ᠠᠮᠢᠨ ᠭᠤᠣᠯ
2024-10-23 10:16:30
ᠵᠣᠬᠢᠶᠠᠭ᠍ᠴᠢ᠄
ᠮᠦᠡᠭᠭᠦᠨᠳᠤᠶᠠᠭ᠎ᠠ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ —

ᠵᠤᠬᠢᠶᠠᠨ ᠪᠦᠳᠦᠭᠡᠭ᠌ᠰᠡᠨ ᠴᠠᠭ᠄ 2005 ᠣᠨ

ᠦᠭᠡ᠄  ᠷᠧᠨ ᠸᠧᠢ ᠱᠢᠡ

ᠠᠶ᠎ᠠ᠄  ᠰ᠊·ᠡᠩᠬᠡᠪᠡᠶᠡᠷ

ᠵᠤᠬᠢᠶᠠᠨ ᠪᠦᠳᠦᠭᠡᠭ᠌ᠰᠡᠨ ᠬᠡᠯᠪᠡᠷᠢ᠄ ᠬᠢᠳᠡᠳ ᠬᠡᠯᠡ᠎ᠪᠠᠷ ᠵᠤᠬᠢᠶᠠᠨ ᠪᠦᠳᠦᠭᠡᠵᠦ᠍᠂ ᠲᠠᠷᠠᠭ᠎ᠠ ᠨᠢ ᠮᠤᠩᠭᠤᠯᠴᠢᠯᠠᠪᠠ 

ᠠᠶ᠎ᠠ᠎ᠶ᠋ᠢᠨ ᠤᠨᠴᠠᠯᠢᠭ᠄  ᠠᠷᠡᠳ᠎ᠤᠨ ᠲᠠᠭᠤᠤ᠎ᠠᠴᠠ ᠢᠷᠠᠯᠳᠠᠢ

ᠲᠠᠭᠤᠤ ᠵᠢᠨ ᠲᠦᠷᠦᠯ᠄  ᠵᠤᠬᠢᠶᠠᠯ᠎ᠤᠨ ᠲᠠᠭᠤᠤ


QQ截图20241016104840.png


QQ截图20241016104747.png


ᠦᠯᠢᠭᠡᠷ —

《ᠬᠦᠴᠦ᠍᠎ᠪᠠᠨ ᠬᠠᠮᠳᠤᠳᠭᠠᠨ ᠰᠡᠳᠭᠢᠯ᠎ᠢᠶᠠᠨ ᠨᠢᠭᠡᠳᠭᠡᠵᠦ᠍ ᠪᠤᠭᠤᠳᠦ᠍᠎ᠶ᠋ᠢᠨ ᠪᠤᠯᠣᠳ ᠲᠡᠮᠦᠷ᠎ᠤᠨ ᠤᠢᠯᠡᠳᠪᠦᠷᠢ᠎ᠶ᠋ᠢ ᠪᠠᠢᠭᠤᠯᠤᠬ᠍ᠰᠡᠨ》 ᠬᠢᠭᠡᠳ 《ᠭᠤᠷᠪᠡᠨ ᠮᠢᠩᠭᠠᠨ ᠦᠨᠦᠴᠢᠨ ᠬᠡᠤᠭᠡᠳ ᠦᠪᠤᠷ ᠮᠣᠩᠭᠤᠯ᠎ᠳᠤ ᠦᠷᠡᠴᠢᠯᠡᠭ᠌ᠳᠡᠭ᠌ᠰᠡᠨ》 ᠶᠠᠪᠤᠳᠠᠯ᠎ᠨᠢ ᠱᠢᠨ᠎ᠡ ᠲᠤᠮᠳᠡᠳᠦ ᠤᠯᠤᠰ᠎ᠤᠨ ᠲᠡᠤᠭᠡᠨ᠎ᠳᠤ ᠮᠠᠷᠳᠠᠬ᠍ᠳᠠᠰᠢ ᠦᠭᠡᠢ ᠰᠠᠢᠬᠠᠨ ᠲᠤᠷᠡᠳᠭᠠᠯ ᠪᠤᠯᠵᠦ᠍ ᠬᠦᠮᠦᠨ ᠵᠤᠨ᠎ᠤ᠎ᠪᠠᠨ ᠰᠡᠳᠭᠢᠯ ᠵᠢᠷᠤᠭᠡᠨ᠎ᠳᠤ ᠬᠤᠨᠤᠬ᠍ᠰᠢᠬ᠍ᠰᠠᠭᠠᠷ ᠪᠠᠢᠨ᠎ᠠ᠃

《ᠠᠮᠢᠨ ᠭᠤᠣᠯ》 ᠭᠡᠬᠦ᠌ ᠲᠠᠭᠤᠤ ᠪᠣᠯ ᠡᠨᠡ ᠬᠦ᠌ 《ᠭᠤᠷᠪᠡᠨ ᠮᠢᠩᠭᠠᠨ ᠦᠨᠦᠴᠢᠨ ᠬᠡᠤᠭᠡᠳ ᠦᠪᠤᠷ ᠮᠣᠩᠭᠤᠯ᠎ᠳᠤ ᠦᠷᠡᠴᠢᠯᠡᠭ᠌ᠳᠡᠭ᠌ᠰᠡᠨ》 ᠲᠡᠤᠭᠡᠳᠦ ᠬᠡᠷᠡᠭ ᠶᠠᠪᠤᠳᠠᠯ᠎ᠢᠶᠠᠷ ᠱᠢᠵᠢᠮᠯᠡᠭ᠌ᠰᠡᠨ ᠦᠷᠬᠦᠯᠵᠢᠯᠡᠭ᠌ᠰᠡᠨ ᠲᠧᠯᠸᠢᠰ ᠵᠦᠴᠦᠭᠡ 《ᠠᠮᠢᠨ ᠭᠤᠣᠯ》᠎ᠤ᠋ᠨ ᠭᠤᠣᠯ ᠰᠡᠳᠤᠪᠳᠦ ᠲᠠᠭᠤᠤ ᠪᠤᠯᠤᠨ᠎ᠠ᠃

《ᠠᠮᠢᠨ ᠭᠤᠣᠯ》 ᠭᠡᠬᠦ᠌ ᠦᠷᠬᠦᠯᠵᠢᠯᠡᠭ᠌ᠰᠡᠨ ᠲᠧᠯᠸᠢᠰ ᠵᠦᠴᠦᠭᠡ᠎ᠶ᠋ᠢᠨ ᠵᠦᠴᠦᠭᠡ᠎ᠶ᠋ᠢᠨ ᠵᠤᠬᠢᠶᠠᠯ᠎ᠢ ᠨᠡᠷᠠᠳᠦ ᠵᠤᠬᠢᠶᠠᠯᠴᠢ ᠰᠠᠷᠠᠨᠳᠤᠶᠠᠭ᠎ᠠ ᠪᠢᠴᠢᠵᠦ᠍᠂ ᠲᠤᠰ ᠲᠧᠯᠸᠢᠰ ᠵᠦᠴᠦᠭᠡ᠎ᠶ᠋ᠢᠨ ᠭᠤᠣᠯ ᠰᠡᠳᠦᠪᠳᠦ ᠲᠠᠭᠤᠤ᠎ᠶ᠋ᠢ ᠤᠯᠤᠰ᠎ᠤᠨ ᠨᠢᠭᠡᠳᠤᠭᠡᠷ ᠲᠡᠰ᠎ᠤᠨ ᠵᠦᠴᠦᠭᠡ᠎ᠶ᠋ᠢᠨ ᠨᠠᠢᠷᠠᠭᠤᠯᠤᠭ᠍ᠴᠢ᠂ ᠢᠷᠠᠭᠤ ᠨᠠᠢᠷᠠᠬ᠍ᠴᠢ᠂ ᠲᠠᠭᠤᠤ᠎ᠶ᠋ᠢᠨ ᠦᠭᠡ ᠵᠤᠬᠢᠶᠠᠬ᠍ᠴᠢ ᠷᠧᠨ ᠸᠧᠢ ᠱᠢᠡ ᠪᠢᠴᠢᠵᠦ᠍᠂ ᠤᠯᠤᠰ᠎ᠤᠨ ᠨᠢᠭᠡᠳᠤᠭᠡᠷ ᠲᠡᠰ᠎ᠤᠨ ᠬᠦᠭ᠌ᠵᠢᠮ᠎ᠤᠨ ᠵᠤᠬᠢᠶᠠᠯᠴᠢ ᠰ᠊·ᠡᠩᠬᠡᠪᠡᠶᠡᠷ ᠠᠶ᠎ᠠ ᠲᠠᠭᠠᠷᠠᠭᠤᠯᠵᠦ᠍᠂ ᠲᠤᠮᠳᠡᠳᠦ ᠤᠯᠤᠰ᠎ᠤᠨ ᠲᠠᠭᠤᠷᠢᠯᠢᠭ᠎ᠤᠨ ᠨᠡᠢᠬᠡᠮᠯᠢᠭ᠎ᠤᠨ ᠲᠡᠳ᠋ ᠲᠡᠷᠢᠬᠦᠯᠡᠭ᠌ᠴᠢ᠂ ᠨᠡᠷᠠᠳᠦ ᠲᠠᠭᠤᠴᠢᠨ ᠦᠯᠵᠡᠢᠳᠦ ᠬᠠᠮᠤᠭ᠎ᠤᠨ ᠠᠩᠬ᠎ᠠ ᠬᠢᠳᠡᠳ᠎ᠢᠶᠠᠷ ᠲᠠᠭᠤᠯᠠᠵᠠᠢ᠃

ᠲᠡᠭᠡᠷ᠎ᠡ ᠵᠠᠭᠤᠨ᠎ᠤ ᠵᠢᠷᠠᠭᠠᠳ ᠣᠨ᠎ᠤ ᠡᠬᠢ ᠪᠠᠷ᠂ ᠨᠢᠭᠤᠷ ᠨᠢᠳᠦ ᠦᠭᠡᠢ ᠨᠦᠷᠢᠨ ᠢᠷᠡᠭᠰᠡᠨ ᠭᠤᠷᠪᠡᠨ ᠵᠢᠯ᠎ᠤᠨ ᠬᠦᠨᠳᠦ ᠬᠡᠴᠡᠬᠦᠦ ᠪᠠᠢᠭᠠᠯᠢ᠎ᠶ᠋ᠢᠨ ᠭᠠᠮᠱᠢᠭ᠎ᠤᠨ ᠡᠮᠦᠨ᠎ᠠ᠂ ᠦᠷᠤ ᠵᠦᠬᠡᠯᠡᠨ ᠦᠪᠤᠷ ᠮᠣᠩᠭᠤᠯ᠎ᠤᠨ ᠠᠷᠡᠳ ᠲᠦᠮᠡᠨ ᠦᠯᠦᠰᠴᠦ᠍ ᠦᠯᠪᠡᠷᠦᠨ ᠠᠮᠢ ᠨᠠᠰᠤᠨ᠎ᠤ ᠲᠦᠭ᠌ᠰᠢᠭᠦᠷᠢ᠎ᠳᠤ ᠲᠤᠯᠭᠠᠷᠠᠬ᠍ᠰᠡᠨ ᠱᠠᠩᠬᠠᠢ᠎ᠶ᠋ᠢᠨ 3000 ᠦᠨᠤᠴᠢᠨ ᠬᠡᠤᠭᠡᠳ᠎ᠢ ᠦᠷᠡᠴᠢᠯᠡᠨ ᠲᠡᠵᠢᠭᠡᠵᠡᠢ᠃ ᠡᠭᠦᠨ᠎ᠳᠤ᠂ ᠡᠳᠡᠭᠡᠷ ᠬᠡᠤᠭᠡᠳ᠎ᠤᠨ ᠨᠠᠰᠦ᠎ᠪᠠᠷ ᠬᠠᠮᠤᠭ᠎ᠤᠨ ᠶᠡᠭᠡ᠎ᠨᠢ 7 ᠨᠠᠰᠤᠳᠠᠢ᠂ ᠬᠠᠮᠤᠭ᠎ᠤᠨ ᠪᠠᠭ᠎ᠠ᠎ᠨᠢ ᠠᠷᠠᠢ ᠬᠡᠵᠦ᠍ 7 ᠰᠠᠷ᠎ᠠ ᠪᠤᠯᠵᠦ᠍ ᠪᠠᠢᠭᠰᠠᠨ ᠪᠦᠭᠡᠳ ᠡᠳᠡᠭᠡᠷ ᠭᠡᠦᠭᠡᠳ᠎ᠢ ᠬᠤᠵᠢᠮ ᠨᠢ 《ᠤᠯᠤᠰ᠎ᠤᠨ ᠭᠡᠦᠭᠡᠳ》 ᠭᠡᠵᠦ ᠨᠡᠷᠡᠯᠡᠵᠡᠢ᠃ ᠲᠦᠬᠦᠢᠮ᠎ᠠ ᠡᠵᠢ ᠱᠢᠭ ᠦᠢ ᠲᠦᠮᠡᠨ ᠲᠠᠯ᠎ᠠ ᠨᠣᠳᠤᠭ᠎ᠤᠨ ᠡᠭᠡᠴᠦᠤᠯ ᠡᠳᠡᠭᠡᠷ ᠬᠡᠤᠭᠡᠳ᠎ᠲᠤ ᠬᠠᠯᠠᠭᠤᠨ ᠲᠤᠯᠠᠭᠠᠨ ᠭᠡᠷ ᠪᠦᠯᠢ᠎ᠶ᠋ᠢᠨ ᠬᠠᠢᠷ᠎ᠠ᠎ᠶ᠋ᠢ ᠤᠯᠭᠤᠬ᠍ᠰᠡᠨ ᠡᠴᠡ 《ᠲᠠᠯ᠎ᠠ ᠨᠤᠲᠤᠭ᠎ᠤᠨ ᠡᠵᠢ》 ᠪᠠ 《ᠤᠯᠤᠰ᠎ᠤᠨ ᠭᠡᠦᠭᠡᠳ》 ᠤ᠋ᠨ ᠰᠡᠳᠬᠢᠯ ᠬᠦᠳᠡᠯᠭᠡᠮ᠎ᠡ ᠦᠯᠢᠭᠡᠷ ᠲᠤᠮᠳᠠᠳᠤ ᠵᠢᠨ ᠡᠭᠡ ᠭᠠᠵᠠᠷ ᠲᠦ᠍ ᠬᠠᠭᠠᠰ ᠵᠠᠭᠤᠨ ᠴᠤᠤᠷᠢᠶᠠᠳᠤᠵᠦ᠂ ᠭᠤᠶᠠᠴᠢ ᠦᠭᠡᠢ ᠲᠦᠭᠡᠮᠡᠯ ᠬᠠᠢᠷ᠎ᠠ᠂ ᠠᠮᠢ ᠨᠠᠰᠤᠨ᠎ᠤ ᠲᠠᠭᠤᠯᠠᠯ᠂ ᠦᠨᠳᠦᠰᠦᠳᠡᠨ᠎ᠤ ᠪᠦᠯᠬᠦᠮᠳᠡᠯ᠎ᠢ ᠮᠠᠭᠳᠠᠨ ᠲᠠᠭᠤᠯᠠᠭᠰᠠᠭᠠᠷ ᠪᠠᠢᠨᠠᠮ᠃

ᠱᠢᠨ᠎ᠡ ᠵᠠᠭᠤᠨ᠎ᠤ ᠡᠬᠢ᠎ᠪᠠᠷ 《ᠠᠮᠢᠨ ᠭᠤᠣᠯ》 ᠨᠡᠷᠡᠳᠤ ᠲᠧᠯᠸᠢᠰ ᠵᠦᠴᠦᠭᠡ᠎ᠶ᠋ᠢᠨ ᠤᠳᠤᠷᠢᠳᠤᠭᠠᠴᠢ ᠨᠢᠩ ᠼᠠᠢ ᠰ᠊·ᠡᠩᠬᠡᠪᠡᠶᠡᠷ᠎ᠢ ᠡᠷᠢᠵᠦ᠍ ᠲᠤᠰ ᠵᠦᠴᠦᠭᠡ᠎ᠶ᠋ᠢᠨ ᠭᠤᠣᠯ ᠰᠡᠳᠤᠪᠳᠦ ᠲᠠᠭᠤᠤ᠎ᠳᠤ ᠠᠶ᠎ᠠ ᠵᠤᠬᠢᠶᠠᠵᠦ᠍ ᠦᠭ᠌ᠭᠦᠨ᠎ᠡ ᠤᠤ? ᠭᠡᠰᠡᠨ ᠬᠦᠰᠡᠯ᠎ᠡ᠃ ᠰ᠊·ᠡᠩᠬᠡᠪᠡᠶᠡᠷ ᠵᠦᠴᠦᠭᠡ᠎ᠶ᠋ᠢᠨ ᠦᠯᠢᠭᠡᠷ ᠣᠢᠯᠡ ᠶᠠᠪᠤᠳᠠᠯ᠎ᠢ ᠰᠤᠨᠤᠰᠦᠬ᠍ᠰᠡᠨ᠎ᠤ ᠲᠠᠷᠠᠭ᠎ᠠ᠂ ᠡᠨᠡ ᠴᠢᠨᠢ ᠠᠮᠢᠳᠡᠨ ᠭᠤᠤᠯᠳᠡᠨ ᠪᠦᠬᠦᠨ᠎ᠢ ᠡᠨᠡᠷᠢᠨ ᠬᠦᠬᠡᠷᠤᠬᠦᠢᠯᠡᠳᠡᠭ ᠠᠭᠤᠤ ᠶᠡᠭᠡ ᠡᠬᠡ᠎ᠶ᠋ᠢᠨ ᠬᠠᠢᠷ᠎ᠠ ᠪᠢᠱᠢᠤ ᠭᠡᠵᠦ ᠲᠤᠭᠳᠤᠯᠤᠨ᠂ ᠬᠦᠮᠦᠨ᠎ᠢ ᠪᠠᠢᠳᠤᠭᠠᠢ ᠲᠦᠯ᠎ᠢᠶᠠᠨ ᠭᠤᠯᠤᠬ᠍ᠰᠡᠨ ᠮᠠᠯ᠎ᠢ ᠬᠦᠷᠳᠡᠯ᠎ᠠ ᠲᠤᠢᠬ᠍ᠯᠠᠵᠦ᠍ ᠪᠠᠢᠭᠠᠳ ᠨᠢᠯᠪᠦᠰᠦ ᠤᠨᠠᠭᠠᠳᠠᠭ ᠤᠯᠠᠮᠵᠢᠯᠠᠯ᠎ᠲᠠᠢ ᠮᠣᠩᠭᠤᠯ ᠡᠵᠢ᠎ᠶ᠋ᠢᠨ ᠦᠷᠦ ᠵᠦᠭᠡᠯᠡᠨ ᠬᠠᠢᠷ᠎ᠠ᠎ᠶ᠋ᠢ ᠵᠢᠷᠦᠭᠡ ᠰᠡᠳᠭᠢᠯ᠎ᠢᠶᠠᠷ᠎ᠢᠶᠠᠨ ᠮᠠᠳᠠᠷᠡᠵᠦ᠍ ᠡᠨᠡ ᠠᠶ᠎ᠠ᠎ᠶ᠋ᠢ ᠵᠤᠬᠢᠶᠠᠬ᠍ᠰᠡᠨ ᠭᠡᠳᠡᠭ᠃

— 《ᠠᠮᠢᠨ ᠭᠤᠣᠯ》 ᠭᠡᠬᠦ᠌ ᠲᠠᠭᠤᠤ᠎ᠶ᠋ᠢᠨ ᠠᠶ᠎ᠠ ᠠᠷᠡᠳ᠎ᠤᠨ ᠲᠠᠭᠤᠤ᠎ᠠᠴᠠ ᠢᠷᠠᠯᠳᠠᠢ᠃ ᠪᠢᠳᠠ ᠠᠷᠡᠳ᠎ᠤᠨ ᠲᠠᠭᠤᠤ᠎ᠶ᠋ᠢ ᠬᠤᠯᠠᠭᠠᠢᠯᠠᠵᠦ᠍ ᠪᠣᠯᠬᠤ ᠦᠭᠡᠢ ᠠᠪᠠᠴᠦ᠍ ᠲᠡᠬᠦᠨ᠎ᠢ ᠴᠠᠭ ᠦᠶ᠎ᠡ᠎ᠲᠠᠢ ᠤᠶᠠᠯᠳᠤᠭᠤᠯᠤᠨ ᠠᠱᠢᠬ᠍ᠯᠠᠵᠦ᠍ ᠪᠣᠯᠬᠤ ᠶᠤᠮ᠃ ᠪᠢ ᠵᠦᠴᠦᠭᠡ᠎ᠳᠠᠬᠢ ᠠᠮᠢ ᠨᠠᠰᠤᠨ᠎ᠤ ᠲᠠᠭᠤᠯᠠᠯ ᠪᠤᠯᠤᠬ᠍ᠰᠡᠨ ᠡᠬᠡ᠎ᠶ᠋ᠢᠨ ᠬᠠᠢᠷ᠎ᠠ᠎ᠶ᠋ᠢᠨ ᠡᠷᠴᠢ ᠬᠦᠴᠦᠨ᠎ᠠᠴᠠ ᠱᠢᠮ᠎ᠡ ᠬᠦᠷᠳᠡᠨ ᠰᠡᠳᠭᠢᠯ᠎ᠤᠨ ᠭᠦᠨ᠎ᠳᠤ ᠤᠷᠤᠰᠭᠤ ᠠᠨᠢᠷ ᠦᠭᠡᠢ ᠨᠠᠮᠤᠭᠤᠬᠠᠨ ᠠᠮᠢᠨ ᠭᠤᠣᠯ᠎ᠤᠨ ᠴᠢᠮᠡᠭᠡ᠎ᠶ᠋ᠢ ᠴᠢᠩᠨᠡᠨ ᠨᠠᠢᠷᠠᠯ ᠲᠠᠭᠤᠤ᠎ᠶ᠋ᠢᠨ ᠬᠡᠯᠪᠡᠷᠢ᠎ᠪᠠᠷ ᠲᠤᠰ ᠲᠠᠭᠤᠤ᠎ᠶ᠋ᠢᠨ ᠠᠶ᠎ᠠ᠎ᠶ᠋ᠢ ᠵᠤᠬᠢᠶᠠᠬ᠍ᠰᠡᠨ ᠶᠤᠮ ᠬᠡᠵᠦ᠍ ᠰ᠊·ᠡᠩᠬᠡᠪᠡᠶᠡᠷ ᠭᠤᠸᠠᠢ ᠶᠡᠷᠢᠯ᠎ᠠ᠃

ᠲᠤᠰ ᠲᠧᠯᠸᠢᠰ ᠵᠦᠴᠦᠭᠡ᠎ᠶ᠋ᠢ ᠮᠣᠩᠭᠤᠯ᠎ᠵᠢᠡᠷ ᠠᠪᠢᠶᠠᠯᠠᠨ ᠨᠠᠪᠳᠡᠷᠡᠬᠦᠯᠬᠦ᠌᠎ᠳᠤ᠂ ᠰ᠊·ᠡᠩᠬᠡᠪᠡᠶᠡᠷ ᠲᠠᠭᠤᠤ᠎ᠶ᠋ᠢᠨ ᠦᠭᠡ᠎ᠶ᠋ᠢ ᠮᠣᠩᠭᠤᠯᠴᠢᠯᠠᠬ᠍ᠰᠡᠨ ᠪᠦᠭᠡᠳ ᠨᠠᠢᠷᠠᠯ ᠲᠠᠭᠤᠤ᠎ᠶ᠋ᠢᠨ ᠨᠠᠮᠪᠠ ᠲᠠᠢ᠂ ᠤᠷᠳᠦ᠍᠎ᠶ᠋ᠢᠨ ᠲᠠᠭᠤᠤ᠎ᠶ᠋ᠢᠨ ᠱᠢᠷᠦᠩᠬᠠᠢ᠎ᠲᠠᠢ ᠪᠤᠯᠭᠠᠵᠠᠢ᠃ 《ᠠᠮᠢᠨ ᠭᠤᠣᠯ》᠎ᠢ᠋ ᠷᠠᠳᠢᠣ᠋ ᠲᠧᠯᠸᠢᠰ᠎ᠤᠨ ᠠᠪᠢᠶᠠᠰᠯᠢᠭ ᠪᠠᠭ᠍ᠰᠢᠨᠡᠷ ᠲᠠᠭᠤᠯᠠᠵᠦ᠍᠂ ᠬᠦᠮᠤᠰ᠎ᠤᠨ ᠠᠶ᠎ᠠ ᠬᠦᠭ᠌ᠵᠢᠮ᠎ᠤᠨ ᠡᠴᠢᠨ᠎ᠠ ᠮᠠᠳᠠᠷᠠᠮᠵᠢ᠎ᠶ᠋ᠢ ᠬᠦᠨᠳᠡᠭ᠌ᠰᠡᠨ᠎ᠢᠶᠠᠷ ᠦᠯᠦ᠍ ᠪᠡᠷᠡᠮ ᠲᠧᠯᠸᠢᠰ ᠵᠦᠴᠦᠭᠡ᠎ᠶ᠋ᠢᠨ ᠦᠯᠢᠭᠡᠷ ᠣᠢᠯᠡ ᠶᠠᠪᠤᠳᠠᠯ ᠬᠢᠭᠡᠳ ᠰᠠᠨᠠᠭ᠎ᠠ ᠠᠬᠤᠢ᠎ᠶ᠋ᠢ ᠲᠤᠳᠤᠷᠡᠭᠤᠯᠬᠤ᠎ᠳᠤ ᠬᠦᠳᠦᠯᠦᠮᠵᠢ ᠪᠤᠯᠤᠬ᠍ᠰᠡᠨ ᠶᠤᠮ᠃

— ᠪᠢ ᠲᠡᠷᠡ ᠦᠶ᠎ᠡ᠎ᠳᠤ ᠶᠠᠭ ᠦᠷᠬᠦᠯᠵᠢᠯᠡᠭ᠌ᠰᠡᠨ ᠲᠧᠯᠸᠢᠰ ᠵᠦᠴᠦᠭᠡ ᠦᠢᠯᠡᠳᠦᠶ᠎ᠡ ᠬᠡᠵᠦ᠍ ᠰᠡᠳᠤᠪ ᠡᠷᠢᠵᠦ᠍ ᠪᠠᠢᠭᠰᠠᠭᠠᠷ ᠨᠢᠭᠡ ᠡᠳᠤᠷ 《ᠬᠦᠬᠡᠬᠤᠳᠠ᠎ᠶ᠋ᠢᠨ ᠤᠷᠤᠢ᠎ᠶ᠋ᠢᠨ ᠰᠤᠨᠢᠨ》᠎ᠳ᠋ᠤ ᠨᠡᠢᠳᠡᠯᠡᠭ᠌ᠰᠡᠨ 《ᠲᠠᠯ᠎ᠠ ᠨᠣᠳᠤᠭ᠎ᠤᠨ ᠡᠵᠢ ᠬᠢᠭᠡᠳ ᠲᠡᠬᠦᠨ᠎ᠤ ᠱᠠᠩᠬᠠᠢ᠎ᠶ᠋ᠢᠨ 3000 ᠦᠨᠦᠴᠢᠨ ᠬᠡᠤᠬᠡᠳ》 ᠬᠡᠰᠡᠨ ᠵᠤᠬᠢᠶᠠᠯ᠎ᠢ ᠤᠯᠵᠦ᠍ ᠦᠵᠡᠭᠡᠳ ᠬᠦᠯ ᠭᠠᠵᠡᠷ ᠬᠦᠷᠬᠦ ᠦᠭᠡᠢ ᠪᠠᠶᠠᠷᠯᠠᠪᠠ᠃ ᠲᠡᠭᠡᠭᠡᠳ ᠪᠢ ᠬᠤᠳᠠ ᠬᠦᠳᠡᠭᠡ ᠦᠭᠡᠢ ᠶᠠᠪᠤᠵᠦ᠍ ᠲᠠᠯ᠎ᠠ ᠨᠣᠳᠤᠭ᠎ᠤᠨ ᠡᠵᠢ ᠬᠢᠭᠡᠳ ᠤᠯᠤᠰ᠎ᠤᠨ ᠬᠡᠤᠭᠡᠳ᠎ᠢ ᠰᠤᠷᠪᠤᠯᠵᠢᠯᠠᠨ ᠮᠠᠲ᠋ᠧᠷᠢᠶᠠᠯ ᠴᠤᠬ᠍ᠯᠠᠭᠤᠯᠤᠬ᠍ᠰᠡᠨ ᠪᠦᠭᠡᠳ ᠠᠷᠡᠳ᠎ᠤᠨ ᠲᠤᠮᠳᠡᠬᠢ 《ᠠᠮᠢ ᠭᠤᠣᠯ》 ᠭᠡᠰᠡᠨ ᠦᠬᠡᠨ᠎ᠠᠴᠠ ᠡᠰᠢ ᠠᠪᠴᠦ᠍᠂ ᠠᠭᠤᠤ ᠶᠡᠭᠡ ᠡᠬᠡ᠎ᠶ᠋ᠢᠨ ᠬᠠᠢᠷ᠎ᠠ ᠵᠠᠭᠤᠨ ᠵᠠᠭᠤᠨ᠎ᠤ ᠴᠠᠭᠠᠨ᠎ᠠ᠎ᠠᠴᠠ ᠠᠶᠠᠷᠬᠠᠨ ᠲᠦᠯᠭᠡᠨ ᠤᠷᠤᠰᠤᠬ᠍ᠰᠠᠭᠠᠷ ᠪᠠᠢᠨ᠎ᠠ ᠬᠡᠮᠡᠨ ᠰᠡᠳᠭᠢᠨ 《ᠠᠮᠢᠨ ᠭᠤᠣᠯ》 ᠭᠡᠵᠦ᠍ ᠨᠡᠷᠡᠯᠡᠭ᠌ᠰᠡᠨ ᠶᠤᠮ᠃ ᠲᠧᠯᠸᠢᠰ ᠵᠦᠴᠦᠭᠡ᠎ᠪᠠᠨ ᠤᠢᠯᠡᠳᠬᠦ᠌ ᠶᠠᠪᠤᠴᠠ᠎ᠳᠤ ᠷᠧᠨ ᠸᠧᠢ ᠱᠢᠨ ᠪᠤᠯᠤᠨ ᠰ᠊·ᠡᠩᠬᠡᠪᠡᠶᠡᠷ ᠬᠤᠶᠡᠷ ᠪᠠᠭ᠍ᠰᠢ᠎ᠶ᠋ᠢ ᠵᠠᠯᠠᠵᠦ᠍ ᠭᠤᠣᠯ ᠰᠡᠳᠤᠪᠳᠦ ᠲᠠᠭᠤᠤ ᠬᠢᠯᠬᠡᠭ᠌ᠰᠡᠨ᠎ᠨᠢ ᠶᠤᠰᠤᠳᠠᠢ ᠰᠠᠨᠠᠭ᠎ᠠ ᠤᠨᠤᠭ᠎ᠠ ᠲᠠᠭᠠᠷᠠᠬ᠍ᠰᠡᠨ ᠰᠠᠢᠬᠠᠨ ᠶᠠᠪᠤᠳᠠᠯ ᠪᠤᠯᠵᠠᠢ ᠭᠡᠵᠦ᠍ ᠤᠳᠤᠷᠢᠳᠤᠭᠠᠴᠢ ᠨᠢᠩ ᠼᠠᠢ ᠰᠤᠷᠪᠤᠯᠵᠢᠯᠠᠭ᠎ᠠ ᠬᠦᠯᠢᠶᠡᠬᠦ᠌᠎ᠳᠡᠭᠡᠨ ᠶᠡᠷᠢᠯ᠎ᠠ᠃

ᠦᠨᠡᠨ ᠶᠤᠰᠤ ᠬᠢᠭᠡᠳ ᠦᠭ᠌ᠬᠢᠶᠡᠮᠦᠷ ᠬᠠᠢᠷ᠎ᠠ ᠬᠡᠵᠢᠶᠠᠳᠠ ᠬᠦᠮᠦᠨ ᠠᠷᠡᠳ᠎ᠤᠨ᠎ᠢᠶᠠᠨ ᠰᠡᠳᠭᠢᠯ᠎ᠤᠨ ᠭᠡᠭᠡ ᠪᠤᠯᠬᠤ ᠤᠴᠢᠷᠳᠠᠢ᠃ ᠡᠵᠢ ᠬᠦᠮᠦᠨ᠎ᠤ ᠦᠷᠦᠪᠴᠢ ᠵᠦᠭᠡᠯᠡᠨ᠂ ᠠᠭᠤᠤ ᠪᠠᠭ᠍ᠳᠠᠭᠠᠮᠵᠢᠳᠠᠢ ᠲᠦᠷᠢ᠎ᠶ᠋ᠢ ᠪᠦᠳᠦᠭᠡᠭ᠌ᠰᠡᠨ 《ᠠᠮᠢᠨ ᠭᠤᠣᠯ》 ᠲᠠᠭᠤᠤ ᠲᠠᠯ᠎ᠠ ᠨᠣᠳᠤᠭ ᠬᠢᠭᠡᠳ ᠱᠠᠩᠬᠠᠢ᠎ᠶ᠋ᠢᠨ ᠤᠨᠴᠠᠭᠠᠢ ᠪᠠᠷᠢᠯᠳᠦᠯᠭ᠎ᠠ᠎ᠶ᠋ᠢ ᠬᠠᠷᠠᠭᠤᠯᠤᠬ᠍ᠰᠡᠨ᠎ᠢᠶᠠᠷ ᠪᠠᠷᠠᠬᠤ ᠦᠭᠡᠢ 《ᠤᠯᠤᠰ᠎ᠤᠨ ᠬᠡᠤᠭᠡᠳ》 ᠬᠢᠭᠡᠳ 《ᠲᠠᠯ᠎ᠠ ᠨᠣᠳᠤᠭ᠎ᠤᠨ ᠡᠵᠢ》 ᠭᠡᠬᠦ᠌ ᠲᠡᠤᠭᠡ᠎ᠶ᠋ᠢᠨ ᠢᠷᠠᠭᠤ ᠲᠠᠭᠤᠷᠢᠰᠭᠠᠯ᠎ᠢ ᠤᠯᠤᠰ ᠲᠠᠶᠠᠭᠠᠷ᠎ᠲᠤ ᠬᠠᠩᠭᠢᠨᠠᠭᠤᠯᠵᠤ ᠪᠢᠯᠡ᠃


ᠦᠨᠡᠯᠡᠯᠳᠡ —

ᠢᠯᠠᠯᠳᠠ (ᠦᠪᠤᠷ ᠮᠣᠩᠭᠤᠯ᠎ᠤᠨ ᠤᠷᠠᠯᠢᠭ᠎ᠤᠨ ᠲᠡᠭᠡᠳᠦ ᠰᠤᠷᠭᠠᠭᠤᠯᠢ᠎ᠶ᠋ᠢᠨ ᠪᠠᠭ᠍ᠰᠢ᠂ ᠬᠦᠭ᠌ᠵᠢᠮ᠎ᠤᠨ ᠵᠤᠬᠢᠶᠠᠯᠴᠢ)

ᠲᠤᠰ ᠲᠠᠭᠤᠤ 《ᠭᠤᠷᠪᠡᠨ ᠮᠢᠩᠭᠠᠨ ᠦᠨᠦᠴᠢᠨ ᠬᠡᠤᠭᠡᠳ ᠦᠪᠤᠷ ᠮᠣᠩᠭᠤᠯ᠎ᠳᠤ ᠦᠷᠡᠴᠢᠯᠡᠭ᠌ᠳᠡᠭ᠌ᠰᠡᠨ》 ᠶᠡᠭᠡ ᠬᠠᠢᠷ᠎ᠠ᠎ᠶ᠋ᠢᠨ ᠤᠶᠠᠩᠭ᠎ᠠ᠎ᠪᠠᠷ 《ᠲᠤᠮᠳᠡᠳᠦ᠍᠎ᠶ᠋ᠢᠨ ᠦᠨᠳᠤᠰᠤᠳᠡᠨ ᠨᠢᠭᠡ ᠭᠡᠷ᠎ᠤᠨ ᠬᠦᠮᠦᠨ ᠮᠡᠳᠤ ᠲᠤᠳᠤᠨᠤ》 ᠪᠠᠢᠬᠤ ᠵᠢ ᠪᠤᠳᠡᠳᠦ ᠤᠢᠯᠡᠳᠦᠯᠭᠡ ᠪᠡᠷ ᠭᠡᠷᠡᠴᠢᠯᠠᠵᠦ᠍᠂ ᠠᠮᠢ ᠨᠠᠰᠤᠨ᠎ᠤ ᠤᠳᠭ᠎ᠠ ᠤᠴᠢᠷ᠂ ᠡᠷᠬᠢᠮ ᠲᠡᠭᠡᠳᠦ᠍᠎ᠶ᠋ᠢ ᠰᠤᠷᠳᠠᠯᠴᠢᠯᠡᠨ᠂ ᠦᠨᠳᠤᠰᠤᠳᠡᠨ᠎ᠤ ᠪᠦᠯᠬᠦᠮᠳᠠᠯ᠎ᠤᠨ ᠢᠷᠠᠭᠤ ᠡᠭᠡᠱᠢᠭ᠎ᠢ ᠴᠢᠪᠬᠠᠳᠠᠯ᠎ᠠ᠃

ᠲᠠᠭᠤᠤ᠎ᠶ᠋ᠢᠨ ᠠᠶ᠎ᠠ ᠬᠦᠭ᠌ᠵᠢᠮ᠎ᠤᠨ ᠲᠠᠯ᠎ᠠ᠎ᠠᠴᠠ ᠱᠢᠨᠵᠢᠯᠠᠪᠠᠯ᠂ ᠲᠤᠰ ᠲᠠᠭᠤᠤ ᠪᠣᠯ ᠡᠮᠤᠨᠠᠬᠢ ᠠᠶ᠎ᠠ᠂ ᠵᠠᠪᠰᠡᠷ᠎ᠤᠨ ᠠᠶᠠᠯᠭᠤ᠂ ᠲᠤᠰᠠᠯᠠᠬᠤ ᠠᠶᠠᠯᠭᠤ᠂ ᠲᠡᠬᠦᠰᠭᠡᠯ ᠠᠶ᠎ᠠ᠎ᠪᠠᠷ ᠪᠦᠷᠢᠯᠳᠦᠭ᠌ᠰᠡᠨ ᠨᠠᠢᠷᠠᠯ ᠲᠠᠭᠤᠤ᠎ᠶ᠋ᠢᠨ ᠪᠦᠳᠦᠭᠡᠯ ᠪᠤᠯᠤᠨ᠎ᠠ᠃ ᠪᠠᠭ᠎ᠠ ᠭᠦᠭ ᠲᠡᠭᠡᠷ᠎ᠡ ᠪᠢᠴᠢᠭ᠌ᠳᠡᠭ᠌ᠰᠡᠨ ᠪᠤᠯᠬᠤᠷ ᠰᠠᠨᠠᠵᠦ᠍ ᠮᠦᠷᠦᠬᠡᠳᠦᠭ᠌ᠰᠡᠨ ᠰᠡᠳᠭᠢᠯᠭᠡ᠎ᠶ᠋ᠢ ᠭᠦᠢᠴᠡᠳ ᠢᠯᠡᠳᠭᠡᠵᠦ᠍ ᠴᠢᠳᠠᠬ᠍ᠰᠡᠨ ᠪᠦᠭᠡᠳ ᠴᠣᠬᠢᠯᠭ᠎ᠠ ᠬᠡᠮᠨᠠᠯ᠎ᠤᠨ ᠬᠤᠪᠢ᠎ᠳᠤ ᠲᠦᠷᠪᠡᠨ᠎ᠤ ᠲᠦᠷᠪᠠ᠎ᠶ᠋ᠢᠨ ᠴᠣᠬᠢᠯᠭ᠎ᠠ ᠬᠡᠮᠵᠢᠶ᠎ᠠ᠎ᠪᠠᠷ ᠪᠢᠴᠢᠵᠦ᠍ ᠬᠤᠷᠳᠤᠴᠠ᠎ᠨᠢ ᠤᠳᠠᠭᠠᠪᠳᠤᠷ ᠲᠤᠬᠢᠷᠠᠭᠤᠯᠤᠬ᠍ᠰᠡᠨ᠎ᠠᠴᠠ ᠡᠨᠡ ᠲᠠᠭᠤᠤ ᠨᠠᠩ ᠤᠶᠠᠩᠭᠠᠯᠢᠭ ᠪᠦᠭᠡᠳ ᠬᠠᠢᠷᠠᠯᠠᠵᠦ᠍ ᠰᠠᠨᠠᠬ᠍ᠰᠡᠨ ᠰᠡᠳᠭᠢᠯᠭᠡ᠎ᠶ᠋ᠢᠨ ᠦᠡᠭ᠌ᠭᠡ᠎ᠶ᠋ᠢ ᠰᠠᠢᠳᠤᠷ ᠢᠯᠡᠳᠭᠡᠵᠦ᠍ ᠴᠢᠳᠠᠵᠠᠢ᠃


ᠠᠯᠳᠠᠷ —

《ᠠᠮᠢᠨ ᠭᠤᠤᠯ》 ᠦᠷᠬᠦᠯᠵᠢᠯᠡᠭᠰᠡᠨ ᠲᠸᠯᠸᠢᠰ ᠵᠦᠴᠦᠭᠡ ᠵᠢᠨ ᠭᠤᠤᠯ ᠰᠡᠳᠦᠪᠳᠤ ᠲᠠᠭᠤᠤ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号