ᠦᠨᠳᠦᠰᠦᠨ ᠪᠠᠢᠳᠠᠯ —
ᠵᠤᠬᠢᠶᠠᠨ ᠪᠦᠳᠦᠭᠡᠭᠰᠡᠨ ᠴᠠᠭ᠄ ᠲᠤᠳᠤᠷᠬᠠᠢ ᠦᠭᠡᠢ
ᠦᠭᠡ᠂ ᠠᠶ᠎ᠡ᠄ ᠠᠷᠠᠳᠤᠨ ᠲᠠᠭᠤᠤ
ᠵᠤᠬᠢᠶᠠᠨ ᠪᠦᠳᠦᠭᠡᠭᠰᠡᠨ ᠬᠡᠯᠪᠡᠷᠢ᠄ ᠠᠷᠠᠳᠤᠨ ᠲᠠᠭᠤᠤ ᠡᠴᠡ ᠤᠷᠴᠢᠭᠤᠯᠤᠭᠳᠠᠨ ᠪᠦᠬᠦ ᠤᠯᠤᠰ ᠲᠦ᠍ ᠲᠠᠷᠬᠠᠨ ᠲᠡᠯᠭᠡᠷᠡᠭᠰᠡᠨ ᠤᠨᠴᠠᠭᠠᠢ ᠨᠢᠭᠡᠨ ᠰᠤᠩᠭᠤᠳᠠᠭ ᠬᠡᠯᠪᠡᠷᠢ
ᠠᠶ᠎ᠠ ᠵᠢᠨ ᠤᠨᠴᠠᠯᠢᠭ᠄ ᠤᠶᠠᠷᠠᠭᠤᠨ ᠵᠢᠪᠬᠤᠯᠠᠩᠲᠠᠢ
ᠲᠠᠭᠤᠤ ᠵᠢᠨ ᠲᠦᠷᠦᠯ᠄ ᠠᠷᠠᠳᠤᠨ ᠲᠠᠭᠤᠤ
ᠠᠯᠳᠠᠷ —
2005 ᠤᠨᠳᠤ ᠡᠷᠭᠦᠨ᠎ᠡ ᠬᠠᠮᠲᠤᠯᠢᠭ ᠲᠦᠪ ᠲᠸᠯᠸᠢᠰᠤᠨ ᠭᠤᠷᠪᠠᠳᠤᠭᠠᠷ ᠰᠤᠪᠠᠭᠤᠨ ᠡᠷᠬᠢᠯᠡᠭᠰᠡᠨ 《ᠤᠲᠤᠨᠭᠢᠯᠪᠠᠭᠠᠲᠦ ᠵᠠᠮ》 ᠳ᠋ᠤ ᠤᠷᠤᠯᠴᠠᠵᠦ᠂ ᠵᠢᠯᠤᠨ ᠡᠴᠦᠰᠤᠨ ᠪᠦᠬᠦ ᠤᠯᠤᠰᠤᠨ ᠮᠠᠩᠯᠠᠢ ᠰᠢᠯᠭᠠᠷᠠᠭᠤᠯᠬᠤ ᠤᠷᠤᠯᠳᠤᠭᠠᠨᠳᠤ 《ᠬᠤᠨ ᠭᠠᠯᠠᠭᠤ》 ᠭᠡᠬᠦ ᠲᠠᠭᠤᠤ ᠪᠠᠷ ᠵᠢᠡᠨ ᠭᠤᠳᠠᠭᠠᠷ ᠲᠦ᠍ ᠲᠤᠳᠤᠷᠠᠵᠦ ᠠᠯᠳᠠᠷᠰᠢᠭᠰᠠᠨ᠃ 2006 ᠤᠨᠳᠤ ᠲᠤᠰ ᠲᠠᠭᠤᠤ《ᠲᠤᠷᠤᠨᠠᠰᠢ ᠪᠤᠴᠠᠭᠰᠠᠨ ᠪᠠᠭᠠᠲᠤᠷᠴᠤᠳ》 ᠬᠡᠮᠡᠬᠦ ᠦᠷᠬᠦᠯᠵᠢᠯᠡᠭᠰᠡᠨ ᠲᠸᠯᠸᠢᠰ ᠵᠦᠴᠦᠭᠡ ᠵᠢᠨ ᠭᠤᠤᠯ ᠰᠡᠲᠦᠪᠲᠦ ᠲᠠᠭᠤᠤ ᠪᠡᠷ ᠰᠤᠡᠭᠭᠤᠬᠳᠠᠪᠠ᠃
ᠦᠯᠢᠭᠡᠷ —
ᠤᠷᠠᠳ ᠠᠷᠠᠳᠤᠨ ᠲᠠᠭᠤᠤ 《ᠬᠤᠨ ᠭᠠᠯᠠᠭᠤ》 ᠵᠢ ᠮᠠᠨᠤ ᠤᠷᠤᠨᠤ ᠡᠯ᠎ᠠ ᠨᠤᠳᠤᠭ ᠵᠢᠡᠷ ᠲᠦᠭᠡᠮᠡᠯ ᠲᠠᠭᠤᠯᠠᠳᠠᠭ᠃ ᠲᠤᠰ ᠨᠠᠢᠷᠤᠨ ᠳᠠᠭᠤᠤ ᠳ᠋ᠤ᠌ 《ᠭᠦᠷᠦᠭᠡᠳ ᠢᠷᠡᠯ᠎ᠡ᠂ ᠤᠴᠠᠷᠠᠨ ᠵᠣᠯᠭᠠᠯ᠎ᠠ》 ᠭᠡᠵᠦ ᠪᠠᠶᠠᠷᠯᠠᠨ ᠳᠣᠭᠳᠣᠯᠵᠤ ᠪᠠᠢᠨ᠎ᠠ᠂ ᠲᠠᠭᠢᠭᠠᠳ ᠪᠤᠴᠠᠬᠤ ᠶ᠋ᠢ ᠨᠢ ᠪᠤᠳᠤᠬᠤ ᠡᠴᠡ ᠰᠡᠳᠬᠢᠯ ᠤᠶᠠᠷᠠᠵᠤ 《ᠬᠣᠨᠣᠭᠤᠲᠠ ᠥᠨᠵᠢᠭᠦᠲᠡ ᠨᠠᠢᠷᠯᠠᠨ ᠰᠠᠭᠤᠶ᠎ᠠ ᠭᠦ ᠁》 ᠭᠡᠵᠦ ᠰᠠᠯᠵᠤ ᠶᠠᠳᠠᠨ ᠬᠣᠷᠭᠣᠳᠠᠭᠰᠠᠨ ᠭᠦᠨ ᠵᠤᠵᠠᠭᠠᠨ ᠬᠠᠢᠷ᠎ᠠ ᠰᠡᠳᠬᠢᠯᠭᠡ ᠪᠢᠯᠬᠠᠵᠤ ᠪᠠᠢᠳᠠᠭ ᠪᠤᠯᠬᠤᠷ ᠮᠠᠨᠤ ᠦᠪᠦᠷ ᠮᠤᠩᠭᠤᠯᠴᠤᠳᠤᠨ ᠵᠤᠴᠢᠨᠰᠠᠭ ᠬᠠᠯᠠᠭᠤᠮᠰᠤᠭ ᠤᠯᠠᠮᠵᠢᠯᠠᠯᠳᠤ ᠵᠠᠩ ᠲᠠᠳᠬᠠᠯᠢ ᠬᠦᠢᠴᠡᠳ ᠢᠯᠡᠷᠡᠬᠦᠯᠵᠡᠢ᠃ 《ᠮᠠᠭᠳᠠᠭᠠᠯ ᠲᠠᠭᠤᠤ》 ᠵᠢᠨ ᠠᠶ᠎ᠠ ᠨᠢ ᠲᠤᠰ ᠲᠠᠭᠤᠤ ᠵᠢᠨ ᠠᠶ᠎ᠠ ᠲᠠᠢ ᠠᠳᠠᠯᠢ ᠪᠠᠢᠳᠠᠭ ᠤᠴᠢᠷ ᠡᠴᠡ 《ᠮᠠᠭᠳᠠᠭᠠᠯ ᠲᠠᠭᠤᠤ》 ᠵᠢᠨ ᠠᠶ᠎ᠠ ᠵᠢ ᠲᠤᠰ ᠲᠠᠭᠤᠤ ᠵᠢᠨ ᠠᠶ᠎ᠠ ᠡᠴᠡ ᠡᠬᠢ ᠠᠪᠤᠯ᠎ᠠ ᠭᠡᠵᠦ ᠨᠢᠭᠡ ᠪᠦᠯᠦᠭ ᠬᠦᠮᠦᠰ ᠦᠵᠡᠳᠡᠭ᠃
— 《 ᠬᠤᠨ ᠭᠠᠯᠠᠭᠤ》 ᠪᠤᠶᠤ 《ᠬᠤᠨ ᠴᠠᠭᠠᠨ ᠭᠠᠯᠠᠭᠤ》 ᠬᠡᠰᠡᠨ ᠡᠨᠡ ᠲᠠᠭᠤᠤ ᠵᠢ ᠪᠢ ᠪᠠᠭ᠎ᠠ ᠪᠠᠢᠬᠤᠳᠠᠭᠠᠨ ᠠᠬᠠᠮᠠᠳ ᠨᠠᠰᠤᠳᠠᠢᠴᠤᠳ ᠤᠨ ᠲᠠᠭᠤᠯᠠᠵᠤ ᠪᠠᠢᠬᠤ ᠵᠢ ᠤᠯᠠᠨᠳᠠ ᠰᠤᠨᠤᠰᠴᠤ ᠪᠠᠢᠬᠰᠠᠨ᠂ ᠮᠢᠨᠤ ᠨᠠᠭᠠᠴᠤ ᠡᠵᠢ ᠡᠨᠡ ᠲᠠᠭᠤᠤ ᠵᠢ ᠪᠠᠰᠠ ᠮᠠᠰᠢ ᠰᠠᠢᠬᠠᠨ ᠲᠠᠭᠤᠯᠠᠳᠠᠭ ᠪᠠᠢᠬᠰᠠᠨ ᠬᠡᠵᠤ ᠲᠠᠭᠤᠴᠢᠨ ᠬᠦᠰᠡᠯᠡᠡᠭ ᠶᠠᠷᠢᠵᠤ ᠪᠠᠢᠪᠠ᠃
2009 ᠣᠨᠳᠤ ᠠᠷᠠᠳᠤᠨ ᠶᠡᠬᠡ ᠬᠤᠷᠠᠯᠤᠨ ᠲᠠᠩᠬᠢᠮᠤᠨ ᠠᠯᠲᠠᠨ ᠰᠢᠷᠭᠠᠯ ᠲᠢᠩᠬᠢᠮᠳᠤ ᠶᠠᠪᠤᠭᠳᠠᠭᠰᠠᠨ ᠠᠮᠧᠷᠢᠺᠠ ᠵᠢᠨ ᠶᠡᠷᠦᠩᠬᠡᠢᠯᠡᠭᠴᠢ ᠤᠤᠪᠠᠮᠠ ᠶ᠋ᠢ ᠤᠭᠲᠤᠬᠤ ᠲᠤᠬ᠍ᠯᠠᠯᠲᠠ ᠳ᠋ᠤ᠌ ᠳᠠᠭᠤᠴᠢᠨ ᠬᠦᠰᠡᠯᠡᠩ ᠤᠷᠤᠯᠴᠠᠵᠦ᠂ 《ᠬᠤᠨ ᠭᠠᠯᠠᠭᠤ》 ᠶ᠋ᠢ ᠳᠠᠭᠤᠯᠠᠭᠰᠠᠨ ᠨᠢ ᠲᠤᠰ ᠳᠠᠭᠤᠤᠵᠢᠨ ᠨᠥᠯᠥᠭᠡ ᠤᠯᠤᠰᠤᠨ ᠬᠢᠵᠠᠭᠠᠷᠢ ᠳᠠᠪᠠᠵᠤ ᠳᠡᠯᠡᠬᠡᠢᠳᠤ ᠬᠠᠨᠳᠤᠭᠰᠠᠨᠤ ᠪᠡᠯᠭᠡ ᠲᠡᠮᠳᠡᠭ ᠪᠣᠯᠵᠠᠢ᠃ 《ᠲᠤᠰ ᠲᠤᠬ᠍ᠯᠠᠯᠲᠠᠳᠤ ᠤᠷᠤᠯᠴᠠᠵᠦ᠂ 〈ᠬᠤᠨ ᠭᠠᠯᠠᠭᠤ〉 ᠭᠡᠬᠦ ᠳᠠᠭᠤᠤ ᠪᠠᠨ ᠳᠠᠭᠤᠯᠠᠭᠰᠠᠨ ᠳ᠋ᠠᠭᠠᠨ ᠪᠢ ᠢᠮᠠᠭᠲᠠ ᠰᠡᠳᠬᠢᠯ ᠪᠠᠬᠠᠳᠤᠵᠤ ᠶᠠᠪᠤᠳᠠᠭ ᠶᠤᠮ᠃ ᠲᠠᠭᠤᠤ ᠤᠷᠠᠯᠢᠬ ᠬᠡᠯᠡᠨᠤ ᠬᠢᠵᠠᠭᠠᠷ ᠦᠭᠡᠢ ᠭᠡᠳᠡᠭ ᠨᠢ ᠦᠨᠡᠨ ᠪᠠᠢᠬ᠎ᠠ》 ᠭᠡᠵᠦ ᠬᠦᠰᠡᠯᠡᠩ ᠶᠠᠷᠢᠵᠦ ᠪᠠᠢᠭᠰᠠᠨ᠃
— 2003 ᠣᠨᠤ ᠦᠶ᠎ᠡ ᠪᠠᠷ ᠮᠠᠨᠦ ᠬᠠᠮᠲᠤᠯᠢᠭᠤᠨ ᠬᠢᠨ ᠪᠡᠭᠡᠵᠢᠩ ᠤᠨ ᠠᠷᠢᠬᠢᠨ ᠪᠠᠭᠠᠷ ᠲᠦ᠍ 《ᠬᠤᠨ ᠭᠠᠯᠠᠭᠤ》 ᠲᠠᠭᠤᠤ ᠪᠡᠨ ᠲᠠᠭᠤᠯᠠᠵᠤ ᠪᠠᠢᠬᠤᠳᠤ᠂ ᠳᠠᠭᠤᠤ ᠬᠥᠭᠵᠢᠮᠤᠨ ᠬᠢᠨᠠᠨ ᠦᠢᠯᠡᠳᠦᠭᠴᠢ ᠯᠢᠦᠢ ᠶᠠᠨ ᠸᠧᠢ ᠭᠤᠸᠠᠢ᠄ 《ᠠᠬᠢᠭᠠᠳ ᠨᠢᠭᠡ !ᠡᠨᠡ ᠶᠠᠮᠠᠷ ᠳᠠᠭᠤᠤ ᠶᠤᠮ ᠪᠤᠢ? ᠪᠣᠯᠵᠤ ᠪᠠᠢᠨ᠎ᠠ!᠁》 ᠭᠡᠳ ᠲᠠᠬᠢᠨ ᠨᠠᠢᠷᠠᠭᠤᠯᠤᠨ ᠳᠠᠭᠤᠯᠠᠬᠤ ᠰᠠᠨᠠᠯ ᠥᠭᠭᠦᠭᠰᠡᠨ᠃ ᠲᠡᠭᠡᠭᠡᠳ ᠡᠨᠡ ᠳᠠᠭᠤᠤ ᠵᠢᠨ ᠵᠢᠡᠨ ᠪᠤᠶᠠᠨ ᠵᠢᠡᠷ ᠮᠠᠨᠦ ᠬᠠᠮᠲᠤᠯᠢᠭ᠋ ᠪᠠᠭᠠᠷᠤᠨ ᠲᠠᠢᠰᠠᠨ ᠡᠴᠡ ᠵᠢᠩᠬᠢᠨᠢ ᠤᠷᠠᠯᠢᠭ᠋ᠤᠨ ᠲᠠᠢᠰᠠᠨᠳᠤ ᠭᠠᠷᠤᠭᠰᠠᠨ ᠭᠡᠵᠦ ᠡᠷᠭᠦᠨ᠎ᠡ ᠬᠠᠮᠲᠤᠯᠢᠭ᠋ᠤᠨ ᠠᠬᠠᠯᠠᠭ᠍ᠴᠢ ᠮᠠᠰᠢᠪᠠᠲᠤ ᠶᠠᠷᠢᠵᠦ ᠪᠠᠢᠯ᠎ᠠ᠃
ᠠᠶ᠎ᠠ ᠶ᠋ᠢ ᠨᠢ ᠨᠠᠢᠷᠠᠭᠤᠯᠤᠨ ᠵᠣᠬᠢᠶᠠᠭᠰᠠᠨ ᠤ᠋ ᠲᠠᠷᠠᠭ᠎ᠠ᠂ ᠪᠠᠶᠠᠷ ᠨᠠᠢᠷᠤᠨ ᠰᠢᠷᠡᠭᠡᠨ ᠳᠡᠭᠡᠷ᠎ᠡ ᠭᠦᠭ ᠨᠡᠮᠡᠵᠦ ᠬᠥᠭᠵᠢᠶᠡᠨ ᠨᠡᠮᠡᠷᠢᠯᠡᠨ ᠳᠠᠭᠤᠯᠠᠳᠠᠭ ᠨᠠᠢᠷᠤᠨ ᠳᠠᠭᠤᠤ ᠪᠠᠢᠭᠰᠠᠨ ᠡᠨᠡ ᠬᠦ᠌ 《ᠬᠤᠨ ᠭᠠᠯᠠᠭᠤ》 ᠳᠠᠭᠤᠤ ᠳ᠋ᠤ᠌ ᠭᠦᠭ ᠠᠶᠠᠰ᠂ ᠤᠷᠮᠠᠰ ᠰᠡᠳᠬᠢᠯᠭᠡ ᠵᠢᠨ ᠲᠠᠯ᠎ᠠ ᠪᠠᠷ ᠦᠯᠦ ᠮᠡᠳᠡᠭ ᠬᠤᠪᠢᠷᠠᠯᠲᠠ ᠭᠠᠷᠴᠤ᠂ ᠰᠠᠨᠠᠭᠠᠯᠵᠠᠵᠤ ᠮᠥᠷᠥᠭᠡᠳᠦᠭᠰᠡᠨ ᠤᠶᠠᠷᠠᠩᠭᠤᠢ ᠰᠠᠨᠠᠭ᠎ᠠ ᠨᠢ ᠤᠯᠠᠮ ᠥᠳᠬᠡᠷᠡᠭᠰᠡᠨ ᠪᠠᠢᠨ᠎ᠠ᠃ ᠢᠯᠠᠩᠭᠤᠶ᠎ᠠ ᠯᠢᠦᠢ ᠶᠠᠨ ᠸᠧᠢ ᠳᠠᠭᠤᠤ ᠵᠢᠨ ᠭᠣᠣᠯ ᠰᠠᠨᠠᠭ᠎ᠠ ᠶ᠋ᠢ ᠦᠨᠳᠦᠰᠦᠯᠡᠵᠦ᠂ ᠬᠢᠲᠠᠳ ᠦᠭᠡ ᠲᠠᠭᠠᠷᠠᠭᠤᠯᠬᠤ ᠳ᠋ᠠᠭᠠᠨ ᠨᠠᠮᠤᠷᠤᠨ ᠨᠠᠪᠴᠢᠰ ᠰᠢᠷᠠᠯᠠᠵᠤ᠂ ᠨᠠᠭᠤᠷᠤᠨ ᠭᠠᠯᠠᠭᠤ ᠰᠢᠪᠠᠭᠤ ᠪᠤᠴᠠᠵᠤ ᠪᠠᠢᠭ᠎ᠠ ᠪᠠᠷ ᠳᠦᠷᠰᠦᠯᠡᠵᠦ᠂ ᠨᠤᠲᠤᠭ ᠤᠰᠤ᠂ ᠠᠬ᠎ᠠ ᠳᠡᠭᠦᠦ ᠲᠦᠷᠦᠯ ᠰᠠᠳᠤᠨ ᠵᠢᠡᠨ ᠰᠠᠨᠠᠭᠠᠯᠵᠠᠵᠤ ᠮᠥᠷᠥᠭᠡᠳᠦᠭᠰᠡᠨ ᠭᠦᠨ ᠵᠤᠵᠠᠭᠠᠨ ᠬᠠᠢᠷ᠎ᠠ ᠰᠡᠳᠬᠢᠯᠭᠡ᠂ ᠨᠠᠢᠷ ᠵᠢᠷᠤᠮᠢ ᠢᠯᠡᠭᠦᠦ ᠲᠤᠪᠤᠢᠯᠭᠠᠵᠠᠢ᠃
2005 ᠣᠨᠳᠤ ᠡᠷᠭᠦᠨ᠎ᠡ ᠬᠠᠮᠲᠤᠯᠢᠭ᠋《ᠤᠲᠤᠨ ᠭᠢᠯᠪᠠᠭᠠᠲᠤ ᠵᠠᠮ》 ᠳ᠋ᠤ ᠤᠷᠤᠯᠴᠠᠵᠦ᠂《ᠬᠤᠨ ᠭᠠᠯᠠᠭᠤ》 ᠳᠠᠭᠤᠤ ᠶ᠋ᠢ ᠳᠠᠭᠤᠯᠠᠭᠠᠳ ᠨᠡᠩ ᠤᠯᠠᠨ ᠬᠥᠮᠥᠨᠳᠤ ᠲᠠᠨᠢᠭᠤᠯᠪᠠ᠃ ᠬᠣᠵᠢᠮ ᠨᠢ 《ᠬᠤᠨ ᠭᠠᠯᠠᠭᠤ 》 ᠶ᠋ᠢ ᠲᠡᠭᠷᠢ ᠂ ᠬᠠᠨ ᠬᠤᠩ᠂ ᠬᠠᠨ ᠯᠧᠢ ᠵᠡᠷᠭᠡ ᠤᠯᠠᠨ ᠳᠠᠭᠤᠴᠢᠨ ᠤᠷᠢᠳ ᠬᠣᠵᠢᠳ ᠠᠯᠳᠠᠷᠰᠢᠭᠤᠯᠤᠨ ᠳᠠᠭᠤᠯᠠᠵᠠᠢ᠃

ᠬᠤᠨ ᠶᠦ᠍ ᠴᠠᠭᠠᠨ ᠭᠠᠯᠠᠭᠤ ᠰᠢᠪᠠᠭᠤᠬᠠᠢ
ᠬᠤᠯᠤᠰᠦᠲᠠᠢ ᠨᠠᠭᠤᠷ ᠲᠠᠭᠠᠨ ᠱᠤᠮᠪᠠᠭᠠᠳ ᠪᠠᠢᠨ᠎ᠡ ᠬᠦ
ᠬᠤᠯᠠ ᠵᠢᠨ ᠭᠡᠢᠴᠢᠳ ᠮᠢᠨᠢ ᠬᠦᠷᠦᠭᠡᠳ ᠢᠷᠠᠯᠡᠳ᠋ᠤᠤᠡ
ᠬᠤᠨᠤᠭᠤᠲᠠ ᠦᠨᠵᠢᠭᠦᠲᠡ ᠨᠠᠢᠷᠯᠠᠨ ᠰᠠᠭᠤᠶᠡ ᠬᠦ
ᠪᠤᠷᠤ ᠶᠦ᠍ ᠠᠯᠠᠭ ᠭᠠᠯᠠᠭᠤ ᠰᠢᠪᠠᠭᠤᠬᠠᠢ
ᠪᠤᠷᠭᠠᠰᠤᠲᠠᠢ ᠨᠠᠭᠤᠷ ᠲᠠᠭᠠᠨ ᠱᠤᠮᠪᠠᠭᠠᠳ ᠪᠠᠢᠨ᠎ᠡ ᠬᠦ
ᠲᠦᠷᠦᠯ ᠶᠦ᠍ ᠰᠠᠲᠤᠨ ᠮᠢᠨᠢ ᠬᠦᠷᠦᠭᠡᠳ ᠢᠷᠡᠯ᠎ᠡ ᠳ᠋ᠤᠤᠡ
ᠬᠤᠨᠤᠭᠤᠲᠠ ᠦᠨᠵᠢᠭᠦᠲᠡ ᠨᠠᠢᠷᠯᠠᠨ ᠰᠠᠭᠤᠶᠡ ᠬᠦ

