ᠦᠨᠲᠦᠰᠦᠨ ᠪᠠᠢᠲᠠᠯ —
ᠵᠤᠬᠢᠶᠠᠨ ᠪᠦᠳᠦᠭᠡᠭ᠌ᠰᠡᠨ ᠴᠠᠭ᠄ 2003 ᠣᠨ
ᠦᠭᠡ᠄ ᠹᠠᠨ ᠱᠢᠶᠤᠤ ᠪᠢᠨ
ᠠᠶ᠎ᠠ᠄ ᠯᠣᠣ ᠽᠠᠢ
ᠵᠤᠬᠢᠶᠠᠨ ᠪᠦᠳᠦᠭᠡᠭ᠌ᠰᠡᠨ ᠬᠡᠯᠪᠡᠷᠢ᠄ ᠬᠢᠲᠠᠳ ᠬᠡᠯᠡ ᠪᠡᠷ ᠵᠤᠬᠢᠶᠠᠨ ᠪᠦᠳᠦᠭᠡᠵᠤ᠂ ᠲᠠᠷᠠᠭ᠎ᠠ᠎ᠨᠢ ᠮᠤᠡᠭᠭᠤᠯᠴᠢᠯᠠᠪᠠ
ᠠᠶ᠎ᠠ᠎ᠶ᠋ᠢᠨ ᠤᠨᠴᠠᠯᠢᠭ᠄ ᠢᠳᠡᠷᠡᠭᠦᠨ ᠵᠢᠪᠬᠤᠭᠠᠯᠢᠭ ᠠᠳᠠᠯ᠎ᠠ ᠤᠶᠠᠩᠭᠠᠯᠢᠭ ᠢᠷᠠᠭᠤ
ᠲᠠᠭᠤᠤ᠎ᠶ᠋ᠢᠨ ᠲᠦᠷᠦᠯ᠄ ᠵᠤᠬᠢᠶᠠᠯ᠎ᠤᠨ ᠲᠠᠭᠤᠤ


ᠦᠯᠢᠭᠡᠷ —
《ᠪᠠᠶᠠᠰᠭᠤᠯᠠᠩᠳᠤ ᠨᠠᠭᠠᠳᠤᠮ》 ᠲᠠᠭᠤᠤ ᠪᠣᠯ᠂ ᠬᠤᠪᠢ ᠠᠢᠯ᠎ᠤᠨ ᠬᠤᠷᠢᠮ ᠨᠠᠢᠷ᠎ᠠᠴᠠ ᠬᠤᠱᠢᠭᠤ ᠠᠢᠮᠠᠭ᠎ᠤᠨ ᠨᠠᠭᠠᠳᠤᠮ᠎ᠳᠤ ᠬᠦᠷᠳᠡᠯ᠎ᠡ ᠬᠦᠷ ᠨᠡᠮᠡᠨ ᠨᠠᠢᠷ ᠡᠷᠭᠦᠭ᠌ᠰᠡᠭᠡᠷ ᠢᠷᠡᠭ᠌ᠰᠡᠨ ᠨᠠᠢᠷ ᠨᠠᠭᠠᠳᠤᠮ᠎ᠤᠨ ᠰᠡᠳᠤᠪᠳᠤ ᠲᠠᠭᠤᠤ ᠪᠣᠯᠬᠤ ᠶᠤᠮ᠃
ᠤᠷᠲᠤ᠎ᠶ᠋ᠢᠨ ᠲᠠᠭᠤᠤ᠎ᠶ᠋ᠢᠨ ᠤᠶᠠᠩᠭ᠎ᠠ ᠡᠭᠡᠱᠢᠭᠢ ᠢᠯᠭᠤᠮ ᠬᠦᠭ᠌ᠯᠢᠭ ᠤᠷᠤᠰᠭᠠᠯ ᠲᠠᠭᠤᠤ᠎ᠲᠠᠢ ᠰᠡᠪ ᠦᠭᠡᠢ ᠰᠠᠢᠬᠠᠨ ᠠᠭᠤᠰᠤᠯᠴᠠᠭᠤᠯᠤᠭ᠍ᠰᠠᠨ 《ᠪᠠᠶᠠᠰᠭᠤᠯᠠᠩᠳᠤ ᠨᠠᠭᠠᠳᠤᠮ》 ᠲᠠᠭᠤᠤ᠂ ᠠᠯᠢ ᠡᠷᠲᠡ 20 ᠵᠢᠯ᠎ᠤᠨ ᠡᠮᠦᠨ᠎ᠡ᠂ ᠦᠪᠤᠷ ᠮᠤᠩᠭᠤᠯ᠎ᠤᠨ ᠣᠳᠤᠨ ᠲᠧᠯᠸᠢᠰ᠎ᠤᠨ ᠴᠠᠭᠠᠨ ᠰᠠᠷ᠎ᠠ᠎ᠶ᠋ᠢᠨ ᠦᠳᠡᠱᠢᠯᠡᠭᠡ ᠳᠡᠭᠡᠷ᠎ᠡ ᠲᠠᠭᠤᠴᠢᠨ ᠤᠷᠠᠨᠴᠢᠮᠡᠭ᠎ᠤᠨ ᠢᠷᠠᠭᠤ ᠰᠠᠢᠬᠠᠨ ᠬᠤᠭᠤᠯᠠᠢ ᠪᠠᠷ ᠲᠠᠮᠵᠢᠨ᠂ ᠤᠯᠠᠨ ᠲᠦᠮᠡᠨ᠎ᠤ ᠪᠠᠨ ᠰᠤᠨᠤᠷ᠎ᠢ ᠮᠢᠯᠢᠶᠡᠨ ᠬᠠᠷᠠᠭ᠎ᠠ᠎ᠶ᠋ᠢ ᠪᠠᠶᠠᠰᠭᠠᠵᠤ ᠪᠠᠢᠭ᠍ᠰᠠᠨ ᠪᠢᠯᠡ᠃ ᠬᠠᠴᠢᠷᠬᠠᠯᠳᠠᠢ᠎ᠨᠢ ᠢᠳᠡᠷᠡᠭᠦᠨ ᠵᠢᠪᠬᠤᠭᠠᠯᠢᠭ ᠠᠳᠠᠯ᠎ᠠ ᠡᠭᠡᠱᠢᠭ᠌ᠯᠢᠭ ᠢᠷᠠᠭᠤ ᠠᠶᠠᠯᠭᠤ᠎ᠲᠠᠢ᠂ ᠡᠵᠡᠨ ᠬᠦᠮᠦᠨ᠎ᠤ ᠣᠪᠤᠷ᠎ᠢᠶᠠᠷ ᠦᠪᠤᠷ ᠮᠤᠩᠭᠤᠯ᠎ᠢᠶᠠᠨ ᠪᠠᠭ᠍ᠠᠳᠤᠨ ᠲᠠᠭᠤᠯᠠᠭ᠍ᠰᠠᠨ ᠲᠤᠰ ᠲᠠᠭᠤᠤ᠎ᠶ᠋ᠢᠨ ᠦᠭᠡ᠂ ᠠᠶ᠎ᠠ ᠵᠤᠬᠢᠶᠠᠭ᠍ᠴᠢ᠎ᠨᠢ ᠪᠦᠷ ᠭᠠᠳᠠᠨ᠎ᠠ ᠮᠤᠵᠢ᠎ᠶ᠋ᠢᠨ ᠬᠦᠮᠦᠨ ᠪᠠᠢᠵᠤ᠂ ᠲᠡᠳᠡᠨᠡᠷ ᠤᠷᠠᠨᠴᠢᠮᠡᠭ᠎ᠤᠨ ᠬᠦᠳᠡᠭᠡ ᠭᠡᠷ᠂ ᠨᠠᠭᠠᠳᠤᠮ᠎ᠤᠨ ᠬᠤᠷᠠᠯ᠂ ᠨᠤᠲᠤᠭ ᠤᠷᠤᠨ᠎ᠢᠶᠠᠨ ᠮᠦᠷᠦᠭᠡᠳᠦᠨ ᠰᠠᠨᠠᠭ᠍ᠰᠠᠨ᠂ ᠪᠠᠰᠠ ᠡᠭᠦᠪᠡᠷ᠎ᠢᠶᠠᠨ ᠣᠮᠤᠬ᠍ᠰᠢᠯ ᠪᠣᠯᠭᠠᠭ᠍ᠰᠠᠨ ᠰᠡᠳᠭᠢᠯᠭᠡ᠎ᠶ᠋ᠢ ᠮᠡᠳᠡᠷᠡᠬᠦ᠌᠎ᠪᠠᠷ ᠳᠠᠮᠵᠢᠨ᠂ ᠡᠨᠡ ᠬᠦ᠌ ᠲᠠᠭᠤᠤ᠎ᠶ᠋ᠢ ᠵᠤᠬᠢᠶᠠᠵᠤ ᠭᠠᠷᠭᠠᠭ᠍ᠰᠠᠨ᠎ᠨᠢ ᠭᠠᠢᠬᠠᠯᠲᠠᠢ᠃
2003 ᠣᠨ᠎ᠤ ᠬᠠᠪᠤᠷ᠂ ᠨᠡᠢᠳᠡᠯᠢᠭ ᠪᠤᠰᠤ ᠠᠭᠤᠰᠬᠢᠨ ᠦᠷᠪᠢᠰᠦᠯ ᠲᠡᠯᠭᠡᠷᠡᠵᠦ᠍ ᠪᠠᠢᠭ᠍ᠰᠠᠨ ᠴᠠᠭ ᠪᠣᠯᠬᠤᠷ ᠪᠡᠭᠡᠵᠢᠩ᠎ᠤᠨ ᠵᠡᠭᠡᠯᠢ ᠭᠤᠳᠤᠮᠵᠢ᠎ᠪᠠᠷ ᠬᠦᠮᠦᠨ ᠬᠠᠷ᠎ᠠ᠎ᠶ᠋ᠢᠨ ᠬᠥᠯ ᠬᠤᠷᠢᠶᠠᠭ᠍ᠳᠠᠨ᠂ ᠨᠠᠮ ᠬᠥᠮ ᠪᠠᠢᠯ᠎ᠠ᠃ ᠤᠶᠤᠳᠠᠨ ᠠᠮᠢᠳᠤᠷᠠᠯ᠎ᠢᠶᠠᠨ ᠰᠠᠶᠢᠬᠠᠨ ᠲᠡᠭᠦᠰᠭᠡᠭᠡᠳ ᠠᠵᠢᠯ᠎ᠤᠨ ᠴᠢᠮᠡᠭᠡ ᠬᠦᠯᠢᠶᠡᠵᠤ ᠪᠠᠢᠭ᠍ᠰᠠᠨ ᠤᠷᠠᠨᠴᠢᠮᠡᠭ ᠪᠣᠯᠤᠨ ᠤᠢᠷ᠎ᠠ ᠰᠠᠭᠠᠬᠠᠯᠲᠠ ᠰᠠᠭᠤᠵᠤ ᠪᠠᠢᠭ᠍ᠰᠠᠨ ᠹᠠᠨ ᠱᠢᠶᠤᠤ ᠪᠢᠨ᠂ ᠯᠤᠤ ᠽᠠᠢ ᠭᠤᠷᠪᠠᠭᠤᠯᠠ ᠤᠳᠠᠭᠠᠨ ᠡᠳᠦᠷ ᠭᠡᠷ᠎ᠤᠨ ᠮᠤᠬᠤᠷ᠎ᠲᠤ ᠬᠤᠷᠢᠭ᠍ᠳᠠᠭ᠍ᠰᠠᠨ ᠴᠢᠯᠡᠭᠡ᠎ᠪᠠᠨ ᠲᠡᠢᠯᠬᠤ ᠭᠡᠵᠦ᠍ ᠭᠤᠳᠤᠮᠵᠢ᠎ᠶ᠋ᠢᠨ ᠵᠢᠵᠢᠭ ᠬᠤᠭᠤᠯᠠᠨ ᠭᠡᠷ᠎ᠲᠤ ᠪᠣᠯᠵᠤᠨ᠂ ᠵᠤᠭᠤᠭ ᠲᠡᠯᠭᠡᠵᠦ᠍ ᠰᠠᠭᠤᠵᠠᠢ᠃ ᠦᠭᠡ᠎ᠶ᠋ᠢᠨ ᠰᠡᠵᠢᠬᠦᠷ ᠡᠪᠡᠳᠴᠢᠨ ᠲᠠᠬᠤᠯ᠎ᠠᠴᠠ ᠠᠷᠤ ᠭᠡᠷ᠂ ᠠᠳᠠᠯ ᠠᠮᠢᠳᠤᠷᠠᠯ᠂ ᠤᠷᠠᠯᠢᠭ ᠦᠢᠯᠡᠰ ᠵᠦᠭ ᠵᠠᠯᠠᠬ᠍ᠳᠠᠨ᠂ ᠣᠨᠴᠠᠭᠠᠢᠯᠠᠨ ᠤᠷᠠᠨᠴᠢᠮᠡᠭ᠎ᠤᠨ ᠡᠷ᠎ᠡ᠎ᠶ᠋ᠢᠨ ᠭᠤᠷᠪᠠᠨ ᠨᠠᠭᠠᠳᠤᠮ ᠵᠢᠴᠢ ᠦᠪᠤᠷ ᠮᠤᠩᠭᠤᠯ᠎ᠤᠨ ᠲᠤᠬᠠᠢ ᠲᠤᠭ᠍ᠳᠤᠯᠤᠨ ᠶᠠᠷᠢᠬᠤ ᠠᠯᠢ ᠤᠯᠠᠨ ᠵᠤᠭᠤᠭ ᠲᠡᠳᠡᠨᠡᠷ᠎ᠤᠨ ᠤᠷᠮ᠎ᠠ᠎ᠶ᠋ᠢ ᠬᠦᠭ᠌ᠵᠢᠭᠡᠨ᠂ ᠤᠩᠭᠤᠳᠢ ᠰᠡᠷᠭᠦᠭᠡᠭ᠌ᠰᠡᠨ᠎ᠢᠶᠠᠷ ᠯᠤᠤ ᠽᠠᠢ᠄ 《ᠭᠤᠷᠪᠠᠭᠤᠯᠠ ᠵᠦᠭᠡᠷ ᠯᠡ ᠶᠠᠷᠢᠵᠤ ᠬᠦᠭ᠌ᠰᠡᠭᠡᠳ ᠶᠠᠭᠠᠬᠢᠬᠤᠪ᠂ ᠨᠢᠭᠡ ᠰᠠᠢᠬᠠᠨ ᠲᠠᠭᠤᠤ ᠵᠤᠬᠢᠶᠠᠴᠢᠬᠠᠶᠠ! ᠹᠠᠨ ᠱᠢᠶᠤᠤ ᠪᠢᠨ ᠲᠠ ᠦᠭᠡ᠎ᠶ᠋ᠢ᠎ᠨᠢ ᠪᠢᠴᠢ᠂ ᠪᠢ ᠤᠷᠠᠨᠴᠢᠮᠡᠭ᠎ᠤᠨ ᠬᠤᠭᠤᠯᠠᠢ᠎ᠳᠤ ᠲᠤᠬᠢᠷᠠᠭᠤᠯᠤᠭᠠᠳ ᠠᠶ᠎ᠠ᠎ᠶ᠋ᠢ᠎ᠨᠢ ᠲᠠᠭᠠᠷᠠᠭᠤᠯᠴᠢᠬᠠᠶᠠ》 ᠭᠡᠳ ᠭᠡᠳᠤᠨ ᠡᠳᠦᠷ ᠪᠣᠯᠤᠯ ᠦᠭᠡᠢ ᠲᠤᠰ ᠲᠠᠭᠤᠤ ᠮᠡᠨᠳᠤᠯᠡᠭ᠌ᠰᠡᠨ ᠪᠠᠢᠯ᠎ᠠ᠃
《ᠪᠠᠶᠠᠰᠭᠤᠯᠠᠩᠳᠤ ᠨᠠᠭᠠᠳᠤᠮ》 ᠲᠠᠭᠤᠤ᠎ᠶ᠋ᠢᠨ ᠠᠶ᠎ᠠ᠎ᠶ᠋ᠢ ᠵᠤᠬᠢᠶᠠᠭ᠍ᠴᠢ ᠯᠣᠣ ᠽᠠᠢ᠎ᠶ᠋ᠢᠨ ᠤᠭ ᠨᠡᠷ᠎ᠡ᠎ᠨᠢ ᠡᠦ ᠯᠢ ᠴᠢᠶᠦ᠋ᠨ ᠭᠡᠳᠡᠭ᠂ ᠲᠡᠷᠡ ᠪᠡᠷ ᠮᠠᠨ᠎ᠤ ᠤᠯᠤᠰ᠎ᠤᠨ ᠨᠡᠷᠡᠳᠤ ᠲᠠᠭᠤᠤ ᠬᠦᠭ᠌ᠵᠢᠮ᠎ᠤᠨ ᠦᠢᠯᠡᠳᠦᠭ᠌ᠴᠢ᠂ ᠲᠠᠭᠤᠴᠢᠨ᠂ ᠺᠢᠲ᠋ᠠᠷᠴᠢ ᠪᠠᠢᠵᠤ᠂ ᠲᠤᠮᠳᠠᠳᠤ ᠤᠯᠤᠰ᠎ᠤᠨ ᠺᠢᠨᠣ᠋᠎ᠶ᠋ᠢᠨ 《ᠠᠯᠳᠠᠨ ᠲᠠᠬᠢᠶ᠎ᠠ》 ᠱᠠᠩᠨᠠᠯ᠎ᠤᠨ ᠬᠠᠮᠤᠭ ᠱᠢᠯᠢᠳᠡᠭ ᠬᠦᠭ᠌ᠵᠢᠮ᠎ᠤᠨ ᠱᠠᠩᠨᠠᠯ᠂ ᠲᠠᠢᠸᠠᠨ᠎ᠤ 《ᠠᠵᠢᠨᠠᠢ》 ᠱᠠᠩᠨᠠᠯ᠎ᠤᠨ ᠺᠢᠨᠤ᠋᠎ᠶ᠋ᠢᠨ ᠬᠠᠮᠤᠭ ᠰᠠᠢᠨ ᠲᠠᠭᠤᠤ ᠬᠦᠭ᠌ᠵᠢᠮ᠎ᠤᠨ ᠱᠠᠩᠨᠠᠯ ᠵᠡᠷᠭᠡ ᠢᠷᠠᠭᠤ ᠠᠯᠳᠠᠷ᠎ᠢ ᠬᠦᠷᠲᠡᠨ᠂ ᠯᠢᠤ ᠬᠤᠸᠠᠨ᠂ ᠰᠦᠨ ᠨᠠᠨ ᠵᠡᠷᠭᠡ ᠲᠠᠭᠤᠴᠢᠳ᠎ᠲᠤ ᠦᠷᠭᠦᠯᠵᠢ ᠪᠦᠳᠦᠭᠡᠯ ᠬᠠᠩᠭᠠᠳᠠᠭ᠃ ᠲᠠᠭᠤᠤ᠎ᠶ᠋ᠢᠨ ᠦᠭᠡ᠎ᠶ᠋ᠢ ᠵᠤᠬᠢᠶᠠᠭ᠍ᠴᠢ ᠹᠠᠨ ᠱᠢᠶᠤᠤ ᠪᠢᠨ ᠪᠣᠯ ᠤᠯᠤᠰ᠎ᠤᠨ ᠨᠢᠭᠡᠳᠤᠭᠡᠷ ᠲᠡᠰ᠎ᠤᠨ ᠵᠦᠴᠦᠭᠡ᠎ᠶ᠋ᠢᠨ ᠵᠤᠬᠢᠶᠠᠯᠴᠢ᠂ ᠨᠡᠷᠡᠲᠦ ᠲᠠᠭᠤᠤ᠎ᠶ᠋ᠢᠨ ᠦᠭᠡ ᠵᠤᠬᠢᠶᠠᠭ᠍ᠴᠢ ᠪᠣᠯᠬᠤ ᠶᠤᠮ᠃ ᠣᠳᠣ ᠪᠣᠯᠲᠠᠯ᠎ᠠ ᠲᠡᠷᠡ 1000 ᠭᠠᠷᠤᠶ ᠳᠠᠭᠤᠤ ᠬᠥᠭ᠌ᠵᠢᠮ᠎ᠤᠨ ᠪᠦᠲᠦᠭᠡᠯ ᠵᠣᠬᠢᠶᠠᠨ᠂ ᠲᠥᠪ᠎ᠦᠨ ᠤᠬᠠᠭᠤᠯᠬᠤ ᠬᠡᠯᠲᠡᠰ᠎ᠦᠨ 《ᠲᠠᠪᠤᠨ ᠨᠢᠭᠡ ᠢᠨᠵᠧᠨᠧᠷᠢᠩ》᠎ᠤ᠋ᠨ ᠱᠠᠩᠨᠠᠯ᠎ᠢ ᠣᠯᠠᠨᠲᠠ ᠬᠦᠷᠳᠡᠵᠦ᠍ ᠦᠩᠭᠡᠷᠡᠵᠡᠢ᠃
— ᠲᠤᠬᠠᠢ᠎ᠶ᠋ᠢᠨ ᠵᠢᠯ ᠯᠤᠤ ᠽᠠᠢ ᠲᠠᠭᠤᠤ᠎ᠶ᠋ᠢᠨ ᠠᠶ᠎ᠠ᠎ᠶ᠋ᠢ ᠱᠢᠮᠫᠤᠨᠢ ᠬᠦᠭ᠌ᠵᠢᠮ᠎ᠢᠶᠠᠷ ᠵᠤᠬᠢᠶᠠᠮᠵᠢᠯᠠᠵᠤ᠂ ᠲᠥᠪ᠎ᠤᠨ ᠨᠠᠢᠷᠠᠯ ᠬᠦᠭ᠌ᠵᠢᠮ᠎ᠤᠨ ᠪᠦᠯᠬᠦᠮ᠎ᠢᠶᠠᠷ ᠬᠦᠭ᠌ᠵᠢᠮᠳᠡᠭᠦᠯᠦᠨ᠂ 《ᠬᠠᠷ᠎ᠠ ᠨᠤᠭᠤᠰᠤ》 ᠬᠠᠮᠳᠤᠯᠢᠭᠢ ᠤᠷᠢᠵᠤ ᠬᠤᠭᠤᠯᠠᠢ ᠬᠠᠪᠰᠤᠷᠠᠭᠤᠯᠤᠭ᠍ᠰᠠᠨ ᠶᠤᠮ᠃ ᠲᠡᠭᠡᠭᠦᠯᠡᠷ ᠵᠠᠷᠤᠳᠠᠯ ᠮᠦᠩᠭᠦ᠌ ᠪᠠᠰᠠ ᠭᠡᠳᠤᠨ ᠲᠦᠮᠡ ᠤᠷᠤᠭ᠍ᠰᠠᠨ᠂ ᠰᠠᠶᠢ ᠲᠡᠭᠦᠰᠦᠭᠡᠳ ᠪᠠᠢᠭ᠍ᠰᠠᠨ ᠨᠠᠳᠠ᠎ᠳᠤ ᠲᠡᠷᠡ ᠮᠦᠩᠭᠦ᠌ ᠲᠦᠭᠦᠷᠢᠭ᠎ᠢ ᠴᠤᠬ᠍ᠯᠠᠭᠤᠯᠬᠤ ᠭᠡᠵᠦ᠍ ᠪᠠᠰᠠ ᠶᠡᠭᠡ ᠬᠦᠴᠦ᠍ ᠤᠷᠤᠭ᠍ᠰᠠᠨ ᠱᠢᠤ ᠭᠡᠵᠤ ᠲᠠᠭᠤᠴᠢᠨ ᠤᠷᠠᠨᠴᠢᠮᠡᠭ ᠤᠴᠢᠷᠯᠠᠨ᠎ᠠ᠃
《ᠪᠠᠶᠠᠰᠭᠤᠯᠠᠩᠳᠤ ᠨᠠᠭᠠᠳᠤᠮ》 ᠲᠠᠭᠤᠤ᠎ᠶ᠋ᠢᠨ ᠦᠭᠡ ᠠᠩᠬ᠎ᠠ ᠬᠢᠲᠠᠳ ᠬᠡᠯᠡᠨ ᠲᠡᠭᠡᠷ᠎ᠡ ᠪᠢᠴᠢᠭ᠌ᠳᠡᠭ᠌ᠰᠡᠨ ᠪᠣᠯᠬᠤᠷ᠂ ᠱᠢᠩᠭᠡᠭᠡᠯᠳᠡ᠎ᠵᠢ ᠨᠢ ᠴᠦ᠍ ᠬᠢᠳᠡᠳ ᠵᠢᠡᠷ ᠬᠢᠵᠡᠢ᠃ ᠲᠠᠭᠤᠤ᠎ᠶ᠋ᠢᠨ ᠦᠭᠡ᠎ᠶ᠋ᠢ᠎ᠨᠢ ᠮᠤᠩᠭᠤᠯᠴᠢᠯᠠᠬᠤ ᠦᠶᠡᠰ ᠤᠷᠠᠨᠴᠢᠮᠡᠭ ᠦᠪᠡᠷ᠎ᠤᠨ ᠵᠢᠡᠨ ᠪᠠᠭᠰᠢ ᠠᠯᠳᠠᠷᠲᠤ ᠲᠠᠭᠤᠴᠢᠨ ᠯᠾᠠᠰᠦ᠋ᠷᠦᠩᠢ ᠡᠷᠢᠵᠦ᠍ ᠬᠦᠷᠦᠭ᠌ᠰᠡᠨ ᠪᠠ ᠬᠤᠵᠢᠮ᠎ᠨᠢ ᠮᠥᠨ ᠯᠾᠠᠰᠦ᠋ᠷᠦᠩ᠎ᠤᠨ ᠲᠠᠨᠢᠯᠴᠠᠭᠤᠯᠭ᠎ᠠ᠎ᠪᠠᠷ ᠲᠤᠰ ᠲᠠᠭᠤᠤ ᠦᠪᠤᠷ ᠮᠤᠩᠭᠤᠯ᠎ᠤᠨ ᠤᠳᠤᠨ ᠲᠧᠯᠸᠢᠰ᠎ᠤᠨ ᠴᠠᠭᠠᠨ ᠰᠠᠷ᠎ᠠ᠎ᠶ᠋ᠢᠨ ᠦᠳᠡᠱᠢᠯᠡᠭᠡ᠎ᠳᠤ ᠤᠷᠤᠯᠴᠠᠨ᠂ ᠦᠵᠡᠭ᠌ᠴᠢ ᠤᠯᠠᠨ᠎ᠲᠠᠢ ᠵᠤᠯᠭᠠᠭ᠍ᠰᠠᠨ ᠪᠠᠢᠯ᠎ᠠ᠃
— ᠠᠩᠬ᠎ᠠ ᠤᠷᠴᠢᠭᠤᠯᠬᠤ ᠦᠶᠡᠰ ᠲᠠᠭᠤᠤ᠎ᠶ᠋ᠢᠨ ᠭᠠᠷᠴᠠᠭ᠎ᠢ᠎ᠨᠢ 《ᠨᠠᠭᠠᠳᠤᠮ᠎ᠤᠨ ᠲᠠᠭᠤᠯᠠᠯ》 ᠭᠡᠵᠤ ᠠᠪᠤᠭᠠᠳ ᠪᠠᠢᠭ᠍ᠰᠠᠨ᠂ ᠦᠳᠡᠱᠢᠯᠡᠭᠡ᠎ᠳᠤ ᠤᠷᠣᠬᠤ ᠦᠶᠡᠰ 《ᠪᠠᠶᠠᠰᠭᠤᠯᠠᠩᠳᠤ ᠨᠠᠭᠠᠳᠤᠮ》 ᠭᠡᠵᠤ ᠬᠠᠯᠠᠭ᠍ᠰᠠᠨ ᠶᠤᠮ᠃ ᠯᠾᠠᠰᠦ᠋ᠷᠦᠩ ᠪᠠᠭ᠍ᠰᠢ ᠮᠠᠨᠢ ᠶᠤᠰᠤᠳᠠᠢ ᠠᠪᠢᠶᠠᠰ ᠪᠢᠯᠢᠭ᠎ᠲᠠᠢ ᠬᠦᠮᠦᠨ ᠱᠢᠤ! ᠪᠠᠭ᠍ᠰᠢ ᠮᠠᠨᠢ ᠲᠠᠮᠠᠬᠢ ᠲᠠᠳᠠᠳᠠᠭ ᠦᠭᠡᠢ ᠬᠦᠮᠦᠨ ᠶᠤᠮ ᠯᠡ ᠳ᠋ᠠ᠂ ᠬᠠᠷᠢᠨ ᠲᠡᠷᠡ ᠡᠳᠦᠷ ᠡᠨᠡ ᠲᠠᠭᠤᠤ᠎ᠶ᠋ᠢ ᠮᠤᠩᠭᠤᠯᠴᠢᠯᠠᠬᠤ ᠦᠶᠡᠰ ᠨᠢᠭᠡ ᠭᠤᠳᠤᠯᠢ ᠲᠠᠮᠠᠬᠢ ᠲᠠᠲᠠᠴᠢᠬᠠᠭᠠᠳ 20 ᠮᠢᠨᠦ᠋ᠲ ᠪᠣᠯᠤᠯ ᠦᠭᠡᠢ ᠪᠠᠷ ᠦᠭᠡ᠎ᠶ᠋ᠢ᠎ᠨᠢ ᠤᠷᠴᠢᠭᠤᠯᠵᠤ ᠪᠢᠴᠢᠭᠡᠳ ᠭᠠᠷᠭᠠᠴᠢᠬᠠᠬ᠍ᠰᠠᠨ᠃ ᠲᠡᠭᠡᠭᠡᠳ ᠯᠡ ᠡᠨᠡ ᠲᠠᠭᠤᠤ ᠮᠠᠨᠢ ᠤᠷᠤᠨ ᠲᠠᠶᠠᠭᠠᠷ᠎ᠲᠤ ᠶᠡᠭᠡ ᠪᠠᠭ᠎ᠠ ᠨᠠᠢᠷ ᠨᠠᠭᠠᠳᠤᠮ᠎ᠢᠶᠠᠷ ᠡᠬᠢᠯᠡᠵᠦ᠍ ᠲᠠᠮᠵᠢᠬ᠍ᠳᠠᠭ᠍ᠰᠠᠨ ᠭᠡᠵᠤ ᠤᠷᠠᠨᠴᠢᠮᠡᠭ ᠶᠠᠷᠢᠨ᠎ᠠ᠃
ᠨᠠᠢᠷ᠎ᠲᠤ ᠭᠤᠷᠪᠠᠨ ᠲᠠᠭᠤᠤ ᠲᠠᠢ᠂ ᠨᠠᠭᠠᠳᠤᠮ᠎ᠳᠤ ᠭᠤᠷᠪᠠᠨ ᠳᠠᠪᠠᠭ᠎ᠠ᠎ᠲᠠᠢ ᠭᠡᠳᠡᠭ᠎ᠢᠶᠠᠷ᠂ ᠬᠤᠷᠢᠨ ᠵᠢᠯ᠎ᠤᠨ ᠲᠤᠷᠰᠢ ᠨᠠᠢᠷ᠎ᠤᠨ ᠴᠢᠮᠡᠭ ᠪᠣᠯᠣᠭ᠍ᠰᠠᠭᠠᠷ ᠢᠷᠡᠭ᠌ᠰᠡᠨ 《ᠪᠠᠶᠠᠰᠭᠤᠯᠠᠩᠲᠤ ᠨᠠᠭᠠᠳᠤᠮ》 ᠲᠠᠭᠤᠤ᠂ ᠬᠤᠷᠢᠮ ᠲᠦᠷᠥ᠎ᠪᠠᠨ ᠡᠷᠭᠦᠨ ᠬᠦᠭ᠌ᠵᠢᠭᠡᠭ᠌ᠰᠡᠭᠡᠷ ᠁ ᠬᠤᠲᠠᠯᠠ ᠤᠯᠠᠨ᠎ᠢᠶᠠᠨ ᠪᠠᠶᠠᠰᠬᠠᠭᠰᠠᠭᠠᠷ᠃
ᠦᠨᠡᠯᠡᠯᠳᠠ —
ᠬᠡᠱᠢᠭ᠌ᠲᠦ (ᠨᠡᠷᠡᠲᠦ ᠤᠳᠤᠷᠢᠳᠤᠭᠠᠴᠢ)
ᠲᠤᠬᠠᠢ᠎ᠶ᠋ᠢᠨ ᠵᠢᠯ᠂ ᠨᠤᠲᠤᠭ ᠤᠰᠤ᠂ ᠭᠤᠣᠯ ᠮᠦᠷᠡᠨ᠂ ᠡᠭᠦᠯᠡ ᠮᠠᠨᠠᠨ᠎ᠢᠶᠠᠷ ᠰᠡᠳᠦᠪᠯᠡᠭ᠌ᠰᠡᠨ ᠤᠯᠠᠨ ᠲᠠᠭᠤᠤᠨᠤᠭᠤᠳᠤᠨ ᠳᠤᠮᠳᠠ᠎ᠠᠴᠠ ᠨᠠᠭᠠᠳᠤᠮ᠎ᠤᠨ ᠬᠤᠷᠠᠯ᠎ᠢᠶᠠᠷ ᠵᠤᠬᠢᠶᠠᠮᠵᠢᠯᠠᠭ᠍ᠰᠠᠨ ᠡᠨᠡ ᠲᠠᠭᠤᠤ ᠰᠡᠳᠦᠪ᠎ᠤᠨ ᠬᠤᠪᠢ᠎ᠳᠤ ᠮᠠᠰᠢ ᠰᠤᠨᠢᠬᠠᠨ᠂ ᠦᠭᠡ ᠠᠶᠠᠯᠭᠤ᠎ᠶ᠋ᠢᠨ ᠲᠠᠯ᠎ᠠ᠎ᠪᠠᠷ ᠪᠦᠷ ᠦᠪᠡᠷ᠎ᠤᠨ ᠭᠡᠰᠡᠨ ᠢᠯᠡ ᠲᠤᠲᠣ ᠤᠨᠴᠠᠯᠢᠭ᠎ᠲᠠᠢ ᠪᠠᠢᠬ᠍ᠰᠠᠨ ᠶᠤᠮ᠃ 《ᠪᠠᠶᠠᠰᠭᠤᠯᠠᠩᠳᠤ ᠨᠠᠭᠠᠳᠤᠮ》 ᠲᠠᠭᠤᠤ᠎ᠶ᠋ᠢ ᠤᠷᠲᠤ᠎ᠶ᠋ᠢᠨ ᠲᠠᠭᠤᠤ ᠪᠠᠷ ᠡᠬᠢᠯᠡᠭᠦᠯᠦᠨ᠂ ᠱᠢᠮᠫᠤᠨᠢ ᠬᠦᠭ᠌ᠵᠢᠮ᠎ᠢᠶᠠᠷ ᠠᠶ᠎ᠠ ᠬᠠᠪᠰᠤᠷᠭᠠᠭ᠍ᠰᠠᠨ᠎ᠨᠢ ᠨᠠᠢᠷᠠᠭᠤᠯᠭ᠎ᠠ᠎ᠶ᠋ᠢᠨ ᠬᠤᠪᠢ᠎ᠳᠤ ᠤᠯᠠᠮ ᠪᠠᠶᠠᠯᠢᠭ ᠤᠯᠠᠮ ᠨᠦᠭᠡᠴᠡ᠎ᠲᠠᠢ ᠪᠣᠯᠭᠠᠵᠤ᠂ ᠲᠤᠰ ᠲᠠᠭᠤᠤ᠎ᠶ᠋ᠢᠨ ᠠᠮᠠᠨ᠎ᠳᠤ ᠬᠢᠩᠱᠢᠭ᠌ᠳᠡᠨ᠂ ᠴᠡᠭᠡᠵᠢᠨ᠎ᠳᠤ ᠰᠠᠭᠤᠭ᠍ᠳᠠᠬᠤ ᠴᠢᠳᠠᠮᠵᠢ᠎ᠶ᠋ᠢ ᠤᠯᠠᠮ ᠦᠳᠭᠡᠷᠡᠭᠦᠯᠦᠭ᠌ᠰᠡᠨ ᠪᠠᠢᠯ᠎ᠠ᠃
ᠪᠦᠳᠦᠭᠡᠯ ᠪᠤᠯᠭᠠᠨ᠎ᠳᠤ ᠲᠡᠭᠦᠨ᠎ᠤ ᠲᠦᠷᠦᠬᠦ᠌ ᠴᠠᠭ᠂ ᠲᠦᠯᠵᠢᠬᠦ᠌ ᠴᠠᠭ ᠭᠡᠵᠦ᠍ ᠪᠠᠢᠳᠠᠭ᠃ 《ᠪᠠᠶᠠᠰᠭᠤᠯᠠᠩᠳᠤ ᠨᠠᠭᠠᠳᠤᠮ 》 ᠲᠠᠭᠤᠤ ᠶᠡᠭᠡ ᠪᠠᠭ᠎ᠠ ᠨᠠᠢᠷ ᠨᠠᠭᠠᠳᠤᠮ᠎ᠢᠶᠠᠷ ᠬᠤᠷᠢᠨ ᠵᠢᠯ ᠲᠤᠭᠤᠷᠢᠵᠤ ᠶᠠᠪᠤᠭᠠᠳ᠂ ᠦᠨᠦᠳᠤᠷ ᠪᠣᠯᠬᠤ᠎ᠳᠤ ᠮᠥᠨ ᠯᠡ ᠭᠤᠣᠯ ᠡᠵᠡᠨ᠎ᠤ ᠬᠤᠪᠢ᠎ᠪᠠᠷ ᠨᠠᠢᠷ ᠨᠠᠭᠠᠳᠤᠮ᠎ᠤᠨ ᠥᠷᠭᠡᠨ ᠲᠡᠪᠵᠢᠶᠡᠨ᠎ᠳᠤ ᠰᠤᠨᠤᠷᠳᠠᠵᠤ ᠪᠠᠢᠭ᠎ᠠ᠎ᠨᠢ ᠲᠤᠰ ᠲᠠᠭᠤᠤ᠎ᠶ᠋ᠢᠨ ᠠᠷᠠᠳ᠎ᠤᠨ ᠰᠡᠳᠭᠢᠯ᠎ᠳᠤ ᠬᠦᠷᠦᠭ᠌ᠰᠡᠨ᠎ᠤ ᠪᠤᠳᠠᠳᠤ ᠭᠡᠷᠡᠴᠢᠯᠡᠯ᠂ ᠨᠡᠩ ᠴᠤ᠌ ᠲᠤᠰ ᠲᠠᠭᠤᠤ᠎ᠶ᠋ᠢᠨ ᠴᠠᠭ ᠦᠶᠡᠴᠢ ᠦᠨ᠎ᠡ ᠴᠠᠨ᠎ᠠ᠎ᠶ᠋ᠢᠨ ᠢᠯᠡᠷᠭᠡᠢᠯᠡᠯ ᠪᠣᠯᠬᠤ ᠶᠤᠮ᠃
ᠠᠯᠳᠠᠷ —
ᠦᠪᠤᠷ ᠮᠤᠡᠭᠭᠤᠯ᠎ᠤᠨ ᠤᠷᠤᠨ ᠨᠤᠳᠤᠭ᠎ᠤᠨ ᠰᠤᠡᠭᠭᠤᠳᠠᠭ ᠲᠠᠭᠤᠤ ᠵᠢᠨ ᠨᠢᠭᠡ᠃