ᠦᠨᠲᠦᠰᠦᠨ ᠪᠠᠢᠲᠠᠯ —
ᠵᠤᠬᠢᠶᠠᠨ ᠪᠦᠲᠦᠭᠡᠭᠰᠡᠨ ᠴᠠᠭ᠄ 2005 ᠤᠨ
ᠦᠭᠡ᠄ ᠦ᠊·ᠨᠠᠴᠢᠨ
ᠠᠶ᠎ᠠ ᠄ ᠰᠡᠴᠡᠨᠴᠤᠭᠳᠦ
ᠵᠤᠬᠢᠶᠠᠨ ᠪᠦᠲᠦᠭᠡᠭᠰᠡᠨ ᠬᠡᠯᠪᠡᠷᠢ ᠄ ᠬᠤᠷᠴᠢᠨ ᠠᠷᠠᠳ᠎ᠤᠨ ᠲᠠᠭᠤᠤ ᠡᠴᠡ ᠡᠰᠢᠯᠡᠵᠦ ᠵᠤᠬᠢᠶᠠᠨ ᠪᠦᠲᠦᠭᠡᠵᠡᠢ
ᠠᠶ᠎ᠠ ᠶᠢᠨ ᠤᠨᠴᠠᠯᠢᠭ᠄ ᠬᠤᠷᠴᠢᠨ ᠴᠣᠭᠣᠷ᠎ᠤᠨ ᠪᠣᠢᠯᠠᠭ᠎ᠠ ᠳᠠᠷᠣᠯᠠᠭᠠ ᠶ᠋ᠢ ᠬᠠᠪᠰᠤᠷᠭᠠᠭᠰᠠᠨ ᠠᠷᠠᠳ᠎ᠤᠨ ᠳᠠᠭᠤᠤ᠎ᠶᠢᠨ ᠬᠡᠪ ᠨᠠᠮᠪᠠ ᠲᠠᠢ
ᠳᠠᠭᠤᠤ᠎ᠶᠢᠨ ᠲᠦᠷᠦᠯ᠄ ᠵᠤᠬᠢᠶᠠᠯ᠎ᠤᠨ ᠲᠠᠭᠤᠤ
ᠦᠯᠢᠭᠡᠷ —
《ᠬᠠᠢᠷ᠎ᠠ ᠬᠠᠢᠷ᠎ᠠ᠎ᠶᠢᠨ ᠪᠠᠲᠤᠴᠠᠭᠠᠨ》 ᠭᠡᠬᠦ ᠳᠠᠭᠤᠤ ᠨᠠᠯᠠᠭᠠᠷᠬᠠᠨ ᠤᠯᠠᠢᠵᠤ ᠨᠠᠪᠴᠢᠰ ᠨᠢ ᠪᠥᠵᠢᠭᠰᠡᠨ ᠪᠠᠲᠤᠴᠠᠭᠠᠨᠢ ᠤᠷᠠᠯᠢᠭ᠋ ᠰᠣᠶᠣᠯ᠎ᠤᠨ ᠬᠦᠷᠲᠡᠭᠡᠯ ᠪᠤᠯᠭᠠᠬ᠍ᠰᠡᠨ᠎ᠢᠶᠠᠷ ᠦᠯᠦ ᠪᠠᠷᠠᠮ᠂ ᠠᠮᠢ ᠠᠬᠤᠢ᠎ᠶᠢᠨ ᠰᠠᠢᠵᠢᠷᠠᠯᠲᠠ᠂ ᠣᠷᠴᠢᠨ ᠲᠣᠭᠣᠷᠢᠨ᠎ᠤ ᠭᠤᠶᠤᠵᠢᠯᠳᠠ ᠨᠢ ᠬᠥᠮᠥᠨ ᠠᠷᠠᠳ ᠲᠸ᠋ ᠭᠤᠸ᠎ᠠ ᠰᠠᠢᠬᠠᠨ᠎ᠤ ᠲᠠᠭᠠᠰᠢᠶᠡᠯ᠎ᠳᠦ ᠲᠥᠷᠥᠭᠳᠡᠯ ᠣᠯᠭᠣᠵᠤ ᠴᠢᠳᠠᠨ᠎ᠠ ᠭᠡᠳᠡᠭ᠎ᠢ ᠨᠤᠲᠠᠲᠠᠢ ᠬᠡᠷᠡᠴᠢᠯᠠᠵᠠᠢ᠃ ᠢᠯᠠᠩᠭᠤᠶ᠎ᠠ᠂ ᠲᠤᠰ ᠳᠠᠭᠤᠤ᠎ᠶᠢ ᠵᠣᠬᠢᠶᠠᠨ ᠪᠦᠲᠦᠭᠡᠬᠦ᠎ᠳᠦ ᠤᠷᠠᠨ ᠪᠦᠲᠦᠭᠡᠯᠴᠢᠳ ᠲᠸ᠋ ᠤᠢ ᠪᠢᠯᠢᠭ᠂ ᠰᠡᠷᠡᠯ ᠮᠡᠳᠡᠷᠡᠮᠵᠢ ᠰᠣᠶᠣᠷᠬᠠᠭᠰᠠᠨ ᠳᠠᠢᠴᠢᠨᠲᠠᠯ᠎ᠠ᠎ᠶᠢᠨ ᠪᠠᠲᠤᠴᠠᠭᠠᠨ᠎ᠤ ᠤᠢ ᠮᠠᠨᠢ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠰᠣᠶᠣᠯ ᠵᠢᠭᠤᠯᠴᠢᠯᠠᠯ ᠤᠨ ᠱᠤᠰᠢᠭ᠎ᠠ ᠲᠡᠮᠳᠡᠭ᠂ ᠨᠡᠷ᠎ᠡ᠎ᠶᠢᠨ ᠬᠠᠭᠤᠳᠠᠰᠤ ᠪᠣᠯᠵᠤ᠂ 《ᠡᠵᠡᠨ᠎ᠡ᠎ᠶᠢᠨ ᠲᠣᠣᠷᠠᠢ᠂ ᠲᠦᠰᠢᠶᠡᠲᠦ᠎ᠶᠢᠨ ᠪᠠᠲᠤᠴᠠᠭᠠᠨ》 ᠬᠡᠮᠡᠨ ᠬᠤᠯᠡ ᠣᠢᠷ᠎ᠠ᠎ᠳᠠᠭᠠᠨ ᠠᠯᠳᠠᠷᠰᠢᠨ᠂ ᠠᠢᠯᠴᠢᠨ ᠭᠡᠢᠴᠢᠳ᠎ᠤᠨ ᠵᠤᠭᠠᠯᠠᠬᠤ ᠣᠷᠣᠨ ᠪᠤᠯᠵᠦ ᠤᠶᠠᠩᠭᠠᠲᠤ ᠳᠠᠭᠤᠤ ᠪᠡᠷ᠎ᠢᠶᠠᠨ ᠤᠯᠤᠰ ᠲᠦᠮᠡᠨ᠎ᠳᠡᠭᠡᠨ ᠲᠠᠨᠢᠭ᠍ᠳᠠᠭᠰᠠᠨ ᠨᠡᠢᠲᠡᠯᠢᠭ ᠵᠢᠱ᠌ᠢᠶ᠎ᠡ᠂ ᠰᠣᠩᠭᠣᠳᠠᠭ ᠵᠠᠭᠪᠤᠷ ᠪᠣᠯᠤᠭᠰᠠᠨ ᠪᠠᠢᠯ᠎ᠠ᠃ 2005 ᠣᠨ᠎ᠳᠤ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠭᠢᠨ ᠲᠠᠡᠭ᠌ᠰᠤᠭ ᠪᠠᠢᠭᠠᠯᠢ᠎ᠶᠢᠨ ᠭᠠᠢᠬᠠᠮᠰᠢᠭ᠋᠂ ᠨᠤᠲᠤᠭ ᠤᠰᠤᠨ᠎ᠤ ᠪᠠᠨ ᠠᠮᠢ ᠠᠬᠤᠢ ᠬᠢᠭᠡᠳ ᠰᠣᠶᠣᠯ ᠵᠢᠭᠤᠯᠴᠢᠯᠠᠯ᠎ᠢ ᠰᠤᠷᠲᠠᠯᠴᠢᠯᠠᠨ ᠤᠬᠠᠭᠤᠯᠬᠤ ᠪᠡᠷ ᠢᠷᠠᠭᠤ ᠨᠠᠢᠷᠠᠭ᠍ᠴᠢ ᠦ᠊·ᠨᠠᠴᠢᠨ ᠬᠢᠭᠡᠳ ᠬᠥᠭᠵᠢᠮ᠎ᠤᠨ ᠵᠣᠬᠢᠶᠠᠭ᠍ᠴᠢ ᠰᠡᠴᠡᠨᠴᠣᠭᠲᠤ ᠬᠣᠶᠠᠷ ᠪᠠᠭ᠍ᠰᠢ᠎ᠶᠢ ᠤᠷᠢᠵᠤ᠂ ᠬᠡᠭᠡᠷ᠎ᠡ᠎ᠶᠢᠨ ᠰᠢᠨᠵᠢᠯᠡᠭᠡ ᠭᠢᠯᠭᠡᠵᠦ᠂ ᠤᠷᠠᠨ ᠪᠦᠲᠦᠭᠡᠯ ᠲᠤᠭᠤᠷᠪᠢᠵᠤ ᠥᠭᠬᠦ᠎ᠶᠢ ᠨᠠᠢᠳᠠᠵᠠᠢ᠃
— ᠪᠢᠳᠠ ᠲᠠᠷᠠ ᠵᠢᠯ᠎ᠤᠨ 8 ᠰᠠᠷ᠎ᠠ᠎ᠶᠢᠨ ᠨᠢᠭᠡᠨ ᠡᠳᠦᠷ᠂ ᠪᠦᠷᠦᠢ ᠡᠴᠠ ᠠᠮᠵᠢᠵᠤ ᠳᠠᠢᠴᠢᠨᠲᠠᠯ᠎ᠠ᠎ᠶᠢᠨ ᠪᠠᠲᠤᠴᠠᠭᠠᠨ᠎ᠤ ᠤᠢᠳᠦ ᠬᠦᠷᠴᠦ ᠪᠢᠯᠡ ᠃ ᠵᠠᠮ᠎ᠳᠠᠭᠠᠨ ᠳᠠᠢᠴᠢᠨᠲᠠᠯ᠎ᠠ᠎ᠶᠢᠨ ᠪᠠᠲᠤᠴᠠᠭᠠᠨᠢ ᠪᠡᠭᠡᠵᠢᠩ᠎ᠤᠨ ᠰᠢᠶᠠᠡᠭ᠌ᠱᠠᠨ ᠠᠭᠤᠯᠠᠨ᠎ᠤ ᠪᠠᠲᠤᠴᠠᠭᠠᠨ ᠲᠠᠢ ᠤᠳᠤᠮ ᠨᠢᠭᠡᠲᠡᠢ ᠬᠡᠵᠤ ᠦᠵᠡᠵᠡᠭᠡᠪᠡ᠃ ᠡᠷᠲᠡ ᠦᠶ᠎ᠡ᠎ᠳᠦ ᠨᠢᠭᠡ ᠭᠦᠩᠵᠦ ᠪᠡᠭᠡᠵᠢᠩ ᠡᠴᠠ ᠡᠨᠳᠠ ᠮᠣᠷᠳᠠᠵᠤ ᠢᠷᠡᠬᠦ᠎ᠳᠡᠭᠡᠨ ᠪᠠᠲᠤᠴᠠᠭᠠᠨ᠎ᠤ ᠦᠷ᠎ᠡ᠎ᠶᠢ ᠠᠪᠴᠢᠷᠠᠨ ᠨᠢᠭᠡ ᠰᠠᠭᠤᠷᠢ ᠳᠠᠷᠢᠭ᠍ᠰᠠᠨ ᠡᠴᠠ ᠤᠳᠦ ᠪᠤᠯᠬᠤ᠎ᠳᠦ ᠲᠠᠯ᠎ᠠ ᠵᠤᠶᠢ ᠪᠦᠷᠬᠦᠭᠰᠡᠨ ᠰᠢᠭᠤᠢ ᠪᠣᠯᠤᠭᠰᠠᠨ ᠭᠡᠨ᠎ᠡ ᠭᠡᠰᠡᠨ ᠦᠯᠢᠭᠡᠷ᠎ᠢ ᠠᠮᠲᠠᠷᠬᠠᠨ ᠰᠤᠨᠤᠰᠬᠤ᠎ᠳᠦ ᠰᠡᠳᠬᠢᠯ ᠤ᠋ᠨ ᠭᠦᠨ᠎ᠳᠦ ᠤᠯᠠᠮ ᠭᠠᠢᠬᠠᠨ ᠰᠣᠨᠢᠷᠬᠠᠬᠤ ᠰᠡᠳᠬᠢᠯᠭᠡ ᠲᠥᠷᠥᠭᠳᠡᠭᠰᠡᠨ ᠪᠠᠢᠯ᠎ᠠ᠃ ᠪᠢᠳᠠ ᠪᠠᠲᠤᠴᠠᠭᠠᠨ ᠤ᠋ ᠰᠢᠭᠤᠢ ᠳᠤᠮᠳᠠᠭᠤᠷ ᠠᠯᠬᠤᠯᠠᠬᠤ᠎ᠳᠦ ᠲᠡᠷᠲᠡᠭᠡᠬᠢ ᠲᠠᠷᠠ ᠪᠠᠲᠤᠴᠠᠭᠠᠨ᠎ᠤ ᠨᠠᠪᠴᠢᠰ ᠡᠯᠭᠦᠭᠡᠰᠦᠲᠡᠢ ᠳ᠋ᠧᠩᠯᠦ ᠰᠢᠭ ᠬᠠᠷᠠᠭᠳᠠᠭᠰᠠᠨ ᠪᠥᠭᠡᠳ ᠤᠨᠠᠬᠤ ᠨᠠᠷᠡᠨᠤ ᠤᠯᠠᠪᠢᠷ ᠲᠤᠶᠠᠭᠠᠨ᠎ᠳᠦ ᠲᠠᠪᠤᠨ ᠬᠣᠰᠢᠭᠤ ᠡᠴᠠ ᠨᠢ ᠭᠡᠷᠡᠯ ᠰᠠᠴᠤᠷᠠᠵᠤ ᠪᠠᠢᠭ᠎ᠠ ᠶᠤᠮ ᠰᠢᠭ᠋ ᠰᠠᠨᠠᠭᠳᠠᠯ᠎ᠠ᠃ ᠲᠡᠭᠦᠨ᠎ᠤ ᠳᠡᠭᠡᠭᠦᠷ ᠨᠢ ᠬᠥᠬᠡ ᠠᠯᠠᠭ ᠴᠡᠭᠴᠡᠦᠬᠡᠢ ᠬᠣᠣᠰ ᠬᠣᠣᠰ᠎ᠢᠶᠠᠷ ᠵᠢᠷᠭᠢᠯᠳᠦᠨ ᠨᠢᠰᠴᠦ ᠪᠠᠢᠬᠤ᠎ᠳᠦ ᠂ ᠠᠮᠠᠷᠠᠭ ᠬᠣᠣᠰ᠎ᠤᠳ ᠭᠠᠷ ᠬᠣᠯᠪᠣᠯᠴᠠᠨ ᠵᠤᠭᠠᠯᠠᠵᠤ ᠪᠠᠢᠭ᠎ᠠ ᠲᠠᠢ ᠲᠠᠭᠠᠷᠠᠯᠳᠤᠯ᠎ᠠ᠃ ᠡᠨᠡ ᠬᠦ᠌ ᠦᠵᠡᠮᠵᠢ ᠵᠢᠷᠤᠭᠯᠠᠯ ᠨᠠᠳᠠᠳᠦ ᠤᠷᠠᠨ ᠪᠦᠲᠦᠭᠡᠯ᠎ᠤᠨ ᠬᠣᠯᠪᠣᠨ ᠪᠤᠳᠤᠬᠤ ᠣᠷᠣᠨ ᠵᠠᠢ ᠬᠢᠭᠡᠳ ᠪᠢᠯᠢᠭ ᠰᠡᠷᠡᠯ ᠣᠯᠭᠣᠨ ᠲᠤᠰ ᠳᠠᠭᠤᠤ᠎ᠶᠢ ᠪᠢᠴᠢᠭᠰᠡᠨ ᠶᠤᠮ ᠭᠡᠵᠦ ᠦ᠊·ᠨᠠᠴᠢᠨ ᠤᠴᠢᠷᠯᠠᠨ ᠶᠠᠷᠢᠯ᠎ᠠ᠃
ᠦ᠊· ᠨᠠᠴᠢᠨ ᠪᠦᠷᠦᠢ᠎ᠶᠢᠨ ᠦᠶ᠎ᠡ ᠪᠡᠷ ᠪᠠᠲᠤᠴᠠᠭᠠᠨ᠎ᠤ ᠤᠢᠳᠦ ᠬᠡᠭᠡᠷ᠎ᠡ᠎ᠶᠢᠨ ᠰᠢᠪᠠᠭᠤᠳ ᠬᠣᠣᠰᠯᠠᠨ ᠨᠢᠰᠬᠦ᠎ᠶᠢ ᠬᠠᠷᠠᠭᠠᠳ 《 ᠡᠭᠦᠷ ᠡᠭᠦᠷ᠎ᠢᠶᠠᠨ ᠡᠷᠢᠭᠰᠡᠨ ᠪᠦᠷᠦᠢ᠎ᠶᠢᠨ ᠰᠢᠪᠠᠭᠤᠳ᠂ ᠵᠢᠭᠦᠷ ᠵᠢᠭᠦᠷ᠎ᠢᠶᠠᠨ ᠬᠣᠯᠪᠣᠭᠠᠳ ᠳᠡᠪᠳᠡᠷᠢᠨ ᠡᠷᠭᠢᠨ᠎ᠡ ᠭᠦ 》 ᠭᠡᠰᠡᠨ ᠮᠥᠷ ᠱᠠᠳ ᠲᠡᠭᠦᠨ᠎ᠤ ᠲᠠᠷᠢᠬᠢᠨ᠎ᠳᠦ ᠣᠷᠣᠭᠰᠠᠨ ᠪᠠᠢᠵᠠᠢ ᠃ ᠠᠮᠠᠷᠠᠭ ᠬᠣᠣᠰ᠎ᠤᠳ ᠭᠠᠷ ᠬᠣᠯᠪᠣᠨ ᠭᠦᠶᠦᠵᠦ ᠪᠤᠯᠬᠤ᠎ᠳᠦ ᠠᠭᠤᠯᠠᠨ᠎ᠤ ᠰᠢᠪᠠᠭᠤᠳ ᠵᠢᠭᠦᠷ᠎ᠢᠶᠠᠨ ᠬᠣᠯᠪᠣᠨ ᠡᠭᠦᠷ᠎ᠢᠶᠠᠨ ᠡᠷᠢᠬᠦ ᠨᠢ ᠵᠦᠢᠲᠡᠢ᠃ ᠡᠳᠠ ᠶᠠᠭᠤᠨ ᠤ᠋ ᠲᠥᠯᠥᠭᠡ ᠪᠤᠢ ? ᠡᠨᠡ ᠪᠦᠭᠦᠨ ᠪᠦᠷ ᠬᠠᠯᠠᠭᠤᠨ ᠳᠤᠯᠠᠭᠠᠨ ᠠᠮᠢᠳᠤᠷᠠᠯ᠎ᠤᠨ ᠲᠥᠯᠥᠭᠡ ᠂ ᠦᠷ᠎ᠡ ᠥᠨᠳᠡᠭᠡ ᠂ ᠠᠩᠭᠠᠬᠠᠢ ᠳᠡᠭᠳᠡᠭᠡᠬᠡᠢᠶᠢᠨᠢᠶᠠᠨ ᠲᠥᠯᠥᠭᠡ ᠶᠤᠮᠰᠠᠨ᠃ ᠨᠢᠭᠡᠯᠬᠡᠨ ᠦᠭᠡ ᠪᠡᠷ ᠬᠡᠯᠡᠪᠡᠯ ᠰᠠᠢᠨ ᠰᠠᠢᠬᠠᠨ ᠬᠦᠰᠡᠯ ᠪᠢᠯᠬᠠᠭᠰᠠᠨ ᠣᠷᠭᠢᠯᠤᠮ᠎ᠠ ᠬᠠᠯᠠᠭᠤᠨ ᠰᠡᠳᠬᠢᠯ᠎ᠤᠨ ᠬᠥᠳᠡᠯᠭᠡᠭᠡᠨ ᠪᠤᠶᠤ ᠰᠡᠳᠬᠢᠴᠡ᠎ᠶᠢᠨ ᠪᠠᠢᠳᠠᠯ᠎ᠢ ᠢᠯᠡᠷᠡᠭᠦᠯᠦᠭᠰᠡᠨ 《ᠬᠠᠢᠷ᠎ᠠ 》 ᠵᠢᠨ ᠲᠦᠯᠦᠭᠡ ᠪᠤᠯᠬᠤ ᠶᠤᠮ ᠃ ᠬᠠᠢᠷ᠎ᠠ᠎ᠳᠦ ᠤᠯᠤᠰ ᠦᠨᠳᠦᠰᠦᠲᠡᠨ᠂ ᠠᠮᠢᠳᠡᠨ ᠭᠣᠣᠯᠲᠠᠨᠤ ᠬᠠᠷᠢᠶ᠎ᠠ ᠦᠭᠡᠢ ᠲᠤᠯᠠ ᠢᠷᠠᠭᠤ ᠨᠠᠢᠷᠠᠭ᠍ᠴᠢ᠎ᠶᠢᠨ ᠤᠶᠤᠨ ᠮᠡᠳᠡᠷᠡᠮᠵᠢ᠎ᠳᠦ ᠬᠠᠢᠷ᠎ᠠ᠎ᠶᠢᠨ ᠴᠤᠪᠤᠭ᠎ᠠ ᠴᠥᠷᠬᠡᠯᠡᠭᠰᠡᠨ ᠶᠤᠮᠰᠢᠭ᠋ ᠬᠣᠯᠪᠣᠨ ᠪᠣᠳᠣᠯᠲᠠ ᠡᠭᠦᠰᠦᠭᠰᠡᠨ ᠡᠴᠠ《ᠬᠠᠢᠷ᠎ᠠ ᠬᠠᠢᠷ᠎ᠠ᠎ᠶᠢᠨ ᠪᠠᠲᠤᠴᠠᠭᠠᠨ 》 ᠭᠡᠬᠦ ᠰᠢᠯᠦᠭ᠎ᠤᠨ ᠭᠠᠷᠴᠠᠭ ᠲᠥᠷᠥᠭᠳᠡᠭᠰᠡᠨ ᠶᠤᠮ ᠃
ᠲᠤᠰ ᠳᠠᠭᠤᠤ᠎ᠶᠢᠨ ᠦᠭᠡᠨ᠎ᠳᠦ 《 ᠡᠭᠦᠷ ᠡᠭᠦᠷ ᠂ ᠵᠢᠭᠦᠷ ᠵᠢᠭᠦᠷ / ᠵᠤᠯᠠᠢ ᠵᠤᠯᠠᠢ᠂ ᠵᠠᠭᠤᠨ ᠵᠠᠭᠤᠨ / ᠬᠠᠵᠠᠭᠤ ᠬᠠᠵᠠᠭᠤ ᠂ ᠬᠠᠷᠤᠢ ᠪᠦᠷᠦᠢ 》 ᠭᠡᠰᠡᠨ ᠲᠡᠭᠰᠢ ᠭᠡᠮᠨᠠᠯ᠂ ᠡᠩ ᠵᠡᠷᠭᠡᠴᠡᠭᠦᠯᠦᠯ᠎ᠤᠨ ᠤᠭ ᠰᠠᠨᠠᠭ᠎ᠠ ᠨᠢ 《ᠬᠠᠨᠢ》 ᠬᠢᠭᠡᠳ 《ᠬᠠᠢᠷ᠎ᠠ》 ᠶ᠋ᠢᠨ ᠭᠣᠣᠯ ᠰᠠᠨᠠᠭ᠎ᠠ ᠪᠠᠨ ᠢᠯᠡᠳᠬᠡᠬᠦ ᠭᠡᠰᠡᠨ ᠪᠠᠢᠵᠠᠢ᠃ ᠢᠷᠠᠭᠤ ᠨᠠᠢᠷᠠᠭ᠍ᠴᠢ ᠦ᠊·ᠨᠠᠴᠢᠨᠤ ᠦᠭᠡ ᠪᠡᠷ ᠬᠡᠯᠡᠪᠡᠯ᠂ ᠤᠷᠠᠨ ᠪᠦᠲᠦᠭᠡᠯᠴᠢ ᠬᠥᠮᠥᠨ ᠪᠠᠢᠭᠠᠯᠢ᠎ᠶᠢᠨ ᠲᠤᠬᠠᠢ ᠪᠢᠴᠢᠬᠦ᠎ᠳᠦ ᠬᠥᠬᠡ ᠲᠡᠭᠷᠢ᠂ ᠬᠥᠪᠥᠩ ᠡᠭᠦᠯᠡᠰ᠎ᠢ ᠯᠡ ᠪᠤᠳᠤᠬᠤ ᠪᠢᠰᠢ ᠬᠠᠷᠢᠨ ᠲᠡᠭᠦᠨ᠎ᠤ ᠴᠠᠭᠠᠲᠤᠬᠢ ᠬᠥᠮᠥᠨ ᠠᠷᠠᠳ᠎ᠤᠨ ᠰᠡᠳᠬᠢᠯ ᠭᠡᠬᠦ ᠬᠣᠶᠠᠳᠠᠭᠢ ᠪᠠᠢᠭᠠᠯᠢ᠎ᠶᠢ ᠪᠢᠴᠢᠳᠡᠭ ᠤᠴᠢᠷ᠎ᠲᠠᠢ᠃ ᠲᠡᠭᠦᠨ ᠡᠴᠠ ᠬᠥᠮᠥᠨ᠎ᠤ ᠪᠤᠳᠤᠯ ᠰᠡᠳᠬᠢᠯ ᠲᠠᠢ ᠤᠶᠠᠰᠤᠨ ᠨᠡᠢᠯᠡᠭᠰᠡᠨ ᠰᠠᠨᠠᠭ᠎ᠠ ᠠᠬᠤᠢ ᠤᠷᠭᠤᠳᠠᠭ ᠲᠤᠯᠠ《ᠬᠠᠢᠷ᠎ᠠ ᠬᠠᠢᠷ᠎ᠠ᠎ᠶᠢᠨ ᠪᠠᠲᠤᠴᠠᠭᠠᠨ》 ᠤ᠋ ᠰᠠᠨᠠᠭ᠎ᠠ ᠠᠬᠤᠢ ᠳ᠋ᠡᠬᠢ ᠰᠦᠭ ᠰᠦᠨᠡᠰᠦ ᠪᠣᠯ《ᠬᠠᠢᠷ᠎ᠠ》 ᠪᠠᠢᠭᠰᠠᠨ ᠪᠥᠭᠡᠳ ᠵᠣᠬᠢᠶᠠᠨ ᠪᠦᠲᠦᠭᠡᠯᠲᠡ᠎ᠶᠢᠨ ᠠᠷᠤ ᠳ᠋ᠡᠬᠢ ᠯᠣᠭᠢᠭ᠋ ᠲᠤᠩᠭᠠᠯᠲᠠ ᠨᠢ ᠡᠨᠡ ᠪᠣᠯᠣᠨ᠎ᠠ ᠃
ᠬᠥᠭᠵᠢᠮ᠎ᠤᠨ ᠵᠣᠬᠢᠶᠠᠭ᠍ᠴᠢ ᠰᠡᠴᠡᠨᠴᠣᠭᠲᠤ 《 ᠬᠠᠢᠷ᠎ᠠ ᠬᠠᠢᠷ᠎ᠠ᠎ᠶᠢᠨ ᠪᠠᠲᠤᠴᠠᠭᠠᠨ》 ᠭᠡᠬᠦ ᠰᠢᠯᠦᠭ᠎ᠤᠨ ᠠᠢᠵᠠᠮ᠎ᠳᠦ ᠤᠯᠠᠮᠵᠢᠯᠠᠯ ᠰᠢᠨᠡᠴᠢᠯᠡᠯᠢ ᠤᠶᠠᠯᠳᠤᠭᠤᠯᠵᠤ ᠂ ᠬᠠᠢᠷ᠎ᠠ ᠰᠡᠳᠬᠢᠯᠭᠡ ᠪᠠᠨ ᠠᠭᠤᠰᠬᠠᠭᠰᠠᠨ ᠠᠶ᠎ᠠ ᠵᠣᠬᠢᠶᠠᠭᠰᠠᠨ ᠡᠴᠠ ᠲᠤᠰ ᠳᠠᠭᠤᠤ᠎ᠳᠦ ᠠᠮᠢᠵᠢᠷᠠᠯ᠎ᠤᠨ ᠬᠦᠴᠦᠨ ᠪᠢᠯᠬᠠᠭᠤᠯᠵᠤ ᠪᠢᠯᠡ᠃
— ᠨᠤᠲᠤᠭ ᠤᠰᠤ ᠪᠠᠨ ᠳᠠᠭᠤᠯᠠᠬᠤ᠎ᠳᠦ ᠡᠰ ᠪᠦᠭᠦᠨ ᠮᠢᠨᠢ ᠢᠨᠢᠶᠡᠵᠦ ᠪᠠᠢᠬᠤ ᠶᠤᠮᠰᠢᠭ᠋᠃ ᠪᠢ ᠨᠠᠷᠡᠳᠦ ᠪᠠᠭᠰᠢ᠎ᠨᠠᠷ᠎ᠤᠨ ᠵᠣᠬᠢᠶᠠᠨ ᠪᠦᠲᠦᠭᠡᠭᠰᠡᠨ ᠤᠷᠠᠨ ᠪᠦᠲᠦᠭᠡᠯ᠎ᠤᠨ ᠠᠴᠢ ᠪᠡᠷ《 ᠬᠠᠢᠷ᠎ᠠ ᠬᠠᠢᠷ᠎ᠠ᠎ᠶᠢᠨ ᠪᠠᠲᠤᠴᠠᠭᠠᠨ》 ᠲᠠᠢ ᠪᠠᠨ ᠬᠠᠮᠲᠤ ᠠᠷᠠᠳ ᠤᠯᠠᠨ᠎ᠳᠠᠭᠠᠨ ᠲᠠᠨᠢᠭ᠍ᠳᠠᠭᠰᠠᠨᠳᠠᠭᠠᠨ ᠡᠷᠬᠡ ᠦᠭᠡᠢ ᠣᠮᠣᠭᠰᠢᠵᠤ ᠶᠠᠪᠤᠳᠠᠭ ᠭᠡᠵᠦ ᠲᠤᠰ ᠳᠠᠭᠤᠤ᠎ᠶᠢ ᠠᠩᠬ᠎ᠠ ᠲᠠᠭᠤᠯᠠᠬ᠍ᠰᠡᠨ ᠳᠠᠭᠤᠴᠢᠨ ᠪᠠᠢ ᠬᠤᠡᠭ ᠮᠸᠢ ᠲᠤᠬ᠍ᠳᠤᠯᠦᠡᠭ᠌ᠬᠠᠨ ᠶᠠᠷᠢᠯ᠎ᠠ ᠃

ᠡᠭᠦᠷ ᠡᠭᠦᠷ᠎ᠢᠶᠠᠨ ᠡᠷᠢᠭᠰᠡᠨ ᠪᠦᠷᠦᠢ᠎ᠶᠢᠨ ᠰᠢᠪᠠᠭᠤᠳ
ᠵᠢᠭᠦᠷ ᠵᠢᠭᠦᠷ᠎ᠢᠶᠠᠨ ᠬᠣᠯᠪᠣᠭᠠᠳ ᠳᠡᠪᠳᠡᠷᠢᠨ ᠡᠷᠭᠢᠨ᠎ᠡ ᠭᠦ
ᠨᠠᠮᠠᠭ᠎ᠠ ᠨᠠᠮᠠᠭ᠎ᠠ ᠪᠠᠨ ᠳᠡᠷᠡᠯᠡᠭᠰᠡᠨ ᠪᠠᠲᠤᠴᠠᠭᠠᠨ᠎ᠤ ᠨᠠᠪᠴᠢᠰ
ᠨᠠᠮᠤᠷ ᠨᠠᠮᠤᠷ᠎ᠤᠨ ᠥᠩᠭᠡ ᠪᠡᠷ᠎ᠢᠶᠠᠨ ᠨᠠᠯᠠᠭᠠᠷᠬᠠᠨ ᠤᠯᠠᠢᠨ᠎ᠠ
ᠠᠢ ᠭᠦᠢ ᠵᠧ ᠭᠦᠢ ᠬᠠᠢᠷ᠎ᠠ ᠬᠠᠢᠷ᠎ᠠ᠎ᠶᠢᠨ ᠪᠠᠲᠤᠴᠠᠭᠠᠨ
ᠨᠠᠮᠤᠷ ᠨᠠᠮᠤᠷ᠎ᠤᠨ ᠥᠩᠭᠡ ᠪᠡᠷ᠎ᠢᠶᠠᠨ ᠨᠠᠯᠠᠭᠠᠷᠬᠠᠨ ᠤᠯᠠᠢᠨ᠎ᠠ
ᠵᠤᠯᠠᠢ ᠵᠤᠯᠠᠢ ᠪᠠᠨ ᠦᠨᠦᠰᠦᠭᠰᠡᠨ ᠪᠠᠲᠤᠴᠠᠭᠠᠨ᠎ᠤ ᠨᠠᠪᠴᠢᠰ
ᠵᠠᠭᠤᠨ ᠵᠠᠭᠤᠨ᠎ᠤ ᠪᠦᠷᠦᠢ ᠪᠡᠷ ᠪᠥᠬᠥᠬᠦ ᠦᠭᠡᠢ ᠤᠯᠠᠢᠨ᠎ᠠ
ᠵᠤᠯᠠ ᠳ᠋ᠧᠩᠯᠦ᠎ᠶᠢᠨ ᠭᠡᠷᠡᠯ ᠰᠢᠭ ᠨᠠᠪᠴᠢᠰ᠎ᠤᠨ᠎ᠢᠶᠠᠨ ᠲᠤᠶᠠᠭᠠᠨ᠎ᠳᠦ
ᠵᠢᠷᠤᠭ ᠰᠢᠯᠦᠭ᠎ᠤᠨ ᠠᠩᠭᠢᠷ ᠪᠣᠯᠵᠤ ᠬᠣᠶᠠᠭᠤᠯᠠ ᠪᠠᠨ ᠵᠢᠷᠭᠠᠨ᠎ᠠ ᠭᠦ
ᠠᠢ ᠭᠦᠢ ᠵᠧ ᠭᠦᠢ ᠬᠠᠢᠷ᠎ᠠ ᠬᠠᠢᠷ᠎ᠠ᠎ᠶᠢᠨ ᠪᠠᠲᠤᠴᠠᠭᠠᠨ
ᠵᠢᠷᠤᠭ ᠰᠢᠯᠦᠭ᠎ᠤᠨ ᠠᠩᠭᠢᠷ ᠪᠣᠯᠵᠤ ᠬᠣᠶᠠᠭᠤᠯᠠ ᠪᠠᠨ ᠵᠢᠷᠭᠠᠨ᠎ᠠ ᠭᠦ
ᠬᠠᠵᠠᠭᠤ ᠬᠠᠵᠠᠭᠤ ᠪᠡᠷ ᠶᠤᠪᠤᠷᠠᠬ᠍ᠰᠠᠨ ᠪᠠᠲᠤᠴᠠᠭᠠᠨ᠎ᠤ ᠮᠥᠴᠢᠷ
ᠬᠠᠷᠤᠢ ᠪᠦᠷᠦᠢ᠎ᠶᠢᠨ ᠴᠠᠭ᠎ᠢᠶᠠᠷ ᠴᠦ᠍ ᠪᠠᠶᠠᠷ ᠲᠠᠢ ᠱᠤᠤᠭᠢᠨ᠎ᠠ
ᠬᠠᠨᠢ ᠬᠠᠨᠢ ᠪᠠᠨ ᠳᠤᠯᠠᠭᠠᠯᠠᠭᠰᠠᠨ ᠬᠣᠷᠸ᠎ᠠ᠎ᠶᠢᠨ ᠠᠮᠠᠷᠠᠭ᠎ᠤᠳ
ᠬᠠᠢᠷ᠎ᠠ ᠬᠠᠢᠷ᠎ᠠ᠎ᠶᠢᠨ᠎ᠢᠶᠠᠨ ᠵᠡᠭᠦᠳᠦᠨ᠎ᠳᠦ ᠪᠡᠶᠡᠰ᠎ᠢᠶᠠᠨ ᠰᠣᠭᠲᠣᠭᠠᠨᠠ
ᠠᠢ ᠭᠦᠢ ᠵᠧ ᠭᠦᠢ ᠬᠠᠢᠷ᠎ᠠ ᠬᠠᠢᠷ᠎ᠠ᠎ᠶᠢᠨ ᠪᠠᠲᠤᠴᠠᠭᠠᠨ
ᠬᠠᠢᠷ᠎ᠠ ᠬᠠᠢᠷ᠎ᠠ᠎ᠶᠢᠨ᠎ᠢᠶᠠᠨ ᠵᠡᠭᠦᠳᠦᠨ᠎ᠳᠦ ᠪᠡᠶᠡᠰ᠎ᠢᠶᠠᠨ ᠰᠣᠭᠲᠣᠭᠠᠨᠠ
ᠦᠨᠡᠯᠡᠯᠳᠡ—
ᠢᠯᠠᠯᠲᠠ ( ᠥᠪᠥᠷ ᠮᠣᠩᠭᠣᠯ ᠤ᠋ᠨ ᠤᠷᠠᠯᠢᠭ᠋᠎ᠤᠨ ᠳᠡᠭᠡᠳᠦ ᠰᠤᠷᠭᠠᠭᠤᠯᠢ ᠶ᠋ᠢᠨ ᠪᠠᠭ᠍ᠰᠢ ᠂ ᠠᠶ᠎ᠠ ᠵᠤᠬᠢᠶᠠᠭ᠍ᠴᠢ )
ᠲᠤᠰ ᠳᠠᠭᠤᠤ ᠶ᠋ᠢᠨ ᠬᠥᠭᠵᠢᠮ ᠤ᠋ᠨ ᠲᠠᠯ᠎ᠠ ᠡᠴᠠ ᠰᠢᠨᠵᠢᠯᠡᠪᠡᠯ᠂ ᠬᠣᠶᠠᠷ ᠱᠠᠳ ᠪᠣᠯᠭᠠᠨ ᠨᠢᠭᠡ ᠥᠭᠦᠯᠡᠪᠦᠷᠢ ᠠᠶ᠎ᠠ ᠪᠡᠷ ᠪᠦᠲᠦᠵᠦ᠂ ᠬᠣᠶᠠᠷ ᠥᠭᠦᠯᠡᠪᠦᠷᠢ ᠠᠶ᠎ᠠ ᠨᠢ ᠨᠢᠭᠡ ᠪᠦᠷᠢᠨ ᠪᠦᠲᠦᠨ ᠰᠠᠨᠠᠭ᠎ᠠ ᠠᠬᠤᠢ ᠶ᠋ᠢ ᠢᠯᠡᠳᠬᠡᠵᠡᠢ᠃ ᠬᠦᠭᠵᠢᠮ᠎ᠦᠨ ᠠᠶᠠᠯᠭᠤ ᠳ᠋ᠠᠭᠠᠨ ᠬᠤᠷᠴᠢᠨ ᠴᠣᠭᠣᠷ᠎ᠤᠨ ᠪᠣᠢᠯᠠᠭ᠎ᠠ ᠳᠠᠷᠣᠯᠠᠭᠠ ᠶ᠋ᠢ ᠬᠠᠪᠰᠤᠷᠭᠠᠭᠰᠠᠨ᠎ᠠᠴᠠ ᠠᠷᠠᠳ᠎ᠤᠨ ᠳᠠᠭᠤᠤ᠎ᠶᠢᠨ ᠦᠨᠦᠷ ᠠᠮᠲᠠ ᠨᠡᠩ ᠦᠳᠭᠡᠷᠡᠵᠡᠢ ᠃ ᠡᠭᠦᠪᠡᠷ ᠦᠯᠦ ᠪᠠᠷᠠᠮ ᠳᠠᠬᠢᠯᠲᠠ᠎ᠶᠢᠨ ᠬᠡᠰᠡᠭ ᠳᠡᠭᠡᠨ ᠡᠮᠦᠨᠡᠬᠢ ᠠᠶ᠎ᠠ᠎ᠪᠠᠨ ᠬᠦᠭᠵᠢᠭᠦᠯᠦᠭᠰᠡᠨ᠎ᠡᠴᠡ ᠨᠡᠩ ᠶᠡᠬᠡ ᠲᠠᠲᠠᠬᠤ ᠬᠦᠴᠦᠨ ᠲᠠᠢ ᠃
ᠠᠯᠲᠠᠷ —
ᠦᠪᠦᠷ ᠮᠤᠩᠭᠤᠯ᠎ᠤᠨ ᠤᠷᠤᠨ ᠨᠤᠲᠤᠭ᠎ᠤᠨ ᠰᠤᠩᠭᠤᠳᠠᠭ ᠳᠠᠭᠤᠤ᠎ᠶᠢᠨ ᠨᠢᠭᠡ᠃