴᠢᠬᠦ ᠲᠤᠷᠠᠳᠠᠢ ᠪᠠᠢᠳᠠᠭ᠂ ᠲᠡᠷᠡ 《ᠪᠠᠶᠠᠨ ᠴᠠᠬᠠᠷ ᠮᠢᠨᠤ ᠨᠤᠳᠤᠭ》 ᠬᠡᠬᠦ ᠲᠠᠭᠤᠤ᠎ᠵᠢᠨ ᠦᠬᠡ᠎ᠵᠢ ᠵᠤᠬᠢᠶᠠᠭᠰᠠᠨ ᠡᠴᠡ ᠭᠠᠳᠠᠨ᠎ᠠ 《ᠨᠢ᠋ᠮᠠ᠎ᠵᠢᠨ ᠠᠭᠤᠯᠠ》᠂ 《ᠬᠠᠢᠷ᠎ᠠ᠎ᠵᠢᠨ ᠴᠠᠭᠠᠨ ᠲᠠᠬᠢᠨᠢ》 ᠬᠡᠬᠦ ᠵᠡᠷᠭᠡ ᠤᠯᠠᠨ ᠲᠠᠭᠤᠤ ᠵᠢᠨ ᠦᠬᠡ᠎ᠵᠤᠬᠢᠶᠠᠵᠠᠢ᠃ ᠡᠳᠡᠭᠡᠷ ᠲᠠᠭᠤᠤ ᠡᠴᠡ ᠪᠢ ᠬᠠᠷᠢᠨ 《ᠪᠠᠶᠠᠨ ᠴᠠᠬᠠᠷ ᠮᠢᠨᠤ ᠨᠤᠳᠤᠭ》 ᠲᠠᠭᠤᠤ ᠵᠢ ᠨᠢ ᠶᠡᠭᠡ ᠪᠠᠬᠠᠷᠬᠠᠳᠠᠭ᠃ ᠪᠢ ᠦᠪᠡᠷ ᠵᠢᠡᠨ ᠴᠦ᠍ ᠴᠠᠬᠠᠷ ᠨᠤᠲᠤᠭ ᠲᠠᠢ᠂ ᠡᠨᠡ ᠲᠠᠭᠤᠤ ᠮᠢᠨᠦ ᠨᠤᠳᠤᠭᠴᠢ ᠰᠡᠳᠬᠢᠯ᠎ᠢ ᠲᠠᠭᠤᠯᠠᠨ ᠢᠯᠡᠳᠭᠡᠭᠰᠡᠨ ᠪᠤᠯᠬᠤᠷ ᠲᠡᠢᠮᠦ ᠪᠠᠢᠬ᠎ᠠ ᠬᠡᠵᠤ ᠦᠪᠦᠷ ᠮᠤᠩᠭᠤᠯ᠎ᠤᠨ ᠷᠠᠳᠢᠤ᠋ ᠲᠸᠯᠸᠢᠰ ᠬᠤᠷᠢᠶᠠᠨ ᠡᠴᠡ ᠠᠵᠢᠯ᠎ᠤᠨ ᠠᠮᠠᠷᠠᠯᠳᠠ ᠪᠡᠨ ᠠᠪᠤᠭᠰᠠᠨ ᠰᠤᠯᠤᠩᠭᠤᠸ᠎ᠠ ᠶᠠᠷᠢᠵᠦ ᠪᠠᠢᠯ᠎ᠠ᠃

ᠰᠠᠢᠬᠠᠨ ᠰᠢᠯᠦᠭ ᠰᠠᠢᠬᠠᠨ ᠠᠶ᠎ᠠ ᠲᠦᠷᠦᠭᠦᠯᠳᠡᠭ᠃ ᠢᠷᠠᠭᠤ ᠰᠠᠢᠬᠠᠨ ᠬᠦᠭ ᠠᠶᠠᠰ ᠨᠢ ᠬᠦᠮᠦᠰ᠎ᠲᠤ ᠬᠦᠨ ᠰᠡᠳᠬᠢᠭᠳᠡᠯ ᠦᠯᠡᠳᠡᠬᠡᠵᠤ᠂ ᠲᠡᠷᠡᠴᠢᠯᠡᠨ ᠨᠢᠬᠡᠨ ᠵᠦᠢᠯ᠎ᠤᠨ ᠴᠠᠬ ᠦᠶ᠎ᠠ᠎ᠵᠢᠨ ᠲᠤᠷᠠᠰᠤᠮᠵᠢ ᠪᠤᠯᠳᠠᠭ᠃ ᠲᠠᠭᠤᠤ᠎ᠵᠢᠨ ᠵᠤᠬᠢᠶᠠᠨ ᠪᠦᠳᠦᠬᠡᠯᠬᠡ ᠨᠢ ᠲᠠᠭᠤᠤ ᠬᠦᠭᠵᠢᠮ᠎ᠤᠨ ᠠᠪᠢᠶᠠᠰ ᠴᠢᠳᠠᠪᠤᠷᠢ ᠪᠠ ᠲᠠᠭᠤᠤ ᠬᠦᠭᠵᠢᠮ᠎ᠤᠨ ᠲᠤᠬᠠᠢ ᠤᠯᠠᠨ ᠮᠡᠳᠡᠯᠬᠡ᠎ᠵᠢ ᠡᠵᠡᠮᠰᠢᠬᠦ ᠴᠢᠬᠤᠯᠠ ᠲᠠᠢ᠃  ᠲᠤᠰ ᠲᠠᠭᠤᠤ ᠵᠢᠨ ᠠᠶ᠎ᠠ᠎ᠵᠢ ᠨᠢ ᠰᠢᠯᠤᠭᠤᠨ ᠬᠦᠪᠡᠭᠡᠳᠦ ᠴᠠᠭᠠᠨ᠎ᠬᠤᠰᠢᠭᠤ ᠪᠡᠷ ᠨᠤᠳᠤᠭᠳᠠᠢ ᠠᠶ᠎ᠠ ᠵᠤᠬᠢᠶᠠᠭᠴᠢ᠂ ᠮᠤᠷᠢᠨ ᠬᠤᠭᠤᠷᠴᠢ ᠵᠤ·ᠴᠡᠩᠬᠡᠯᠳᠦ ᠵᠤᠬᠢᠶᠠᠵᠦ᠂ ᠲᠤᠷᠭᠠᠨ ᠬᠤᠭᠤᠯᠠᠢᠳᠤ ᠲᠠᠭᠤᠴᠢᠨ ᠭᠡᠵᠦ ᠠᠯᠳᠠᠷᠰᠢᠬᠰᠠᠨ ᠲᠠᠭᠤᠴᠢᠨ ᠤᠶᠦᠨᠪᠢᠯᠢᠭ ᠠᠩᠬ᠎ᠠ ᠲᠠᠭᠤᠯᠠᠵᠠᠢ᠃

— ᠨᠤᠲᠤᠭ ᠤᠰᠤ ᠪᠠᠨ ᠲᠠᠭᠤᠯᠠᠭᠰᠠᠨ ᠲᠠᠭᠤᠤ ᠮᠠᠨ᠎ᠤ ᠦᠨᠳᠦᠰᠦᠳᠡᠨ᠎ᠳᠤ ᠤᠯᠠᠨ ᠪᠠᠢᠳᠠᠭ ᠪᠤᠯᠪᠠᠴᠤ 《ᠪᠠᠶᠠᠨ ᠴᠠᠬᠠᠷ ᠮᠢᠨᠦ ᠨᠤᠲᠤᠭ》 ᠭᠡᠬᠦ ᠲᠠᠭᠤᠤ ᠨᠠᠳᠠ᠎ᠳᠤ ᠬᠠᠮᠤᠭ ᠡᠴᠡ ᠢᠯᠡᠬᠦᠦ ᠲᠠᠭᠠᠯᠠᠭᠳᠠᠳᠠᠭ᠃ ᠰᠠᠢᠬᠠᠨ ᠨᠤᠲᠤᠭ ᠡᠴᠡ ᠰᠠᠢᠬᠠᠨ ᠲᠠᠭᠤᠤ ᠲᠦᠷᠦᠭᠳᠡᠳᠡᠭ ᠨᠢ ᠲᠡᠷᠡ ᠪᠤᠯᠤᠯᠳᠠᠢ᠃ ᠲᠤᠰ ᠲᠠᠭᠤᠤ᠎ᠵᠢ ᠪᠢ ᠦᠪᠦᠷ ᠮᠤᠩᠭᠤᠯ᠎ᠤᠨ ᠷᠠᠳᠢᠤ᠋ ᠬᠤᠷᠢᠶᠠᠨ᠎ᠳᠤ 1984 ᠣᠨ᠎ᠳ᠋ᠤ ᠰᠢᠩᠬᠡᠬᠡᠵᠡᠢ᠃ ᠪᠦᠬᠦ ᠦᠪᠦᠷ ᠮᠤᠩᠭᠤᠯ᠎ᠤᠨ ᠬᠡᠪᠴᠢᠶ᠎ᠠ ᠪᠡᠷ 《ᠪᠠᠶᠠᠨ ᠴᠠᠬᠠᠷ ᠮᠢᠨᠤ ᠨᠤᠳᠤᠭ》 ᠭᠡᠰᠡᠨ ᠡᠨᠡ ᠲᠠᠭᠤᠤ᠎ᠵᠢ ᠲᠠᠭᠤᠯᠠᠳᠠᠭ ᠵᠠᠯᠠᠭᠤᠴᠤᠳ ᠤᠯᠠᠨ ᠪᠠᠢᠨ᠎ᠠ ᠬᠡᠵᠤ ᠤᠶᠦᠨᠪᠢᠯᠢᠭ ᠡᠷᠬᠢᠴᠡᠬᠦᠯᠦᠨ ᠶᠠᠷᠢᠨ᠎ᠠ᠃


ᠦᠨᠡᠯᠡᠯᠳᠡ —

ᠷᠠᠸᠠᠳᠢ (ᠤᠯᠤᠰ᠎ᠤᠨ ᠨᠢᠬᠡᠳᠦᠭᠡᠷ ᠲᠡᠰ᠎ᠤᠨ ᠬᠦᠭᠵᠢᠮ᠎ᠤᠨ ᠵᠤᠬᠢᠶᠠᠯᠴᠢ᠂ ᠲᠡᠭᠡᠳᠦ ᠵᠡᠷᠭᠡ᠎ᠵᠢᠨ ᠬᠦᠭᠵᠢᠮ᠎ᠤᠨ ᠨᠠᠢᠷᠠᠭᠤᠯᠤᠨ ᠤᠳᠤᠷᠢᠳᠤᠭᠠᠴᠢ)

ᠲᠤᠰ ᠲᠠᠭᠤᠤ ᠴᠠᠬᠠᠷ᠎ᠤᠨ ᠰᠢᠯᠦᠭᠤᠨ ᠬᠦᠪᠡᠭᠡᠳᠦ ᠴᠠᠭᠠᠨ ᠬᠤᠰᠢᠭᠤ᠎ᠵᠢᠨ ᠨᠢ᠋ᠮᠠ᠎ᠵᠢᠨ ᠠᠭᠤᠯᠠ᠎ᠪᠡᠷ ᠰᠡᠳᠦᠪᠯᠡᠨ ᠵᠤᠬᠢᠶᠠᠭᠳᠠᠵᠤ᠂ ᠴᠠᠬᠠᠷ ᠨᠤᠳᠤᠭ᠎ᠤᠨ ᠠᠭᠤᠯᠠ ᠤᠰᠤᠨ᠎ᠤ ᠦᠵᠡᠮᠵᠢ᠎ᠵᠢ ᠮᠠᠭᠳᠠᠨ ᠲᠠᠭᠤᠯᠠᠭᠰᠠᠨ ᠮᠠᠭᠳᠠᠭᠠᠯ᠎ᠤᠨ ᠲᠠᠭᠤᠤ ᠪᠤᠯᠤᠨ᠎ᠠ᠃ ᠲᠤᠰ ᠲᠠᠭᠤᠤ᠎ᠵᠢᠨ ᠠᠶᠠᠯᠭᠤ ᠨᠢ ᠤᠶᠠᠷᠠᠭᠤᠨ᠂ ᠲᠡᠬᠦᠰᠬᠡᠯ᠎ᠤᠨ ᠠᠶ᠎ᠠ ᠨᠢ 6 ᠲᠡᠭᠡᠷ᠎ᠠ ᠲᠡᠬᠦᠰᠴᠤ᠂ ᠶᠤᠨᠳᠠᠭᠤᠨ ᠬᠦᠭ᠎ᠤᠨ ᠠᠶᠠᠯᠭᠤ ᠲᠠᠢ ᠲᠠᠭᠤᠤ ᠪᠤᠯᠤᠨ᠎ᠠ᠃ ᠠᠷᠠᠳ᠎ᠤᠨ ᠲᠠᠭᠤᠤ ᠰᠢᠬ ᠦᠷᠭᠡᠨ ᠬᠡᠪᠴᠢᠶ᠎ᠠ ᠪᠡᠷ ᠲᠠᠭᠤᠯᠠᠭᠳᠠᠳᠠᠭ ᠪᠤᠯᠬᠤᠷ ᠮᠢᠨᠤ ᠦᠵᠡᠬᠦ ᠪᠡᠷ 《ᠪᠠᠶᠠᠨ ᠴᠠᠬᠠᠷ ᠮᠢᠨᠤ ᠨᠤᠳᠤᠭ》 ᠭᠡᠰᠡᠨ ᠲᠠᠭᠤᠤ ᠰᠤᠩᠭᠤᠳᠠᠭ ᠤᠷᠠᠨ ᠪᠦᠳᠦᠬᠡᠯ ᠪᠤᠯᠤᠨ᠎ᠠ᠃


ᠠᠯᠳᠠᠷ —

ᠦᠪᠤᠷ ᠮᠤᠡᠭᠭᠤᠯ᠎ᠤᠨ ᠤᠷᠤᠨ ᠨᠤᠳᠤᠭ᠎ᠤᠨ ᠰᠤᠡᠭᠭᠤᠳᠠᠭ ᠲᠠᠭᠤᠤ ᠵᠢᠨ ᠨᠢᠭᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号