ᠠᠮᠢᠨ ᠨᠤᠲᠤᠬ
2024-10-16 18:16:13
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ —

ᠵᠤᠬᠢᠶᠠᠨ ᠪᠦᠲᠦᠭᠡᠭᠰᠡᠨ ᠴᠠᠬ᠄ 2005  ᠤᠨ

ᠦᠭᠡ ᠄ ᠼᠦᠢ ᠹᠦ᠋

ᠠᠶ᠎ᠠ᠌ ᠄ ᠵᠤᠤ ᠵᠢᠨ ᠪᠤᠤ

ᠵᠤᠬᠢᠶᠠᠨ ᠪᠦᠲᠦᠭᠡᠭᠰᠡᠨ ᠬᠡᠯᠪᠡᠷᠢ ᠄ ᠬᠢᠲᠡᠳ ᠬᠡᠯᠡ ᠪᠡᠷ ᠵᠤᠬᠢᠶᠠᠨ ᠪᠦᠲᠦᠭᠡᠵᠦ᠂ ᠲᠠᠷᠠᠭ᠎ᠠ ᠨᠢ ᠮᠤᠩᠭᠤᠯᠴᠢᠯᠠᠪᠠ

ᠠᠶ᠎ᠠ ᠵᠢᠨ ᠤᠨᠴᠠᠯᠢᠬ ᠄  ᠶᠦᠳᠠᠭᠤᠨ᠎ᠤ ᠠᠶᠠᠯᠭᠤ ᠲᠠᠢ᠂ ᠤᠶᠠᠷᠠᠭᠤᠨ ᠵᠦᠭᠡᠯᠡᠨ᠂ ᠤᠶᠠᠩᠭᠠᠯᠢᠬ

ᠳᠠᠭᠤᠤ᠎ᠶᠢᠨ ᠲᠦᠷᠦᠯ ᠄ ᠵᠤᠬᠢᠶᠠᠯ ᠎ᠤᠨ  ᠲᠠᠭᠤᠤ


ᠦᠯᠢᠭᠡᠷ —

ᠲᠦᠮᠡᠨ ᠭᠠᠵᠠᠷ ᠨᠢᠰᠬᠦ ᠢᠩᠭᠡᠷ ᠰᠢᠪᠠᠭᠤ ᠲᠦᠩ ᠬᠠᠷ᠎ᠠ ᠤᠢ ᠪᠡᠨ ᠦᠵᠡᠪᠡᠯ ᠰᠠᠭᠤᠭᠠᠳ ᠭᠠᠷᠳᠠᠬ ᠤᠴᠢᠷᠲᠠᠢ᠃ ᠲᠦᠷᠦᠵᠦ ᠦᠰᠦᠭᠰᠡᠨ ᠦᠯᠦᠭᠡᠢ ᠨᠤᠲᠤᠬ ᠵᠢᠡᠨ ᠦᠭᠡᠢᠯᠡᠨ ᠮᠦᠷᠦᠭᠡᠳᠬᠦ ᠨᠢ ᠬᠦᠮᠦᠨ ᠪᠤᠯᠭᠠᠨ᠎ᠤ ᠬᠠᠢᠷ᠎ᠠ ᠰᠡᠳᠭᠢᠯᠭᠡ ᠪᠠᠢᠬᠤ ᠶᠤᠰᠤᠲᠠᠢ᠃ 《ᠠᠮᠢᠨ ᠨᠤᠲᠤᠬ》 ᠭᠡᠬᠦ ᠲᠠᠭᠤᠤ ᠳ᠋ᠦ ᠨᠤᠲᠤᠭ ᠤᠰᠤ᠎ᠠᠴᠠ᠎ᠪᠠᠨ ᠬᠤᠯᠠ ᠠᠵᠢᠯᠯᠠᠵᠤ ᠠᠮᠢᠳᠤᠷᠠᠵᠤ ᠪᠠᠢᠭ᠎ᠠ ᠬᠦᠮᠦᠰ᠎ᠤᠨ ᠨᠤᠲᠤᠭ ᠤᠰᠤᠨ᠎ᠤ ᠬᠠᠢᠷ᠎ᠠ᠂  ᠲᠥᠷᠥᠯ ᠰᠠᠳᠤᠨ᠎ᠤ ᠬᠠᠢᠷ᠎ᠠ᠎ᠵᠢᠴᠢ ᠰᠠᠨᠠᠨ ᠮᠥᠷᠥᠭᠡᠳᠦᠭᠰᠡᠨ ᠰᠡᠳᠭᠢᠯᠭᠡ᠎ᠵᠢ ᠢᠯᠡᠷᠡᠭᠦᠯᠵᠦ᠂ ᠤᠶᠠᠷᠠᠭᠤᠨ ᠵᠦᠭᠡᠯᠡᠨ ᠬᠦᠭ ᠠᠢᠵᠠᠮ᠂ ᠰᠡᠳᠬᠢᠯ᠎ᠬᠦᠳᠡᠯᠭᠡᠮ᠎ᠡ ᠲᠠᠭᠤᠤ ᠵᠢᠨ ᠰᠢᠯᠦᠭ ᠵᠢᠡᠷ ᠵᠢᠡᠨ ᠲᠡᠳᠡᠨ᠎ᠤ ᠨᠤᠲᠤᠬ ᠤᠰᠤᠨ᠎ᠤ ᠬᠠᠢᠷ᠎ᠠ ᠰᠡᠳᠬᠢᠯᠭᠡ ᠵᠢ ᠨᠢᠳᠦᠨ ᠳ᠋ᠦ ᠦᠵᠡᠭᠳᠡᠮ᠎ᠡ ᠭᠠᠷ ᠲᠸ᠋ ᠪᠠᠷᠢᠬᠳᠠᠮ᠎ᠠ ᠢᠯᠡᠳᠭᠡᠪᠡ᠃

《ᠠᠮᠢᠨ ᠨᠤᠲᠤᠬ》 ᠎ᠤ᠋ᠨ ᠦᠭᠡ ᠵᠤᠬᠢᠶᠠᠬᠴᠢ ᠼᠦᠢ ᠹᠦ᠋ ᠬᠢᠷᠢᠨ ᠮᠤᠵᠢ ᠵᠢᠨ ᠡᠮᠦᠨᠡᠲᠤ ᠭᠤᠷᠯᠤᠰ᠎ᠤᠨ ᠮᠤᠩᠭᠤᠯ ᠦᠨᠳᠦᠰᠦᠲᠡᠨ᠎ᠤ ᠦᠪᠡᠷᠲᠡᠭᠡᠨ ᠵᠠᠰᠠᠬᠤ ᠰᠢᠶᠠᠨ ᠳ᠋ᠦ ᠲᠦᠷᠦᠵᠦ᠂ ᠠᠷᠪᠠᠨ ᠵᠢᠷᠭᠤᠭᠠᠲᠠᠢ ᠳ᠋ᠠᠭᠠᠨ ᠡᠮᠦᠨᠡᠲᠤ ᠤᠷᠤᠨ ᠳ᠋ᠦ ᠬᠦᠷᠴᠤ ᠲᠦᠴᠢ ᠭᠠᠷᠤᠢ ᠵᠢᠯ᠎ᠤᠨ ᠴᠡᠷᠢᠭ ᠤ᠋ᠨ ᠠᠯᠪᠠ ᠬᠦᠢᠴᠡᠳᠭᠡᠵᠦ ᠶᠠᠪᠤᠬᠤ ᠳ᠋ᠠᠭᠠᠨ ᠠᠮᠢᠨ ᠬᠠᠢᠷᠠᠲᠠᠢ ᠨᠤᠲᠤᠬ᠂ ᠲᠡᠤᠭᠡ ᠰᠤᠶᠤᠯ᠂ ᠵᠠᠩ ᠠᠷᠠᠨᠰᠢᠨ ᠵᠢᠡᠨ ᠲᠤᠷᠠᠰᠤᠨ ᠰᠠᠨᠠᠭᠠᠯᠵᠠᠬᠰᠠᠨ ᠮᠢᠩᠭ᠎ᠠ ᠭᠠᠷᠤᠢ ᠲᠠᠭᠤᠤ  ᠤᠷᠠᠯᠢᠬ᠎ᠤᠨ ᠪᠦᠲᠦᠭᠡᠯ᠎ᠢ ᠡᠭᠦᠳᠦᠨ ᠪᠦᠲᠦᠭᠡᠭᠰᠡᠨ ᠪᠠᠢᠳᠠᠬ᠃

ᠠᠶ᠎ᠠ ᠵᠤᠬᠢᠶᠠᠬᠴᠢ ᠵᠤᠤ ᠵᠢᠨ ᠪᠤᠤ ᠪᠤᠯ ᠤᠯᠤᠰ᠎ᠤᠨ ᠨᠢᠭᠡᠳᠦᠭᠡᠷ ᠲᠡᠰ᠎ᠤᠨ ᠬᠦᠭᠵᠢᠮ᠎ᠤᠨ ᠵᠤᠬᠢᠶᠠᠬᠴᠢ᠂ ᠤᠯᠤᠰ᠎ᠤᠨ ᠨᠢᠭᠡᠳᠦᠭᠡᠷ ᠲᠡᠰ᠎ᠤᠨ ᠮᠤᠷᠢᠨ ᠬᠤᠭᠤᠷᠴᠢ᠃ 1979 ᠣᠨ᠎ᠳᠤ ᠬᠣᠷᠴᠢᠨ᠎ᠤ ᠲᠠᠯ᠎ᠠ ᠨᠤᠲᠤᠭ᠎ᠠᠴᠠ ᠰᠠᠯᠵᠤ᠂ ᠭᠢᠷᠢᠨ ᠮᠤᠵᠢ᠎ᠶ᠋ᠢᠨ ᠡᠮᠦᠨᠡᠲᠦ ᠭᠣᠷᠯᠣᠰ᠎ᠤᠨ ᠳᠠᠭᠤᠤ ᠪᠥᠵᠢᠭ᠎ᠦᠨ ᠪᠦᠯᠬᠦᠮ᠎ᠳᠤ ᠣᠴᠢᠵᠤ ᠲᠦᠴᠢᠭᠡᠳ ᠵᠢᠯ ᠠᠵᠢᠯᠯᠠᠵᠠᠢ᠃

—  ᠳᠠᠭᠤᠤ᠎ᠶ᠋ᠢᠨ ᠰᠢᠯᠦᠭ᠎ᠪᠤᠯ ᠠᠶ᠎ᠠ ᠵᠣᠬᠢᠶᠠᠭ᠍ᠴᠢ᠎ᠳᠤ ᠠᠪᠴᠤ᠌ ᠬᠡᠯᠡᠪᠡᠯ ᠰᠦᠭ ᠰᠦᠨᠡᠰᠦ ᠨᠢ ᠪᠤᠯᠵᠤ ᠪᠠᠢᠳᠠᠬ᠃ 2004 ᠣᠨ᠎ᠳᠤ ᠼᠦᠢ ᠹᠦ᠋ ᠪᠠᠭ᠍ᠰᠢ ᠨᠠᠳᠠ᠎ᠳᠤ 21 ᠪᠠᠳᠠᠬ ᠳᠠᠭᠤᠤ᠎ᠶ᠋ᠢᠨ ᠦᠭᠡ ᠢᠯᠡᠭᠡᠵᠦ ᠢᠷᠡᠭᠦᠯᠵᠡᠢ᠂ ᠪᠢ ᠲᠡᠳᠡᠭᠡᠷ ᠳᠠᠭᠤᠤ᠎ᠶ᠋ᠢᠨ ᠰᠢᠯᠦᠭ ᠡᠴᠡ ᠬᠠᠮᠤᠭ ᠲᠡᠷᠢᠭᠦᠨ᠎ᠳᠦ 《ᠠᠮᠢᠨ ᠨᠤᠲᠤᠬ》 ᠭᠡᠳᠡᠭ ᠡᠨᠡ ᠳᠠᠭᠤᠤ᠎ᠶ᠋ᠢᠨ ᠰᠢᠯᠦᠭ᠎ᠢ ᠰᠣᠩᠭᠣᠵᠠᠢ᠃ᠪᠢ ᠲᠤᠰ ᠲᠠᠭᠤᠤ ᠵᠢᠨ ᠠᠶ᠎ᠠ ᠵᠢ ᠵᠤᠬᠢᠶᠠᠬᠤ᠎ᠳᠠᠭᠠᠨ ᠣᠷᠳᠣ᠎ᠠᠶ᠎ᠠ᠂ ᠪᠣᠭᠣᠨᠢ ᠠᠶ᠎ᠠ ᠵᠡᠷᠭᠡ ᠮᠣᠩᠭᠣᠯ ᠳᠠᠭᠤᠤ ᠬᠥᠭ᠌ᠵᠢᠮ᠎ᠦᠨ ᠥᠪᠡᠷᠮᠢᠴᠡ ᠡᠯᠧᠮᠧᠨ᠋ᠲ᠎ᠢ ᠠᠭᠤᠰᠭᠠᠨ ᠨᠢᠭᠡᠳᠭᠡᠵᠦ᠍᠂ ᠪᠥᠬᠥ᠌ ᠳᠠᠭᠤᠤ᠎ᠶ᠋ᠢ ᠲᠠᠯ᠎ᠠ ᠨᠤᠲᠤᠭ᠎ᠤᠨ ᠬᠡᠪ ᠨᠠᠮᠪᠠ᠎ᠪᠠᠷ ᠪᠢᠯᠬᠠᠮ᠎ᠠ᠂ ᠠᠢᠵᠠᠮ ᠴᠣᠬᠢᠯᠭ᠎ᠠ ᠲᠡᠩᠴᠡᠵᠦ᠂ ᠰᠡᠳᠬᠢᠯ᠎ᠢ ᠲᠤᠬᠳᠤᠯᠤᠭᠤᠯᠤᠬᠰᠠᠨ ᠣᠷᠭᠢᠯ᠎ᠤᠨ ᠬᠡᠰᠡᠭ ᠪᠠᠢᠬᠤ᠎ᠪᠠᠷ ᠪᠠᠷᠠᠬᠤ ᠥᠬᠡᠶ᠂ ᠰᠡᠳᠬᠢᠯ᠎ᠢ ᠤᠶᠠᠷᠠᠭᠤᠯᠤᠮ᠎ᠠ ᠢᠷᠠᠭᠤ ᠤᠶᠠᠩᠭᠠᠯᠢᠬ ᠬᠡᠰᠡᠭ ᠴᠸ᠋ ᠪᠤᠢ᠂ ᠣᠯᠠᠨ ᠵᠦᠶ᠋ᠯ᠎ᠦᠨ ᠬᠠᠢᠷ᠎ᠠ ᠰᠡᠳᠭᠢᠯᠭᠡ᠎ᠶ᠋ᠢ ᠪᠦᠷᠢᠨ ᠲᠡᠭᠦᠯᠳᠡᠷ ᠢᠯᠡᠳᠭᠡᠵᠦ ᠴᠢᠳᠠᠵᠠᠢ ᠬᠡᠵᠦ ᠵᠤᠤ ᠵᠢᠨ ᠪᠤᠤ ᠲᠤᠰ ᠲᠠᠭᠤᠤ ᠳ᠋ᠡᠬᠢ ᠬᠠᠢᠷ᠎ᠠ ᠰᠡᠳᠭᠢᠯᠭᠡ ᠪᠡᠨ ᠢᠯᠡᠳᠭᠡᠨ᠎ᠡ᠃

ᠲᠤᠰ ᠳᠠᠭᠤᠤ᠎ᠶ᠋ᠢᠨ ᠳᠠᠭᠤᠯᠠᠬᠤ ᠬᠡᠪ ᠨᠠᠮᠪᠠ ᠨᠢ ᠴᠸ᠋ ᠥᠪᠡᠷᠮᠢᠴᠡ ᠭᠤᠴᠤ ᠪᠠᠢᠵᠤ᠂ ᠲᠠᠯ᠎ᠠ ᠨᠤᠲᠤᠭ᠎ᠤᠨ ᠦᠵᠡᠰᠭᠦᠯᠡᠩᠲᠦ ᠰᠠᠢᠬᠠᠨ ᠵᠢᠴᠢ ᠨᠤᠲᠤᠭ ᠤᠰᠤ᠎ᠪᠠᠨ ᠳᠤᠷᠠᠰᠤᠨ ᠰᠠᠨᠠᠭᠠᠯᠵᠠᠵᠤ ᠪᠠᠢᠭ᠎ᠠ ᠬᠠᠢᠷ᠎ᠠ ᠰᠡᠳᠭᠢᠯᠭᠡ᠎ᠶ᠋ᠢ ᠬᠦᠨ ᠬᠦᠨᠵᠡᠭᠡᠢ ᠲᠤᠰᠬᠠᠵᠤ ᠴᠢᠳᠠᠵᠠᠢ᠃ 2016 ᠤᠨ ᠳ᠋ᠦ  ᠮᠤᠩᠭᠤᠯ ᠤᠯᠤᠰ᠎ᠤᠨ ᠠᠯᠳᠠᠷᠲᠤ ᠺᠢᠲ᠋ᠠᠷᠴᠢᠨ ᠰᠠᠷᠠᠭᠤᠯᠰᠠᠢᠬᠠᠨ ᠤᠷᠴᠢᠭᠤᠯᠵᠤ᠂ 2017 ᠤᠨ ᠳ᠋ᠦ ᠠᠯᠳᠠᠷᠲᠤ ᠲᠠᠭᠤᠴᠢᠨ ᠲᠡᠳᠮ᠎ᠡ ᠲᠡᠭᠦᠨ᠎ᠤ ᠱᠠᠪᠢ ᠪᠤᠤ ᠲᠢᠶᠠᠨ ᠪᠤᠤ ᠲᠠᠢ ᠬᠤᠶᠠᠭᠤᠯᠠ ᠮᠤᠩᠭᠤᠯ ᠬᠡᠯᠡ ᠪᠡᠷ ᠲᠠᠭᠤᠯᠠᠨ ᠰᠢᠩᠭᠡᠭᠡᠵᠦ ᠲᠦᠮᠡᠨ᠎ᠤ ᠰᠤᠨᠤᠷ ᠲᠸ᠋ ᠬᠦᠷᠬᠡᠵᠡᠢ᠃

— ᠰᠠᠷᠠᠭᠤᠯᠰᠠᠢᠬᠠᠨ ᠪᠠᠬᠰᠢ ᠲᠠᠭᠤᠤ ᠵᠢᠨ ᠰᠢᠯᠦᠭ᠎ᠢ ᠦᠨᠳᠦᠰᠦᠯᠡᠨ ᠲᠠᠭᠤᠯᠠᠬᠤ ᠬᠡᠪ ᠨᠡᠮᠪᠡ ᠵᠢᠴᠢ ᠢᠯᠡᠷᠡᠭᠦᠯᠬᠦ ᠰᠡᠳᠬᠢᠯᠭᠡ ᠵᠢ ᠨᠠᠷᠢᠯᠢᠬ ᠵᠢᠯᠤᠭᠤᠳᠴᠤ᠂ ᠲᠠᠭᠤᠤ ᠰᠢᠩᠭᠡᠭᠡᠯᠲᠡ ᠬᠢᠭᠰᠡᠨ ᠵᠢᠡᠷ ᠲᠡᠳᠮ᠎ᠠ ᠪᠠᠬᠰᠢ ᠪᠢᠳᠠ ᠬᠤᠶᠠᠭᠤᠯᠠ ᠵᠢᠨ ᠰᠠᠨᠠᠭᠠᠨ ᠳ᠋ᠤ ᠲᠠᠭᠠᠷᠠᠬᠰᠠᠨ ᠬᠠᠨᠤᠮᠵᠢᠲᠠᠢ ᠪᠦᠲᠦᠭᠡᠯ ᠪᠤᠯᠵᠤ᠂ ᠰᠤᠨᠤᠰᠤᠬᠴᠢ ᠲᠦᠮᠡᠨ᠎ᠤ ᠬᠠᠯᠠᠭᠤᠨ ᠲᠠᠭᠠᠰᠢᠶᠠᠯ ᠳ᠋ᠦ ᠬᠦᠷᠴᠤ ᠴᠢᠳᠠᠵᠠᠢ᠃ ᠲᠤᠰ ᠲᠠᠭᠤᠤ ᠵᠢ 2019 ᠤᠨ ᠳ᠋ᠦ ᠲᠡᠳᠮ᠎ᠠ ᠪᠠᠬᠰᠢ ᠪᠢᠳᠠ ᠬᠤᠶᠠᠭᠤᠯᠠ ᠵᠢᠨ ᠬᠠᠮᠳᠤᠷᠠᠬᠰᠠᠨ ᠠᠩᠬᠠᠨ᠎ᠤ ᠲᠠᠭᠤᠤ ᠵᠢᠨ ᠴᠤᠮᠤᠬ ᠲᠠᠭᠠᠨ ᠰᠢᠩᠭᠡᠭᠡᠵᠦ ᠤᠷᠤᠭᠤᠯᠪᠠ᠃ ᠬᠤᠶᠠᠷ ᠠᠴᠢᠲᠤ ᠪᠠᠬᠰᠢ ᠲᠠᠢ ᠪᠡᠨ ᠬᠠᠮᠲᠤᠷᠠᠵᠤ ᠲᠠᠭᠤᠯᠠᠬᠰᠠᠨ ᠡᠨᠡ ᠲᠠᠭᠤᠤ ᠨᠢ ᠨᠠᠳᠠ ᠳ᠋ᠦ ᠬᠠᠮᠤᠬ᠎ᠤᠨ ᠰᠠᠢᠬᠠᠨ ᠲᠤᠷᠠᠰᠤᠮᠵᠢ ᠪᠤᠯᠵᠤ ᠬᠤᠴᠤᠷᠴᠠᠢ ᠬᠡᠵᠦ ᠦᠪᠦᠷ ᠮᠤᠩᠭᠤᠯ᠎ᠤᠨ ᠤᠷᠠᠯᠢᠬ ᠵᠦᠴᠦᠭᠡ ᠵᠢᠨ ᠬᠦᠷᠢᠶᠡᠯᠡᠩ᠎ᠤᠨ ᠵᠠᠯᠠᠭᠤ ᠲᠠᠭᠤᠴᠢᠨ ᠪᠤᠤ ᠲᠢᠶᠠᠨ ᠪᠤᠤ ᠶᠠᠷᠢᠨ᠎ᠠ᠃

ᠤᠷᠠᠯᠢᠬ ᠪᠦᠲᠦᠭᠡᠯ᠎ᠤᠨ ᠤᠯᠠᠨ ᠡᠯᠸᠮᠸᠨ᠋ᠲ ᠤ᠋ᠨ  ᠤᠷᠭᠠᠨᠢᠬ ᠠᠭᠤᠰᠤᠯᠴᠠᠯ᠂ ᠤᠷᠠᠨ ᠬᠤᠭᠤᠯᠠᠢᠲᠤ ᠲᠠᠭᠤᠴᠢᠳ᠎ᠤᠨ ᠰᠢᠷᠭᠠᠭᠤ ᠬᠦᠳᠡᠯᠮᠦᠷᠢ ᠪᠡᠷ ᠲᠠᠮᠵᠢᠨ 《 ᠠᠮᠢᠨ ᠨᠤᠲᠤᠬ 》 ᠭᠡᠬᠦ ᠲᠠᠭᠤᠤ ᠰᠣᠩᠭᠣᠳᠠᠭ ᠪᠦᠲᠦᠭᠡᠯ ᠪᠣᠯᠵᠣ ᠤᠯᠠᠮᠵᠢᠯᠠᠬᠳᠠᠨ ᠳᠠᠭᠤᠯᠠᠭ᠍ᠳᠠᠭ᠍ᠰᠠᠭᠠᠷ ᠢᠷᠡᠵᠡᠶ᠃


QQ20241016-103608.png



ᠠᠯᠠᠬ ᠬᠤᠷᠸ᠎ᠠ ᠵᠢ ᠠᠶᠠᠯᠠᠨ ᠲᠤᠭᠤᠯᠤᠬᠰᠠᠨ ᠴᠸ᠋

ᠠᠮᠢᠨ ᠨᠤᠲᠤᠬ ᠮᠢᠨᠢ ᠠᠷᠭ᠎ᠠ ᠦᠭᠡᠢ ᠰᠠᠢᠬᠠᠨ

ᠠᠶᠠᠯᠭᠤ ᠡᠭᠡᠰᠢᠭ᠎ᠢ ᠤᠶᠠᠷᠡᠨ ᠰᠤᠨᠤᠰᠤᠯ᠎ᠠ ᠴᠸ᠋

ᠠᠷᠠᠳ᠎ᠤᠨ ᠲᠠᠭᠤᠨ ᠳ᠋ᠠᠭᠠᠨ ᠰᠡᠳᠬᠢᠯ ᠰᠤᠬᠳᠤᠬᠤ ᠶᠤᠮ

ᠠᠪᠤ ᠵᠢᠨ ᠬᠠᠢᠷᠠᠲᠠᠢ ᠨᠤᠲᠤᠬ ᠵᠢᠡᠨ ᠰᠠᠨᠠᠬᠤ ᠪᠡᠷ ᠵᠢᠡᠨ

ᠠᠷᠭᠤᠮᠠᠬ ᠬᠦᠯᠦᠭ ᠰᠢᠭ ᠲᠡᠭᠦᠯᠢᠨ ᠬᠦᠷᠦᠮᠡᠷ ᠪᠠᠢᠨ᠎ᠠ

ᠠᠯᠤᠰ᠎ᠤᠨ ᠭᠠᠵᠠᠷ ᠬᠤᠯᠠ ᠬᠠᠮᠢᠭ᠎ᠠ ᠴᠸ᠋ ᠶᠠᠪᠤᠬᠰᠠᠨ ᠴᠸ᠋

ᠠᠮᠢᠨ ᠬᠠᠢᠷ᠎ᠠ ᠡᠴᠡ ᠮᠢᠨᠢ ᠤᠶᠠᠭᠠᠲᠠᠢ ᠨᠤᠲᠤᠬ ᠮᠢᠨᠢ

ᠡᠨᠡ ᠯᠡ ᠬᠤᠷᠸ᠎ᠠ ᠵᠢ ᠦᠵᠡᠨ ᠪᠢᠰᠢᠷᠡᠯ᠎ᠡ ᠴᠸ᠋

ᠢᠰᠡᠭᠡᠢ ᠭᠡᠷ ᠮᠢᠨᠢ ᠦᠨᠡᠭᠡᠷ ᠰᠠᠢᠬᠠᠨ

ᠢᠳᠡᠭᠡᠨ᠎ᠤ ᠲᠡᠭᠡᠵᠢ ᠰᠠᠷᠬᠤᠳ᠎ᠢ ᠠᠮᠰᠠᠯ᠎ᠠ ᠴᠸ᠋

ᠢᠰᠭᠡᠭᠰᠡᠨ ᠠᠢᠷᠠᠬ᠎ᠤᠨ ᠦᠨᠦᠷ᠎ᠢ ᠰᠠᠨᠠᠬᠤ ᠶᠤᠮ

ᠡᠵᠢ ᠵᠢᠨ ᠬᠠᠢᠷᠠᠲᠠᠢ ᠨᠤᠲᠤᠬ ᠵᠢᠡᠨ ᠰᠠᠨᠠᠬᠤ ᠪᠡᠷ ᠵᠢᠡᠨ

ᠵᠢᠭᠦᠷᠳᠡᠨ ᠰᠢᠪᠠᠭᠤ ᠰᠢᠬ ᠨᠢᠰᠦᠨ ᠬᠦᠷᠦᠮᠡᠷ ᠪᠠᠢᠨ᠎ᠠ

ᠡᠨᠡᠭᠡᠨ ᠽᠠᠮᠪᠤᠯᠢᠩ ᠳ᠋ᠦ ᠬᠠᠮᠢᠭ᠎ᠠ ᠴᠸ᠋ ᠶᠠᠪᠤᠬᠰᠠᠨ ᠴᠸ᠋

ᠡᠯᠢᠭᠡ ᠵᠢᠷᠦᠭᠡᠨ ᠡᠴᠡ ᠮᠢᠨᠢ ᠤᠶᠠᠭᠠᠲᠠᠢ ᠨᠤᠲᠤᠬ ᠮᠢᠨᠢ

ᠠᠪᠤ ᠵᠢᠨ ᠬᠠᠢᠷᠠᠲᠠᠢ ᠨᠤᠲᠤᠬ ᠵᠢᠡᠨ ᠰᠠᠨᠠᠬᠤ ᠪᠡᠷ ᠵᠢᠡᠨ

ᠠᠷᠭᠤᠮᠠᠬ ᠬᠦᠯᠦᠭ ᠰᠢᠭ ᠲᠡᠭᠦᠯᠢᠨ ᠬᠦᠷᠦᠮᠡᠷ ᠪᠠᠢᠨ᠎ᠠ

ᠠᠯᠤᠰ᠎ᠤᠨ ᠭᠠᠵᠠᠷ ᠬᠤᠯᠠ ᠬᠠᠮᠢᠭ᠎ᠠ ᠴᠸ᠋ ᠶᠠᠪᠤᠬᠰᠠᠨ ᠴᠸ᠋

ᠠᠮᠢᠨ ᠬᠠᠢᠷ᠎ᠠ ᠡᠴᠡ ᠮᠢᠨᠢ ᠤᠶᠠᠭᠠᠲᠠᠢ ᠨᠤᠲᠤᠬ ᠮᠢᠨᠢ

ᠡᠵᠢ ᠵᠢᠨ ᠬᠠᠢᠷᠠᠲᠠᠢ ᠨᠤᠲᠤᠬ ᠵᠢᠡᠨ ᠰᠠᠨᠠᠬᠤ ᠪᠡᠷ ᠵᠢᠡᠨ

ᠵᠢᠭᠦᠷᠳᠡᠨ ᠰᠢᠪᠠᠭᠤ ᠰᠢᠬ ᠨᠢᠰᠦᠨ ᠬᠦᠷᠦᠮᠡᠷ ᠪᠠᠢᠨ᠎ᠠ

ᠡᠨᠡᠭᠡᠨ ᠽᠠᠮᠪᠤᠯᠢᠩ ᠳ᠋ᠦ ᠬᠠᠮᠢᠭ᠎ᠠ ᠴᠸ᠋ ᠶᠠᠪᠤᠬᠰᠠᠨ ᠴᠸ᠋

ᠡᠯᠢᠭᠡ ᠵᠢᠷᠦᠭᠡᠨ ᠡᠴᠡ ᠮᠢᠨᠢ ᠤᠶᠠᠭᠠᠲᠠᠢ ᠨᠤᠲᠤᠬ ᠮᠢᠨᠢ




ᠦᠨᠡᠯᠡᠯᠳᠠ—

ᠪᠦᠷᠢᠨᠴᠡᠩᠬᠡᠯ (ᠦᠪᠦᠷ ᠮᠤᠩᠭᠤᠯ᠎ᠤᠨ ᠤᠳᠬ᠎ᠠ ᠤᠷᠠᠯᠢᠬ᠎ᠤᠨ ᠬᠢᠨ᠎ᠤ ᠬᠤᠯᠪᠤᠭ᠎ᠠ ᠵᠢᠨ ᠲᠡᠭᠡᠳᠦ ᠵᠡᠷᠭᠡ ᠵᠢᠨ ᠬᠢᠨᠡᠨ ᠨᠠᠢᠷᠠᠭᠤᠯᠤᠬᠴᠢ)

《ᠠᠮᠢᠨ ᠨᠤᠲᠤᠬ》 ᠭᠡᠬᠦ ᠲᠠᠭᠤᠤ ᠵᠢᠨ ᠰᠢᠯᠦᠭ ᠨᠢ ᠤᠨᠠᠬᠰᠠᠨ ᠨᠤᠲᠤᠬ ᠤᠤᠭᠤᠬᠰᠠᠨ ᠤᠰᠤ ᠪᠡᠨ ᠰᠠᠨᠠᠵᠤ ᠮᠦᠷᠦᠭᠡᠳᠦᠭᠰᠡᠨ ᠤᠶᠠᠷᠠᠮ᠎ᠠ ᠬᠠᠢᠯᠤᠮ᠎ᠠ ᠲᠤᠳᠤᠭᠠᠳᠤ ᠰᠡᠳᠬᠢᠯᠭᠡ ᠵᠢ ᠢᠯᠡᠳᠭᠡᠵᠦ᠂ ᠲᠠᠭᠤᠤ ᠵᠢᠨ ᠬᠦᠭ ᠠᠶ᠎ᠠ ᠨᠢ ᠶᠦᠳᠠᠭᠤᠨ᠎ᠤ ᠠᠶᠠᠯᠭᠤ ᠲᠠᠢ᠂ ᠤᠶᠠᠷᠠᠭᠤᠨ ᠵᠦᠭᠡᠯᠡᠨ᠂ ᠤᠶᠠᠩᠭᠠᠯᠢᠬ ᠤᠨᠴᠠᠯᠢᠬ ᠲᠠᠢ᠃ ᠲᠦᠷᠦᠯᠬᠢ ᠨᠤᠲᠤᠬ᠂ ᠲᠦᠷᠦᠯ ᠰᠠᠲᠤᠨ ᠵᠢᠡᠨ ᠰᠠᠨᠠᠨ ᠮᠦᠷᠦᠭᠡᠳᠦᠭᠰᠡᠨ ᠲᠠᠭᠤᠤ ᠪᠤᠯᠬᠤᠷ ᠲᠤᠳᠤᠭᠠᠳᠤ ᠰᠡᠳᠬᠢᠯᠭᠡ ᠵᠢᠨ ᠲᠤᠯᠬᠢᠰᠤᠯ᠂ ᠬᠦᠭ᠎ᠠᠶ᠎ᠠ ᠵᠢᠨ ᠦᠰᠦᠷᠦᠯᠲᠡ ᠶᠡᠭᠡᠲᠡᠢ᠃ ᠰᠢᠯᠦᠭ ᠪᠠ ᠠᠶ᠎ᠠ ᠵᠢᠨ ᠪᠦᠷᠢᠨ ᠲᠡᠭᠦᠯᠳᠡᠷ ᠤᠶᠠᠯᠳᠤᠯ ᠨᠢ ᠲᠤᠰ ᠲᠠᠭᠤᠤ ᠵᠢᠨ ᠷᠢᠳᠢ ᠰᠢᠳᠢ ᠵᠢ ᠭᠠᠢᠬᠠᠭᠤᠯᠵᠤ᠂ ᠠᠮᠵᠢᠯᠲᠠ ᠳ᠋ᠦ ᠬᠦᠷᠦᠭᠰᠡᠨ ᠰᠤᠳᠤᠨ ᠪᠦᠲᠦᠭᠡᠯ ᠪᠤᠯᠵᠠᠢ᠃

ᠠᠯᠳᠠᠷ —

2009 ᠣᠨ᠎ᠳᠤ ᠲᠤᠰ ᠲᠠᠭᠤᠤ ᠪᠦᠬᠦ᠌ ᠤᠯᠤᠰ᠎ᠤᠨ《ᠲᠠᠪᠤᠨ ᠨᠢᠭᠡ ᠎ᠶ᠋ᠢᠨ ᠢᠨᠵᠧᠨᠧᠷᠢᠩ》 ᠤ᠋ᠨ ᠱᠠᠩᠨᠠᠯ᠎ᠢ ᠬᠦᠷᠲᠡᠪᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号