ᠬᠠᠨ ᠲᠩᠷᠢ ᠠᠯᠠᠱᠠ
2024-10-16 11:07:15
ᠵᠣᠬᠢᠶᠠᠭ᠍ᠴᠢ᠄
ᠤᠯᠠᠭᠠᠨᠲᠤᠶᠠᠭ᠎ᠠ ᠲᠤ·ᠤᠶᠤᠨᠬᠤᠸᠠᠷ ᠳᠡᠯᠭᠡᠷᠬᠦᠦ
ᠣᠩᠱᠢᠭ᠍ᠰᠠᠨ ᠣᠳᠠᠭ᠎ᠠ᠄
★★★☆☆

ᠦᠨᠳᠦᠰᠦᠨ ᠪᠠᠢᠳᠠᠯ

ᠵᠤᠬᠢᠶᠠᠨ ᠪᠦᠲᠦᠭᠡᠭᠳᠡᠭᠰᠡᠨ ᠴᠠᠭ᠄ 2002   ᠤᠨ

ᠦᠭᠡ ᠄ ᠤᠯᠠᠭᠠᠨᠪᠠᠭᠠᠨ᠎ᠠ᠂       ᠰ᠊·ᠮᠠᠰᠢᠪᠢᠯᠢᠭ᠌

ᠠᠶ᠎ᠠ᠌ ᠄  ᠰ᠊ · ᠡᠩᠬᠡᠪᠠᠶᠠᠷ

ᠵᠤᠬᠢᠶᠠᠨ ᠪᠦᠲᠦᠭᠡᠭᠰᠡᠨ ᠬᠡᠯᠪᠡᠷᠢ᠄ ᠮᠤᠩᠭᠤᠯ ᠬᠡᠯᠡ ᠪᠡᠷ ᠵᠤᠬᠢᠶᠠᠨ ᠪᠦᠲᠦᠭᠡᠵᠦ᠂ ᠳᠠᠷᠠᠭ᠎ᠠ ᠨᠢ ᠬᠢᠲᠠᠳᠴᠢᠯᠠᠪᠠ

ᠠᠶ᠎ᠠ ᠵᠢᠨ ᠤᠨᠴᠠᠯᠢᠭ᠄ ᠠᠯᠠᠱᠠ ᠤᠷᠳᠤ᠎ᠶᠢᠨ ᠲᠠᠭᠤᠤ ᠪᠤᠯᠤᠨ ᠠᠯᠠᠱᠠ ᠬᠤᠬᠢᠷ ᠲᠠᠭᠤᠤ᠎ᠶᠢ ᠤᠷᠭᠠᠨᠢᠬ ᠵᠢᠡᠷ ᠤᠶᠠᠯᠳᠤᠭᠤᠯᠵᠠᠢ

ᠳᠠᠭᠤᠤ ᠵᠢᠨ ᠲᠦᠷᠦᠯ᠄ ᠵᠤᠬᠢᠶᠠᠯ ᠎ᠤᠨ  ᠳᠠᠭᠤᠤ



ᠦᠯᠢᠭᠡᠷ —

ᠠᠶᠠᠨ᠎ᠤ ᠴᠤᠪᠤᠭᠠᠨ᠎ᠤ ᠬᠦᠪᠦᠯᠵᠡᠭᠡ᠂ ᠢᠩᠭᠡᠨ ᠲᠡᠮᠡᠭᠡᠳ᠎ᠤᠨ ᠪᠤᠢᠯᠠᠭ᠎ᠠ᠂ ᠵᠢᠷᠭᠠᠯ᠎ᠤᠨ ᠭᠠᠯᠠᠭᠤᠳ᠎ᠤᠨ ᠭᠠᠩᠭᠠᠨᠠᠭ᠎ᠠ᠎ᠳᠤ《ᠬᠠᠨ ᠲᠩᠷᠢ ᠠᠯᠠᠱᠠ》 ᠳᠠᠭᠤᠤ ᠰᠢᠨ᠎ᠡ ᠵᠠᠭᠤᠨ᠎ᠤ ᠠᠩᠬᠠᠨ᠎ᠤ ᠠᠯᠲᠠᠨ ᠪᠤᠱᠤᠭᠠᠨ᠎ᠳᠤ ᠰᠤᠨᠤᠰᠤᠭᠴᠢᠳ᠎ᠤᠨ ᠵᠢᠡᠨ ᠰᠤᠨᠤᠷ᠎ᠢ ᠮᠢᠯᠢᠶᠠᠪᠠ᠃ ᠲᠤᠰ ᠳᠠᠭᠤᠤ ᠨᠢ ᠵᠤᠬᠢᠶᠠᠨ ᠪᠦᠲᠦᠭᠡᠭᠳᠡᠭᠰᠡᠨ ᠡᠴᠡ ᠠᠪᠤᠭᠠᠳ ᠦᠷᠭᠡᠨ ᠵᠢᠡᠷ ᠤᠯᠠᠮᠵᠢᠯᠠᠭᠳᠠᠨ ᠳᠠᠭᠤᠯᠠᠭᠳᠠᠵᠤ᠂ ᠦᠩ ᠦᠷᠭᠡᠨ ᠠᠯᠠᠱᠠ ᠨᠤᠲᠤᠭ ᠵᠢᠡᠨ ᠤᠬᠠᠭᠤᠯᠤᠨ ᠲᠠᠨᠢᠯᠴᠠᠭᠤᠯᠬᠤ ᠭᠤᠶᠤ ᠰᠠᠢᠬᠠᠨ ᠨᠡᠷ᠎ᠡ ᠵᠢᠨ ᠬᠠᠭᠤᠳᠠᠰᠤ ᠪᠤᠯᠤᠭᠰᠠᠨ ᠶᠤᠮ᠃ ᠠᠯᠠᠱᠠ ᠪᠠᠷᠠᠭᠤᠨ ᠬᠤᠰᠢᠭᠤ ᠵᠢᠨ ᠬᠤᠰᠢᠭᠤᠨ ᠳᠠᠷᠤᠭ᠎ᠠ ᠪᠠᠢᠭᠰᠠᠨ ᠤᠯᠠᠭᠠᠨᠪᠠᠭᠠᠨ᠎ᠠ ᠪᠤᠯᠤᠨ ᠦᠪᠦᠷ ᠮᠤᠩᠭᠤᠯ᠎ᠤᠨ ᠷᠠᠳᠢᠣ᠋ ᠨᠡᠪᠲᠡᠷᠡᠭᠦᠯᠭᠡ ᠵᠢᠨ ᠬᠤᠷᠢᠶᠠᠨ᠎ᠤ ᠰᠤᠷᠪᠤᠯᠵᠢᠯᠠᠭᠴᠢ᠂ ᠵᠤᠬᠢᠶᠠᠯᠴᠢ ᠰ᠊·ᠮᠠᠰᠢᠪᠢᠯᠢᠭ᠌ ᠬᠠᠮᠲᠤᠷᠠᠨ ᠳᠠᠭᠤᠤ ᠵᠢᠨ ᠦᠭᠡ ᠵᠢ ᠵᠤᠬᠢᠶᠠᠵᠤ᠂ ᠠᠶ᠎ᠠ ᠵᠢ ᠤᠯᠤᠰ᠎ᠤᠨ ᠨᠢᠭᠡᠳᠦᠭᠡᠷ ᠳᠡᠰ᠎ᠤᠨ ᠬᠦᠭᠵᠢᠮ᠎ᠤᠨ ᠵᠤᠬᠢᠶᠠᠯᠴᠢ᠂ ᠦᠪᠦᠷ ᠮᠤᠩᠭᠤᠯ᠎ᠤᠨ ᠨᠠᠢᠷᠠᠯ ᠳᠠᠭᠤᠤ ᠵᠢᠨ ᠤᠷᠠᠯᠢᠭ᠎ᠤᠨ ᠪᠦᠯᠬᠦᠮ᠎ᠤᠨ ᠳᠠᠷᠤᠭ᠎ᠠ ᠰ᠊·ᠡᠩᠬᠡᠪᠠᠶᠠᠷ ᠵᠤᠬᠢᠶᠠᠵᠠᠢ᠃

《ᠬᠠᠨ ᠲᠩᠷᠢ ᠠᠯᠠᠱᠠ》ᠳᠠᠭᠤᠤ ᠠᠯᠠᠱᠠᠴᠤᠳ᠎ᠤᠨ ᠤᠯᠠᠮᠵᠢᠯᠠᠯᠲᠤ ᠠᠮᠢᠳᠤᠷᠠᠯ᠎ᠤᠨ ᠠᠷᠭ᠎ᠠ ᠬᠡᠯᠪᠡᠷᠢ ᠵᠢ ᠳᠤᠰᠬᠠᠭᠰᠠᠨ ᠪᠦᠭᠡᠳ ᠠᠮᠢ ᠨᠠᠰᠤᠨ᠎ᠤ ᠲᠤᠰ ᠪᠡᠶ᠎ᠡ ᠵᠢᠨ ᠬᠢᠨᠢ ᠢᠯᠡᠷᠡᠭᠦᠯᠦᠯ᠎ᠤᠨ ᠬᠡᠯᠪᠡᠷᠢ ᠪᠤᠯᠵᠠᠢ᠃ ᠡᠨᠡ ᠳᠠᠭᠤᠤ ᠡᠴᠢᠭᠡ ᠡᠬᠡ᠂ ᠨᠤᠲᠤᠭ ᠤᠰᠤ᠂ ᠠᠮᠢᠲᠠᠨ ᠤᠷᠭᠤᠮᠠᠯ᠎ᠳᠤ ᠬᠠᠢᠷ᠎ᠠ ᠬᠦᠨᠳᠦᠳᠬᠡᠯ ᠵᠢᠡᠨ ᠢᠯᠡᠳᠬᠡᠨ ᠳᠡᠪᠰᠢᠭᠦᠯᠪᠡ᠃ 

ᠬᠦᠮᠦᠰ ᠠᠯᠠᠱᠠ ᠵᠢ ᠭᠠᠢᠬᠠᠮᠰᠢᠭᠲᠠᠢ᠂ ᠷᠢᠳᠢ ᠰᠢᠳᠢ ᠲᠠᠢ ᠭᠡᠵᠦ ᠬᠡᠯᠡᠳᠡᠭ᠂ ᠦᠨᠡᠨ ᠳ᠋ᠡᠭᠡᠨ ᠠᠯᠠᠱᠠ ᠵᠢᠨ ᠡᠨᠡ᠎ᠬᠦ ᠨᠡᠯᠦᠭᠡᠷ ᠶᠡᠬᠡ ᠡᠯᠡᠰᠦᠨ ᠴᠦᠯ᠎ᠳᠤ ᠤᠷᠤᠰᠢᠨ ᠲᠤᠭᠲᠠᠨᠢᠬᠤ ᠨᠢ ᠲᠡᠢᠮᠦ ᠬᠢᠯᠪᠠᠷ ᠶᠠᠪᠤᠳᠠᠯ ᠪᠢᠰᠢ ᠃ ᠡᠨᠡ ᠳᠠᠭᠤᠤ ᠵᠢᠨ ᠠᠶ᠎ᠠ ᠨᠢ ᠠᠯᠠᠱᠠ ᠠᠷᠠᠳ᠎ᠤᠨ ᠳᠠᠭᠤᠤ《ᠦᠩ ᠦᠷᠭᠡᠨ ᠠᠯᠠᠱᠠ ᠤᠯᠳᠠᠬᠤᠶ᠎ᠠ ᠪᠡᠷᠬᠡ ᠨᠤᠲᠤᠭ》ᠡᠴᠡ ᠢᠷᠡᠯᠲᠡ ᠲᠠᠢ᠂  ᠲᠡᠢᠮᠤ ᠤᠴᠢᠷ ᠲᠤᠰ ᠳᠠᠭᠤᠤ ᠠᠯᠠᠱᠠ ᠤᠷᠲᠤ ᠵᠢᠨ ᠳᠠᠭᠤᠤ ᠪᠤᠯᠤᠨ ᠠᠯᠠᠱᠠ ᠬᠤᠬᠢᠷ ᠳᠠᠭᠤᠤ ᠵᠢᠨ ᠤᠷᠠᠯᠢᠭ᠎ᠤᠨ ᠤᠶᠠᠯᠳᠤᠯ ᠪᠤᠯᠬᠤ ᠶᠤᠮ᠃

2000 ᠤᠨ᠎ᠤ ᠨᠠᠯᠠᠭᠠᠷ ᠨᠠᠮᠤᠷ᠂ ᠤᠯᠠᠭᠠᠨᠪᠠᠭᠠᠨ᠎ᠠ ᠪᠤᠯᠤᠨ ᠰ᠊·ᠮᠠᠰᠢᠪᠢᠯᠢᠭ᠌ ᠠᠯᠠᠱᠠ ᠠᠢᠮᠠᠭ᠎ᠤᠨ ᠠᠯᠠᠭ ᠠᠭᠤᠯᠠ ᠠᠯᠲᠠᠨ ᠲᠡᠪᠰᠢ ᠵᠢᠨ ᠤᠷᠤᠢ ᠳ᠋ᠡᠬᠢ ᠨᠤᠮᠴᠢ ᠭᠡᠭᠡᠨ᠎ᠤ ᠰᠦᠮ᠎ᠡ ᠵᠢ ᠵᠤᠷᠢᠵᠤ᠂ ᠵᠠᠮ ᠲᠤᠵᠢ  ᠡᠭᠡ ᠪᠠᠢᠭᠠᠯᠢ ᠨᠤᠲᠤᠭ ᠤᠰᠤᠨ᠎ᠤ ᠪᠠᠨ ᠰᠦᠷᠯᠢᠭ ᠭᠤᠶᠤ ᠦᠵᠡᠮᠵᠢ ᠵᠢ ᠪᠠᠬᠠᠷᠬᠠᠵᠤ ᠶᠠᠪᠤᠬᠤ ᠳ᠋ᠠᠭᠠᠨ ᠰᠢᠯᠦᠭ᠎ᠤᠨ ᠤᠩᠭᠤᠳ ᠨᠢ ᠪᠠᠭᠤᠵᠤ《ᠬᠠᠨ ᠲᠩᠷᠢ ᠠᠯᠠᠱᠠ》ᠭᠡᠬᠦ ᠰᠢᠯᠦᠭ᠎ᠢ ᠪᠢᠴᠢᠵᠡᠢ᠃2002 ᠤᠨ᠎ᠤ ᠵᠤᠨ᠂ ᠤᠯᠠᠭᠠᠨᠪᠠᠭᠠᠨ᠎ᠠ ᠪᠤᠯᠤᠨ  ᠰ᠊·ᠮᠠᠰᠢᠪᠢᠯᠢᠭ᠌ ᠡᠴᠡ《ᠬᠠᠨ ᠲᠩᠷᠢ ᠠᠯᠠᠱᠠ》ᠭᠡᠬᠦ ᠰᠢᠯᠦᠭ ᠵᠢᠡᠨ ᠠᠯᠠᠱᠠ ᠪᠠᠷᠠᠭᠤᠨ ᠬᠤᠰᠢᠭᠤ ᠪᠠᠢᠭᠤᠯᠤᠭᠳᠠᠭᠰᠠᠨ ᠳᠦᠴᠢᠨ ᠵᠢᠯ᠎ᠤᠨ ᠤᠢ ᠵᠢᠨ ᠳᠠᠭᠤᠤ ᠪᠤᠯᠭᠠᠬᠤ ᠪᠡᠷ ᠰ᠊·ᠡᠩᠬᠡᠪᠠᠶᠠᠷ᠎ᠲᠤ ᠨᠠᠢᠳᠠᠵᠠᠢ᠃ ᠰ᠊·ᠡᠩᠬᠡᠪᠠᠶᠠᠷ ᠲᠦᠷᠦᠭᠰᠡᠨ ᠨᠤᠲᠤᠭ᠎ᠤᠨ ᠵᠢᠡᠨ ᠭᠠᠢᠬᠠᠮᠰᠢᠭ᠎ᠢ ᠪᠠᠬᠠᠷᠬᠠᠨ᠂ ᠨᠤᠲᠤᠭ᠎ᠤᠨ ᠵᠢᠡᠨ ᠠᠷᠠᠳ᠎ᠤᠨ ᠳᠠᠭᠤᠤ ᠡᠴᠡ ᠤᠩᠭᠤᠳ ᠠᠪᠴᠤ《ᠬᠠᠨ ᠲᠩᠷᠢ ᠠᠯᠠᠱᠠ》ᠵᠢᠨ ᠵᠢᠡᠨ ᠠᠶ᠎ᠠ ᠵᠢ ᠵᠤᠬᠢᠶᠠᠭᠰᠠᠨ ᠪᠠᠢᠯ᠎ᠠ᠃

— ᠬᠡᠷᠪᠡ ᠲᠤᠬᠠᠢ ᠵᠢᠨ ᠦᠶ᠎ᠡ᠎ᠳᠤ《ᠬᠠᠨ ᠲᠩᠷᠢ ᠠᠯᠠᠱᠠ》ᠭᠡᠳᠡᠭ ᠳᠠᠭᠤᠤ ᠵᠢᠨ ᠭᠠᠷᠴᠠᠭ ᠪᠠᠢᠭ᠎ᠠ ᠦᠭᠡᠢ ᠪᠤᠯ ᠳᠠᠭᠤᠤ ᠵᠢᠨ ᠳᠠᠬᠢᠯᠲᠠ ᠵᠢᠨ ᠬᠡᠰᠡᠭ ᠲᠡᠬᠢ《ᠬᠠᠨ ᠲᠩᠷᠢ ᠠᠯᠠᠱᠠ ᠮᠢᠨᠢ ᠳ᠋ᠠ》ᠭᠡᠬᠦ ᠳᠠᠭᠤᠤ ᠵᠢᠨ ᠦᠭᠡ ᠵᠢ ᠪᠤᠳᠤᠵᠤ ᠤᠯᠬᠤ ᠦᠭᠡᠢ᠂ ᠲᠡᠭᠡᠬᠦ ᠪᠡᠷ ᠵᠢᠡᠨ ᠡᠢᠮᠦ ᠰᠠᠢᠬᠠᠨ ᠳᠠᠭᠤᠤ ᠵᠢᠨ ᠦᠭᠡ ᠵᠢ ᠪᠦᠲᠦᠭᠡᠭᠰᠡᠨ ᠰᠢᠯᠦᠭᠴᠢ ᠳ᠋ᠡᠭᠡᠨ ᠶᠡᠬᠡ ᠲᠠᠯᠠᠷᠬᠠᠳᠠᠭ ᠶᠤᠮ᠃ ᠠᠯᠠᠱᠠ ᠨᠤᠲᠤᠭ᠎ᠤᠨ ᠦᠷᠡᠰ ᠰᠠᠶᠢ ᠠᠯᠠᠱᠠ ᠨᠤᠲᠤᠭ ᠵᠢᠡᠨ ᠮᠠᠭᠲᠠᠭᠰᠠᠨ ᠡᠢᠮᠦ ᠰᠠᠢᠨ ᠰᠢᠯᠦᠭ᠎ᠢ ᠵᠤᠬᠢᠶᠠᠵᠤ ᠴᠢᠳᠠᠨ᠎ᠠ ᠭᠡᠵᠦ ᠰ᠊·ᠡᠩᠬᠡᠪᠠᠶᠠᠷ ᠡᠷᠭᠢᠴᠡᠭᠦᠯᠦᠨ᠎ᠡ᠃

ᠳᠠᠭᠤᠤ ᠤᠷᠠᠯᠢᠭ ᠭᠡᠵᠦ ᠬᠦᠮᠦᠨ᠎ᠤ ᠰᠡᠳᠬᠢᠯ᠎ᠳᠤ ᠬᠦᠷᠬᠦ ᠪᠡᠷ ᠶᠡᠷᠦ ᠨᠢ ᠤᠷᠤᠨ ᠵᠠᠢ ᠲᠡᠯᠡᠳᠡᠭ᠃ 2016 ᠤᠨ᠎ᠳᠤ᠂ ᠤᠯᠤᠰ᠎ᠤᠨ ᠶᠡᠬᠡ ᠲᠢᠶᠠᠲᠷ᠎ᠤᠨ ᠨᠠᠢᠷᠠᠯ ᠳᠠᠭᠤᠤ ᠵᠢᠨ ᠤᠳᠤᠷᠢᠳᠤᠭᠠᠴᠢ᠂ ᠳᠤᠮᠳᠠᠳᠤ ᠤᠯᠤᠰ᠎ᠤᠨ ᠳᠠᠭᠤᠤ ᠬᠦᠭᠵᠢᠮ᠎ᠤᠨ ᠳᠡᠭᠡᠳᠦ ᠰᠤᠷᠭᠠᠭᠤᠯᠢ ᠵᠢᠨ ᠫᠷᠤᠹᠧᠰᠰᠤᠷ ᠡᠦ ᠯᠢᠩ ᠹᠧᠨ ᠬᠦᠳᠡᠭᠡ ᠵᠤᠭᠠᠯᠠᠵᠤ ᠶᠠᠪᠤᠬᠤ ᠳ᠋ᠠᠭᠠᠨ ᠨᠠᠢᠵᠠ ᠵᠢᠨ ᠵᠢᠡᠨ ᠳᠠᠭᠤᠯᠠᠭᠰᠠᠨ《ᠬᠠᠨ ᠲᠩᠷᠢ ᠠᠯᠠᠱᠠ》ᠭᠡᠬᠦ ᠳᠠᠭᠤᠤ ᠵᠢ ᠰᠤᠨᠤᠰᠤᠭᠠᠳ ᠦᠪᠡᠷ᠎ᠤᠨ ᠡᠷᠬᠡ ᠦᠭᠡᠢ ᠪᠠᠬᠠᠳᠤᠨ ᠲᠤᠭᠤᠵᠤ᠂ ᠰ᠊·ᠡᠩᠬᠡᠪᠠᠶᠠᠷ ᠲᠠᠢ ᠬᠠᠷᠢᠴᠠᠵᠤ᠂ ᠲᠤᠰ ᠳᠠᠭᠤᠤ ᠵᠢ ᠨᠠᠢᠷᠠᠯ ᠳᠠᠭᠤᠤ ᠪᠤᠯᠭᠠᠨ ᠨᠠᠢᠷᠠᠭᠤᠯᠬᠤ ᠵᠢ ᠬᠦᠰᠡᠯ᠎ᠡ᠃ ᠲᠡᠭᠡᠭᠡᠳ ᠲᠤᠰ ᠳᠠᠭᠤᠤ ᠨᠠᠢᠷᠠᠯ ᠳᠠᠭᠤᠤ ᠪᠤᠯᠭᠠᠨ ᠵᠤᠬᠢᠶᠠᠭᠳᠠᠵᠤ᠂ ᠤᠯᠤᠰ᠎ᠤᠨ ᠶᠡᠬᠡ ᠲᠢᠶᠠᠲ᠋ᠷ᠎ᠤᠨ ᠦᠷᠭᠦᠯᠵᠢ ᠳᠠᠭᠤᠯᠠᠭᠳᠠᠳᠠᠭ ᠨᠠᠢᠷᠠᠯ ᠳᠠᠭᠤᠤ ᠵᠢᠨ ᠵᠢᠭᠰᠠᠭᠠᠯ᠎ᠳᠤ ᠤᠷᠤᠵᠤ᠂ ᠤᠯᠠᠨ ᠲᠦᠮᠡᠨ᠎ᠤ ᠰᠤᠨᠤᠷ᠎ᠢ ᠮᠢᠯᠢᠶᠠᠭᠰᠠᠭᠠᠷ ᠪᠠᠢᠨ᠎ᠠ᠃


QQ20241016-103539.png


ᠠᠯᠤᠰ᠎ᠤᠨ ᠠᠯᠤᠰ᠎ᠤᠨ ᠵᠡᠷᠭᠡᠯᠭᠡᠨ᠎ᠳᠤ ᠨᠢ

ᠠᠶᠠᠨ᠎ᠤ ᠴᠤᠪᠤᠭ᠎ᠠ ᠬᠦᠪᠦᠯᠵᠡᠭᠡᠳ ᠪᠠᠢᠨ᠎ᠠ

ᠠᠶᠠᠨ᠎ᠤ ᠴᠤᠪᠤᠭᠠᠨ᠎ᠤ ᠬᠦᠪᠦᠯᠵᠡᠭᠡᠨ᠎ᠳᠤ ᠨᠢ

ᠠᠪᠤ ᠵᠢᠨ ᠪᠠᠷ᠎ᠠ ᠰᠦᠮᠡᠯᠵᠡᠭᠡᠳ ᠪᠠᠢᠨ᠎ᠠ

            ᠠᠶᠠᠨ᠎ᠤ ᠴᠤᠪᠤᠭᠠᠨ᠎ᠤ ᠬᠦᠪᠦᠯᠵᠡᠭᠡᠨ᠎ᠳᠤ ᠨᠢ

            ᠠᠪᠤ ᠵᠢᠨ ᠪᠠᠷ᠎ᠠ ᠰᠦᠮᠡᠯᠵᠡᠭᠡᠳ ᠪᠠᠢᠨ᠎ᠠ

            ᠠᠢ ᠬᠦᠭᠡᠷᠦᠬᠦᠢ ᠠᠯᠠᠱᠠ ᠮᠢᠨᠢ

            ᠬᠠᠨ ᠲᠩᠷᠢ ᠠᠯᠠᠱᠠ ᠮᠢᠨᠢ ᠳ᠋ᠠ

ᠡᠯᠢᠭᠡᠨ ᠡᠯᠢᠭᠡᠨ ᠮᠠᠩᠬᠠᠨ᠎ᠳᠤ ᠨᠢ

ᠢᠩᠭᠡᠨ ᠲᠡᠮᠡᠭᠡᠳ ᠪᠤᠢᠯᠠᠭᠠᠳ ᠪᠠᠢᠨ᠎ᠠ

ᠢᠩᠭᠡᠨ ᠲᠡᠮᠡᠭᠡᠳ᠎ᠤᠨ ᠪᠤᠢᠯᠠᠭᠠᠨ᠎ᠳᠤ ᠨᠢ

ᠡᠵᠢ ᠵᠢᠨ ᠪᠦᠪᠡᠢ ᠵᠢ ᠦᠭᠡᠢᠯᠡᠭᠡᠳ ᠪᠠᠢᠨ᠎ᠠ

            ᠢᠩᠭᠡᠨ ᠲᠡᠮᠡᠭᠡᠳ᠎ᠤᠨ ᠪᠤᠢᠯᠠᠭᠠᠨ᠎ᠳᠤ ᠨᠢ

            ᠡᠵᠢ ᠵᠢᠨ ᠪᠦᠪᠡᠢ ᠵᠢ ᠦᠭᠡᠢᠯᠡᠭᠡᠳ ᠪᠠᠢᠨ᠎ᠠ

            ᠠᠢ ᠬᠦᠭᠡᠷᠦᠬᠦᠢ ᠠᠯᠠᠱᠠ ᠮᠢᠨᠢ

           ᠬᠠᠨ ᠲᠩᠷᠢ ᠠᠯᠠᠱᠠ ᠮᠢᠨᠢ ᠳ᠋ᠠ





ᠦᠨᠡᠯᠡᠯᠲᠡ —

ᠬᠠᠰᠪᠠᠭᠠᠲᠤᠷ (ᠦᠪᠦᠷ ᠮᠤᠩᠭᠤᠯ ᠎ᠤᠨ ᠤᠷᠲᠤ ᠵᠢᠨ ᠳᠠᠭᠤᠤ ᠤᠷᠠᠯᠢᠭ᠎ᠤᠨ ᠰᠤᠯᠢᠯᠴᠠᠭ᠎ᠠ ᠰᠤᠳᠤᠯᠭᠠᠨ᠎ᠤ ᠨᠡᠢᠭᠡᠮᠯᠢᠭ᠎ᠤᠨ ᠳᠡᠳ᠋ ᠳᠠᠷᠤᠭ᠎ᠠ᠂ ᠵᠢᠶᠠᠩᠰᠢ ᠵᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠤᠨ ᠪᠠᠭᠰᠢ ᠵᠢᠨ ᠶᠡᠬᠡ ᠰᠤᠷᠭᠠᠭᠤᠯᠢ ᠵᠢᠨ ᠫᠷᠤᠹᠧᠰᠰᠤᠷ)

ᠲᠤᠰ ᠳᠠᠭᠤᠤ ᠵᠢᠨ ᠦᠭᠡ ᠠᠶ᠎ᠠ ᠨᠢ ᠬᠦᠮᠦᠰ᠎ᠤᠨ ᠰᠡᠳᠬᠢᠯ᠎ᠳᠤ ᠬᠠᠳᠠᠩᠰᠢᠵᠤ ᠴᠢᠳᠠᠬᠤ ᠰᠠᠨᠠᠭ᠎ᠠ ᠠᠬᠤᠢ ᠪᠠ ᠰᠡᠳᠬᠢᠯ ᠬᠦᠳᠡᠯᠭᠡᠵᠦ ᠴᠢᠳᠠᠬᠤ ᠭᠤᠢᠳᠠ ᠰᠠᠢᠬᠠᠨ ᠠᠶᠠᠯᠭᠤ ᠡᠭᠡᠰᠢᠭ ᠲᠠᠢ ᠪᠤᠯᠬᠤᠷ ᠤᠯᠠᠨ᠎ᠤ ᠳᠤᠮᠳᠠ ᠦᠷᠭᠡᠨ ᠵᠢᠡᠷ ᠳᠠᠭᠤᠯᠠᠭᠳᠠᠵᠤ ᠢᠷᠡᠪᠡ᠃ ᠲᠤᠰ ᠳᠠᠭᠤᠤ ᠪᠤᠯ ᠮᠤᠩᠭᠤᠯ ᠵᠤᠬᠢᠶᠠᠯ᠎ᠤᠨ ᠳᠠᠭᠤᠤ ᠳᠤᠲᠤᠷ᠎ᠠ ᠤᠷᠭᠢᠯ ᠪᠤᠯᠵᠤ ᠴᠢᠳᠠᠬᠤ ᠰᠢᠯᠢᠳᠡᠭ ᠪᠦᠲᠦᠭᠡᠯ᠎ᠤᠨ ᠨᠢᠭᠡ ᠪᠤᠯᠤᠨ᠎ᠠ᠃ ᠵᠤᠬᠢᠶᠠᠭᠴᠢ ᠠᠷᠠᠳ᠎ᠤᠨ ᠳᠠᠭᠤᠤ ᠬᠦᠭᠵᠢᠮ᠎ᠤᠨ ᠤᠬᠢ ᠰᠤᠳᠤ ᠪᠤᠯᠤᠭᠰᠠᠨ ᠠᠶ᠎ᠠ ᠡᠭᠡᠰᠢᠭ ᠡᠴᠡ ᠵᠤᠬᠢᠶᠠᠨ ᠪᠦᠲᠦᠭᠡᠬᠦ ᠰᠢᠳᠢ ᠬᠦᠴᠦᠨ᠎ᠢ ᠤᠶᠤᠨ ᠪᠤᠳᠤᠯ ᠳ᠋ᠠᠭᠠᠨ ᠰᠢᠩᠭᠡᠭᠡᠨ ᠠᠪᠴᠤ᠂ ᠦᠪᠡᠷ᠎ᠤᠨ ᠪᠦᠲᠦᠭᠡᠯ᠎ᠤᠨ ᠦᠨᠴᠦᠭ ᠪᠤᠯᠤᠩ᠎ᠳᠤ ᠠᠭᠤᠰᠬᠠᠨ᠂ ᠤᠷᠠᠨ ᠴᠢᠳᠠᠮᠠᠭᠠᠢ ᠮᠡᠷᠭᠡᠵᠢᠯ᠎ᠤᠨ ᠦᠨᠳᠦᠷ ᠲᠦᠪᠰᠢᠨ ᠳᠡᠭᠡᠷ᠎ᠡ ᠲᠤᠰ ᠳᠠᠭᠤᠤ ᠵᠢ ᠵᠤᠬᠢᠶᠠᠨ ᠪᠦᠲᠦᠭᠡᠭᠰᠡᠨ ᠪᠤᠯᠬᠤᠷ ᠠᠷᠠᠳ ᠤᠯᠠᠨ᠎ᠤ ᠰᠤᠨᠤᠷ᠎ᠢ ᠪᠠᠶᠠᠰᠬᠠᠵᠤ ᠴᠢᠳᠠᠭᠰᠠᠨ ᠵᠢᠡᠷ ᠪᠠᠷᠠᠬᠤ ᠦᠭᠡᠢ ᠤᠯᠤᠰ᠎ᠤᠨ ᠳᠤᠲᠤᠨ᠎ᠠ ᠭᠠᠳᠠᠨ᠎ᠠ ᠦᠭᠡᠢ ᠲᠠᠷᠬᠠᠨ ᠳᠡᠯᠭᠡᠷᠡᠭᠰᠡᠨ ᠰᠢᠯᠢᠳᠡᠭ ᠪᠦᠲᠦᠭᠡᠯ ᠪᠤᠯᠤᠭᠰᠠᠨ ᠶᠤᠮ᠃

ᠠᠯᠳᠠᠷ —

ᠦᠪᠦᠷ ᠮᠤᠩᠭᠤᠯ᠎ᠤᠨ ᠤᠷᠤᠨ ᠨᠤᠳᠤᠭ᠎ᠤᠨ ᠰᠤᠡᠭᠭᠤᠳᠠᠭ ᠲᠠᠭᠤᠤ ᠵᠢᠨ ᠨᠢᠭᠡ᠃



ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号