ᠦᠨᠳᠦᠰᠦᠨ ᠪᠠᠢᠳᠠᠯ —
ᠵᠤᠬᠢᠶᠠᠨ ᠪᠦᠳᠦᠭᠡᠭᠰᠡᠨ ᠴᠠᠭ᠄ 2000 ᠤᠨ
ᠦᠭᠡ᠄ ᠺᠸ ᠮᠢᠩ
ᠠᠶ᠎ᠠ᠄ ᠤᠯᠠᠭᠠᠨᠳᠤᠭ
ᠵᠤᠬᠢᠶᠠᠨ ᠪᠦᠳᠦᠭᠡᠭᠰᠡᠨ ᠬᠡᠯᠪᠡᠷᠢ᠄ ᠬᠢᠳᠡᠳ ᠬᠡᠯᠡ ᠪᠡᠷ ᠵᠤᠬᠢᠶᠠᠨ ᠪᠦᠳᠤᠭᠡᠵᠤ᠂ ᠲᠠᠷᠠᠭ᠎ᠠ ᠨᠢ ᠮᠤᠡᠭᠭᠤᠯᠴᠢᠯᠡᠪᠡ
ᠠᠶ᠎ᠠ ᠵᠢᠨ ᠤᠨᠴᠠᠯᠢᠭ᠄ 4/4 ᠴᠤᠬᠢᠯᠠᠭ᠎ᠠ ᠲᠠᠢ᠂ ᠭᠤᠤᠯᠳᠠᠭᠤ 《ᠳ᠋ᠤᠤ᠂ ᠷᠤᠸᠠᠢ᠂ ᠮᠢ》 ᠭᠤᠷᠪᠠᠨ ᠨᠤᠲ ᠢ᠋ ᠬᠡᠷᠡᠭᠯᠡᠭᠰᠡᠨ ᠬᠦᠩᠳᠡᠬᠦᠨᠤ ᠬᠦᠭ ᠠᠶᠠᠯᠭᠤ ᠲᠠᠢ
ᠲᠠᠭᠤᠤ ᠵᠢᠨ ᠲᠦᠷᠦᠯ᠄ ᠵᠤᠬᠢᠶᠠᠮᠠᠯ ᠲᠠᠭᠤᠤ
ᠠᠯᠳᠠᠷ —
2019 ᠤᠨ᠎ᠳᠤ᠂ 《ᠲᠠᠭᠤᠤ ᠵᠢᠨ ᠠᠶᠠᠰ ᠲᠤᠮᠳᠠᠳᠤ ᠤᠯᠤᠰ᠎ᠢ ᠴᠤᠤᠷᠢᠶᠠᠳᠤᠭᠤᠯᠤᠨ᠎ᠠ》 ᠬᠠᠮᠤᠭ᠎ᠤᠨ ᠭᠤᠶᠤ ᠬᠤᠲᠠ ᠲᠠᠭᠤᠤ ᠬᠦᠭᠵᠢᠮ᠎ᠤᠨ ᠨᠠᠷᠠ ᠵᠢᠨ ᠬᠠᠭᠤᠳᠠᠰᠤ ᠵᠢᠨ ᠠᠷᠪᠠᠨ ᠰᠢᠯᠢᠳᠡᠭ ᠲᠠᠭᠤᠤ ᠪᠠᠷ ᠬᠦᠬᠢᠬᠦᠯᠦᠭᠳᠡᠪᠠ᠃
ᠦᠯᠢᠭᠡᠷ —
ᠬᠦᠯᠦᠨ ᠪᠤᠢᠷ᠎ᠤᠨ ᠲᠠᠯ᠎ᠠ᠎ᠳᠤ ᠤᠴᠢᠭᠰᠠᠨ ᠬᠦᠮᠦᠨ ᠰᠡᠳᠬᠢᠯ ᠬᠤᠷᠭᠤᠳᠠᠨ ᠰᠠᠯᠵᠦ ᠶᠠᠳᠠᠳᠠᠭ᠃ ᠬᠦᠯᠦᠨ ᠪᠤᠢᠷ ᠲᠸ᠋ ᠲᠦᠷᠦᠵᠦ ᠦᠰᠦᠭᠰᠡᠨ ᠬᠦᠮᠦᠨ ᠵᠡᠬᠦᠳᠦᠨ᠎ᠳᠡᠭᠡᠨ ᠬᠦᠷᠳᠡᠯ᠎ᠠ ᠨᠤᠲᠤᠭ᠎ᠢᠶᠡᠨ ᠰᠠᠨᠠᠭᠠᠯᠵᠠᠳᠠᠭ᠃ ᠶᠠᠭ ᠡᠨᠡ ᠬᠦ᠌ ᠰᠠᠯᠵᠦ ᠶᠠᠳᠠᠭᠰᠠᠨ ᠰᠡᠳᠬᠢᠯ᠂ ᠰᠠᠨᠠᠵᠦ ᠮᠦᠷᠦᠭᠡᠳᠦᠭᠰᠡᠨ ᠰᠡᠳᠬᠢᠯ᠎ᠢ ᠠᠷᠭᠠᠳᠠᠬᠤ ᠬᠡᠮᠡᠨ 《ᠬᠦᠯᠦᠨ ᠪᠤᠢᠷ᠎ᠤᠨ ᠲᠠᠯ᠎ᠠ ᠨᠤᠳᠤᠭ》 ᠳᠠᠭᠤᠤ ᠮᠡᠨᠳᠦᠯᠡᠭᠰᠡᠨ ᠪᠤᠯᠪᠠᠤ!
2000 ᠣᠨ᠎ᠳᠤ᠂ ᠰᠢᠯᠦᠭᠴᠢ ᠺᠸ ᠮᠢᠩ ᠭᠤᠸᠠᠩᠰᠢ᠎ᠳᠤ ᠬᠦᠷᠴᠦ ᠲᠥᠪᠲᠧᠯᠸᠢᠰᠦᠨ ᠫᠷᠣᠭ᠌ᠷᠠᠮ ᠢ᠋ ᠰᠡᠬᠦᠳᠡᠷᠯᠡᠬᠦ ᠪᠡᠷ ᠤᠴᠢᠬᠤ ᠡᠴᠡ ᠪᠠᠨ ᠡᠮᠦᠨ᠎ᠠ ᠰᠠᠢᠨ ᠨᠠᠢᠵᠠ ᠠᠶᠠᠯᠭᠤ ᠵᠤᠬᠢᠶᠠᠭᠴᠢ ᠤᠯᠠᠭᠠᠨᠳᠤᠭ ᠲᠡᠬᠦᠨ᠎ᠳᠤ ᠨᠢᠭᠡᠨ ᠬᠥᠭᠵᠢᠮ᠎ᠦᠨ ᠠᠶ᠎ᠠ ᠦᠭᠴᠡᠢ᠃ ᠲᠡᠷᠡ ᠨᠠᠢᠵᠠ ᠵᠢᠨ ᠵᠢᠡᠨ ᠦᠭᠬᠦᠭᠰᠡᠨ ᠠᠶ᠎ᠠ ᠵᠢ ᠰᠤᠨᠤᠰᠤᠭᠠᠳ ᠰᠡᠳᠬᠢᠯ ᠤᠶᠠᠰᠴᠤ᠂ ᠨᠤᠲ ᠲᠠᠢ ᠴᠠᠭᠠᠰᠤ ᠵᠢ ᠡᠩᠭᠡᠷ᠎ᠦᠨ ᠬᠠᠷᠮᠠᠨ᠎ᠳᠠᠭᠠᠨ ᠡᠪᠭᠡᠵᠦ ᠠᠯᠤᠰ ᠬᠤᠯᠠ ᠭᠤᠸᠠᠩᠰᠢ ᠵᠢ ᠵᠤᠷᠢᠵᠠᠢ᠃
ᠭᠤᠸᠠᠩᠰᠢ᠎ᠳᠤ ᠠᠵᠢᠯᠯᠠᠵᠦ ᠪᠠᠢᠭᠰᠠᠨ ᠨᠢᠭᠡᠨ ᠣᠷᠣᠢ ᠺᠸ ᠮᠢᠩ ᠲᠠᠯᠠᠢ᠎ᠶᠢᠨ ᠬᠥᠪᠡᠭᠡᠨ᠎ᠳᠦ ᠬᠦᠷᠴᠤ᠂ ᠲᠠᠯᠠᠢ᠎ᠶᠢᠨ ᠲᠦᠯᠬᠡᠭᠡᠨ ᠴᠢᠮᠡᠭᠡ ᠪᠠ ᠰᠦᠷᠯᠢᠭ ᠰᠠᠢᠬᠠᠨ ᠦᠵᠡᠮᠵᠢ᠎ᠶᠢ ᠬᠠᠷᠠᠭᠠᠳ᠂ ᠬᠦᠯᠦᠨ ᠪᠤᠢᠷ᠎ᠤᠨ ᠲᠠᠯ᠎ᠠ ᠨᠤᠳᠤᠭ᠎ᠲᠤ ᠰᠡᠭᠡᠭᠡᠳᠡᠨ᠎ᠢᠶᠡᠷ ᠪᠠᠭᠤᠭᠰᠠᠨ ᠨᠠᠨᠳᠢᠨ ᠰᠠᠢᠬᠠᠨ ᠦᠩᠭᠡᠷᠡᠯᠲᠠ ᠨᠢ ᠤᠢ ᠲᠠᠷᠢᠬᠢᠨᠳᠤᠨᠢ ᠪᠤᠳᠤᠬᠳᠠᠵᠤ᠂ ᠬᠠᠷᠮᠠᠨᠠᠴᠠᠪᠠᠨ ᠨᠤᠲ ᠲᠠᠢ ᠴᠠᠭᠠᠰᠤ ᠪᠠᠨ ᠭᠠᠷᠭᠠᠵᠤ᠂ 《ᠬᠥᠯᠥᠨ ᠪᠣᠶ᠋ᠢᠷ᠎ᠤᠨ ᠲᠠᠯ᠎ᠠ ᠨᠤᠲᠤᠭ》 ᠲᠠᠭᠤᠤ ᠵᠢᠨ ᠦᠭᠡ ᠵᠢ ᠪᠢᠴᠢᠵᠦ ᠭᠠᠷᠭᠠᠵᠠᠢ᠃
— ᠤᠨᠠᠭᠰᠠᠨ ᠨᠤᠳᠤᠭ ᠤᠬᠢᠶᠠᠭᠰᠠᠨ ᠤᠰᠤ ᠪᠠᠨ ᠰᠡᠳᠬᠢᠯ᠎ᠤᠨ ᠤᠭ ᠡᠴᠡ ᠪᠠᠨ ᠬᠠᠢᠷᠠᠯᠠᠵᠦ ᠰᠠᠨᠠᠭᠠᠯᠵᠠᠭᠰᠠᠨ ᠰᠡᠳᠬᠢᠯᠭᠡ ᠪᠠᠨ ᠪᠢ ᠤᠷᠠᠨ ᠪᠦᠳᠦᠭᠡᠯ᠎ᠳᠡᠭᠡᠨ ᠠᠭᠤᠰᠬᠠᠨ ᠤᠷᠤᠭᠤᠯᠳᠠᠭ᠃ 《ᠬᠦᠯᠦᠨ ᠪᠤᠢᠷ᠎ᠤᠨ ᠲᠠᠯ᠎ᠠ ᠨᠤᠳᠤᠭ》ᠲᠠᠭᠤᠤ ᠪᠤᠯ ᠲᠠᠯ᠎ᠠ ᠨᠤᠲᠤᠭ᠎ᠢᠶᠡᠨ ᠮᠠᠭᠳᠠᠨ ᠳᠠᠭᠤᠯᠠᠵᠦ᠂ ᠲᠠᠯ᠎ᠠ ᠨᠤᠲᠤᠭ᠎ᠢᠶᠡᠨ ᠰᠠᠨᠠᠨ ᠮᠦᠷᠦᠭᠡᠳᠦᠭᠰᠡᠨ ᠳᠠᠭᠤᠤ ᠪᠤᠯᠤᠨ᠎ᠠ ᠬᠡᠵᠦ ᠤᠯᠠᠭᠠᠨᠳᠤᠭ ᠶᠠᠷᠢᠨ᠎ᠠ᠃
《ᠬᠦᠯᠦᠨ ᠪᠤᠢᠷ᠎ᠤᠨ ᠲᠠᠯ᠎ᠠ ᠨᠤᠳᠤᠭ》ᠲᠠᠭᠤᠤ ᠬᠤᠷᠢᠭᠠᠳ ᠵᠢᠯ᠎ᠤᠨ ᠲᠤᠷᠰᠢ ᠤᠯᠤᠰ᠎ᠤᠨ ᠲᠤᠳᠤᠭᠠᠳᠤ ᠭᠠᠳᠠᠭᠠᠳᠤ᠎ᠳᠤ ᠲᠠᠭᠤᠯᠠᠭᠳᠠᠵᠦ᠂ ᠬᠦᠮᠦᠰ᠎ᠤᠨ ᠦᠪᠦᠷ ᠮᠤᠩᠭᠤᠯ᠎ᠤᠨ ᠲᠠᠯ᠎ᠠ ᠨᠤᠳᠤᠭ᠂ ᠬᠦᠯᠦᠨ ᠪᠤᠢᠷ᠎ᠤᠨ ᠲᠠᠯ᠎ᠠ ᠨᠤᠳᠤᠭ᠎ᠢ ᠤᠢᠯᠠᠭᠠᠨ ᠮᠡᠳᠡᠬᠦ ᠭᠡᠭᠡᠨ ᠬᠠᠭᠤᠳᠠᠰᠤ ᠪᠤᠯᠤᠭᠰᠠᠨ ᠪᠢᠯᠡ᠃ ᠲᠤᠰ ᠲᠠᠭᠤᠤ ᠵᠢ ᠪᠦᠷᠢᠨᠪᠠᠶᠠᠷ 2005 ᠤᠨᠳᠤᠲᠠᠷᠬᠠᠭᠠᠭᠰᠠᠨ 《ᠲᠡᠭᠷᠢ ᠵᠢᠨ ᠬᠠᠶᠠᠭ᠎ᠠ》 ᠬᠡᠬᠦ ᠴᠤᠮᠤᠭ ᠲᠠᠭᠠᠨ ᠪᠠᠬᠳᠠᠭᠠᠬᠰᠠᠨ ᠪᠤᠯ 2013 ᠤᠨ᠎ᠳᠤ᠂ ᠲᠦᠩᠯᠢᠶᠤᠤ ᠬᠤᠲᠠ ᠵᠢᠨ ᠨᠢ᠋ᠮᠠᠨ ᠬᠤᠰᠢᠭᠤ ᠪᠡᠷ ᠨᠤᠳᠤᠭ ᠲᠠᠢ ᠰᠢᠯᠦᠭᠴᠢ ᠮ·ᠬᠦᠭᠡᠬᠦᠦ ᠲᠠᠭᠤᠤ ᠵᠢᠨ ᠦᠭᠡ ᠵᠢ ᠮᠤᠩᠭᠤᠯᠴᠢᠯᠠᠵᠦ᠂ ᠨᠢ᠋ᠮᠠᠨ ᠬᠤᠰᠢᠭᠤ ᠪᠡᠷ ᠨᠤᠳᠤᠭ ᠲᠠᠢ ᠲᠠᠭᠤᠴᠢᠨ ᠬᠦᠴᠦᠨ ᠲᠠᠭᠤᠯᠠᠵᠤ᠂ 2018 ᠤᠨ᠎ᠳᠤ 《ᠡᠭᠡᠰᠢᠭ》 ᠰᠦᠯᠵᠢᠶ᠎ᠠ ᠲᠡᠭᠡᠷ᠎ᠠ ᠨᠡᠢᠳᠡᠯᠡᠵᠡᠢ᠃
— ᠲᠤᠰ ᠲᠠᠭᠤᠤ ᠬᠦᠮᠦᠨ ᠠᠷᠠᠳ᠎ᠤᠨ ᠰᠡᠳᠬᠢᠯ᠎ᠳᠤ ᠬᠠᠳᠠᠩᠰᠢᠭᠰᠠᠨ ᠳᠠᠭᠤᠤ ᠰᠢᠦᠳᠠ᠃ ᠡᠢᠮᠦ ᠪᠤᠯᠬᠤᠷ ᠪᠢ ᠲᠠᠭᠤᠤ ᠵᠢᠨ ᠦᠭᠡ ᠵᠢ ᠮᠤᠩᠭᠤᠯᠴᠢᠯᠠᠬᠤ᠎ᠳᠠᠭᠠᠨ ᠮᠠᠰᠢ ᠬᠦᠨᠵᠡᠭᠡᠢ ᠪᠤᠳᠤᠭᠰᠠᠨ᠃ ᠲᠠᠭᠤᠤ ᠵᠢᠨ ᠤᠷᠴᠢᠭᠤᠯᠭ᠎ᠠ ᠪᠤᠯ ᠡᠩ᠎ᠤᠨ ᠰᠢᠯᠦᠭ ᠨᠠᠢᠷᠠᠭᠤᠯᠤᠯ᠎ᠤᠨ ᠤᠷᠴᠢᠭᠤᠯᠭ᠎ᠠ ᠲᠠᠢ ᠠᠳᠠᠯᠢ ᠦᠭᠡᠢ᠂ ᠤᠤᠯ ᠤᠳᠬ᠎ᠠ ᠵᠢ ᠭᠠᠷᠭᠠᠬᠤ ᠡᠴᠡ ᠭᠠᠳᠠᠨ᠎ᠠ ᠪᠠᠰᠠ ᠠᠶ᠎ᠠ ᠲᠠᠢ ᠵᠤᠬᠢᠴᠠᠭᠤᠯᠵᠦ ᠪᠠᠢᠭᠠᠳ ᠤᠷᠠᠨ ᠢᠷᠠᠭᠤ ᠂ ᠤᠷᠤᠰᠤᠮ᠎ᠠ ᠰᠠᠢᠬᠠᠨ ᠬᠡᠯᠡ ᠬᠡᠯᠡᠯᠭᠡ ᠲᠠᠢ ᠪᠠᠢᠬᠤ ᠵᠢ ᠠᠩᠬᠠᠷᠤᠭᠰᠠᠨ ᠭᠡᠵᠦ ᠮ·ᠬᠦᠭᠡᠬᠦᠦ ᠶᠠᠷᠢᠵᠦ ᠪᠠᠢᠬᠰᠠᠨ᠃
ᠦᠨᠡᠯᠡᠯᠳᠡ —
ᠪᠦᠷᠢᠨᠴᠡᠩᠭᠡᠯ (ᠦᠪᠦᠷ ᠮᠤᠩᠭᠤᠯ᠎ᠤᠨ ᠤᠳᠬ᠎ᠠ ᠤᠷᠠᠯᠢᠭ᠎ᠤᠨ ᠬᠤᠯᠪᠤᠭ᠎ᠠ ᠵᠢᠨ ᠬᠢᠨ᠎ᠤ ᠲᠡᠭᠡᠳᠤ ᠵᠡᠷᠭᠡ ᠵᠢᠨ ᠬᠢᠨᠠᠨ ᠨᠠᠢᠷᠠᠭᠤᠯᠤᠭᠴᠢ᠂ ᠲᠤᠮᠳᠠᠳᠤ ᠤᠯᠤᠰ᠎ᠤᠨ ᠲᠠᠭᠤᠤ ᠬᠦᠭᠵᠢᠮᠴᠢᠳ᠎ᠤᠨ ᠨᠠᠢᠭᠡᠮᠯᠢᠭᠤᠨ ᠬᠡᠰᠢᠬᠦᠨ)
ᠲᠤᠰ ᠲᠠᠭᠤᠤ ᠬᠦᠯᠦᠨ ᠪᠤᠢᠷ᠎ᠤᠨ ᠲᠠᠯ᠎ᠠ ᠨᠤᠳᠤᠭ᠎ᠤᠨ ᠭᠤᠸ᠎ᠠ ᠦᠵᠡᠰᠭᠦᠯᠡᠩ᠂ ᠮᠠᠯᠴᠢᠨ ᠠᠷᠠᠳ᠎ᠤᠨ ᠵᠤᠯ ᠵᠢᠷᠭᠠᠯᠳᠤ ᠠᠮᠢᠳᠤᠷᠠᠯ᠎ᠢ ᠲᠤᠰᠬᠠᠭᠰᠠᠨ ᠶᠤᠮ᠃ ᠲᠤᠰ ᠲᠠᠭᠤᠤ ᠵᠢᠨ ᠬᠦᠮᠦᠨ᠎ᠤ ᠰᠡᠳᠬᠢᠯ᠎ᠳᠤ ᠬᠦᠷᠦᠭᠰᠡᠨ ᠨᠢᠭᠡᠨ ᠭᠤᠤᠯ ᠰᠢᠯᠳᠠᠭᠠᠨ ᠪᠤᠯ ᠠᠶ᠎ᠠ ᠵᠢᠨ ᠲᠠᠯ᠎ᠠ ᠪᠡᠷ ᠮᠠᠰᠢ ᠤᠶᠠᠷᠠᠭᠤᠨ ᠵᠦᠭᠡᠯᠡᠨ᠂ ᠰᠢᠯᠦᠭ᠎ᠤᠨ ᠲᠠᠯ᠎ᠠ ᠪᠡᠷ ᠤᠷᠤᠰᠤᠮ᠎ᠠ ᠪᠠᠶᠠᠯᠢᠭ᠎ᠲᠤ ᠪᠤᠢ᠃ ᠲᠠᠭᠤᠤ ᠵᠢᠨ ᠠᠶᠠᠯᠭᠤ ᠵᠢᠨ ᠬᠤᠪᠢ᠎ᠳᠤ 4/4 ᠴᠤᠬᠢᠯᠠᠭ᠎ᠠ ᠲᠠᠢ᠂ ᠭᠤᠤᠯᠳᠠᠭᠤ 《ᠳ᠋ᠤᠤ᠂ ᠷᠤᠸᠠᠢ᠂ ᠮᠢ》 ᠬᠡᠬᠦ ᠭᠤᠷᠪᠠᠨ ᠨᠤᠲ ᠢ᠋ ᠬᠡᠷᠡᠭᠯᠡᠭᠰᠡᠨ ᠬᠦᠩᠳᠠᠬᠦᠨᠤ ᠬᠦᠭ ᠠᠶᠠᠯᠭᠤ ᠲᠠᠢ ᠤᠷᠠᠨ ᠪᠦᠳᠦᠭᠡᠯ ᠪᠤᠯᠤᠨ᠎ᠠ᠃ ᠬᠦᠩᠳᠠᠬᠦᠨᠤ ᠲᠠᠭᠤᠤ ᠪᠤᠯ ᠬᠦᠮᠦᠰ᠎ᠲᠤ ᠶᠠᠷᠤᠳᠡᠭᠡᠨ ᠶᠡᠭᠡ ᠲᠤᠩᠭᠠᠯᠠᠭ ᠰᠠᠢᠬᠠᠨ ᠲᠦᠷᠦᠭᠳᠡᠯ ᠦᠭᠳᠡᠭ᠃

ᠲᠡᠮᠡᠦᠯᠬᠦ ᠬᠦᠰᠡᠯ ᠮᠢᠨᠢ ᠲᠡᠷᠲᠡᠭᠡ ᠠᠯᠤᠰ᠎ᠲᠤ
ᠲᠡᠭᠷᠢ ᠵᠢᠨ ᠬᠢᠵᠠᠭᠠᠷ᠎ᠲᠠᠬᠢ ᠲᠠᠯ᠎ᠠ ᠨᠤᠲᠤᠭ ᠮᠢᠨᠢ
ᠲᠣᠭᠣᠷᠢᠮ ᠲᠡᠨᠵᠢᠨ᠎ᠳᠡᠭᠡᠨ ᠴᠠᠢᠯᠵᠡᠨ ᠬᠠᠷᠠᠭᠳᠠᠬᠤ
ᠬᠤᠨ ᠴᠠᠭᠠᠨ ᠭᠡᠷ᠎ᠤᠳ ᠬᠣᠨᠢᠳ ᠰᠢᠭ᠋ ᠪᠡᠯᠴᠢᠨ᠎ᠡ
ᠥᠷᠥᠴᠡ ᠬᠠᠢᠷ᠎ᠠ ᠮᠢᠨᠢ ᠥᠨᠳᠥᠷ ᠠᠭᠤᠯᠠᠨ᠎ᠳᠠᠭᠠᠨ
ᠰᠠᠷᠢᠳᠠᠭ ᠲᠠᠰᠢᠯᠳᠦᠭᠰᠡᠨ ᠰᠦᠮᠪᠦᠷ ᠰᠢᠲᠦᠭᠡᠨ ᠬᠢᠩᠭᠠᠨ ᠮᠢᠨᠢ
ᠡᠭᠦᠯᠡ ᠰᠢᠭᠤᠢ ᠦᠨᠦᠰᠦᠯᠴᠡᠭᠰᠡᠨ ᠨᠡᠯᠦᠭᠡᠷ ᠶᠡᠬᠡ ᠤᠢᠳᠠᠭᠠᠨ
ᠡᠷᠡᠯᠬᠡᠭ ᠪᠦᠷᠭᠦᠳ ᠡᠬᠡ ᠨᠤᠲᠤᠭ ᠵᠢᠡᠨ ᠴᠠᠭᠳᠠᠨ᠎ᠠ
ᠬᠥᠯᠥᠨ ᠪᠤᠢᠷ᠎ᠤᠨ ᠲᠠᠯ᠎ᠠ ᠨᠤᠲᠤᠭ᠎ᠲᠤ ᠮᠢᠨᠢ
ᠬᠤᠷᠠᠭᠠᠨ ᠡᠭᠦᠯᠡᠰ ᠨᠡᠭᠦᠳᠡᠯᠯᠡᠭᠡᠳ ᠬᠣᠩᠭᠣᠷ ᠰᠡᠳᠬᠢᠯ ᠭᠦᠪᠦᠯᠵᠡᠨᠠ
ᠬᠥᠯᠥᠨ ᠪᠤᠢᠷ᠎ᠤᠨ ᠲᠠᠯ᠎ᠠ ᠨᠤᠲᠤᠭ ᠮᠢᠨᠢ
ᠵᠢᠷᠦᠬᠡᠨ᠎ᠤ ᠰᠡᠮᠡᠷᠬᠡᠢ ᠤᠨᠠᠭᠠᠨ ᠲᠡᠮᠡᠦᠯᠤᠭᠡ
ᠡᠷᠢᠯ ᠢᠲᠡᠭᠡᠯ᠎ᠤᠨ ᠮᠢᠨᠢ ᠲᠠᠯᠠᠯᠭ᠎ᠠ ᠬᠤᠷᠤᠢᠯᠠᠭᠰᠠᠨ
ᠡᠷᠭᠦᠨ᠎ᠡ ᠭᠣᠣᠯ ᠮᠢᠨᠢ ᠲᠠᠯ᠎ᠠ ᠶ᠋ᠢ ᠵᠦᠰᠦᠨ ᠢᠨᠴᠠᠭᠠᠨ᠎ᠠ
ᠡᠵᠢ ᠨᠤᠲᠤᠭ᠎ᠲᠠᠭᠠᠨ ᠪᠢ ᠬᠠᠢᠷᠠᠲᠠᠢ
ᠣᠯᠣᠮ ᠦᠭᠡᠢ ᠭᠦᠨ ᠤᠷᠤᠰᠬᠠᠯ ᠢᠷᠦᠭᠡᠯ ᠪᠢᠯᠬᠠᠭᠠᠨ ᠤᠷᠤᠰᠤᠨ᠎ᠠ
ᠬᠦᠯᠤᠨ ᠪᠦᠢᠷ᠎ᠤᠨ ᠲᠠᠯ᠎ᠠ ᠨᠤᠳᠤᠭ ᠲᠸ᠋ ᠮᠢᠨᠢ
ᠬᠤᠷᠠᠭᠠᠨ ᠡᠬᠦᠯᠡᠰ ᠨᠡᠬᠦᠳᠡᠯᠯᠡᠭᠡᠳ
ᠬᠤᠡᠭᠭᠤᠷ ᠰᠡᠳᠬᠢᠯ ᠬᠦᠪᠤᠯᠵᠠᠨᠠ
ᠬᠦᠯᠤᠨ ᠪᠤᠢᠷ᠎ᠤᠨ ᠲᠠᠯ᠎ᠠ ᠨᠤᠳᠤᠭ ᠲᠸ᠋ ᠮᠢᠨᠢ
ᠬᠤᠷᠠᠭᠠᠨ ᠡᠬᠦᠯᠡᠰ ᠨᠡᠬᠦᠳᠡᠯᠯᠡᠭᠡᠳ
ᠬᠤᠡᠭᠭᠤᠷ ᠰᠡᠳᠬᠢᠯ ᠬᠦᠪᠤᠯᠵᠠᠨᠠ
ᠬᠦᠯᠤᠨ ᠪᠤᠢᠷ᠎ᠤᠨ ᠲᠠᠯ᠎ᠠ ᠨᠤᠳᠤᠭ ᠲᠸ᠋ ᠮᠢᠨᠢ
ᠵᠢᠷᠤᠭᠡᠨ ᠤ ᠰᠡᠮᠡᠷᠭᠡᠢ ᠤᠨᠠᠭᠠᠨ ᠲᠡᠮᠠᠤᠯᠤᠭᠡ
ᠵᠢᠷᠤᠭᠡᠨ᠎ᠤ ᠰᠡᠮᠡᠷᠭᠡᠢ ᠤᠨᠠᠭᠠᠨ ᠲᠠᠮᠤᠯᠤᠭᠡ

