ᠦᠨᠳᠦᠰᠦᠨ ᠪᠠᠢᠳᠠᠯ —
ᠵᠤᠬᠢᠶᠠᠨ ᠪᠦᠳᠦᠬᠡᠭᠰᠡᠨ ᠴᠠᠭ ᠄ 2000 ᠤᠨ
ᠦᠬᠡ ᠄ ᠶᠤ·ᠡᠷᠳᠡᠨᠢᠳᠤᠭ᠍ᠳᠠᠬᠤ
ᠠᠶᠠ᠌ ᠄ ᠪᠤᠶᠠᠨᠵᠢᠷᠭᠠᠯ᠂ ᠬᠦ᠊·ᠬᠦᠭᠵᠢᠯᠪᠠᠭᠠᠳᠤᠷ
ᠵᠤᠬᠢᠶᠠᠨ ᠪᠦᠳᠦᠬᠡᠭᠰᠡᠨ ᠬᠡᠯᠪᠡᠷᠢ ᠄ ᠤᠷᠢᠳ ᠵᠢᠡᠷ ᠠᠶ᠎ᠠ ᠵᠢ ᠨᠢ ᠵᠤᠬᠢᠶᠠᠵᠤ᠂ ᠲᠠᠷᠠᠭ᠎ᠠ ᠨᠢ ᠦᠭᠡ ᠵᠢ ᠨᠢ ᠲᠠᠭᠠᠷᠠᠭᠤᠯᠵᠠᠢ
ᠠᠶ᠎ᠠ ᠵᠢᠨ ᠤᠨᠴᠠᠯᠢᠭ ᠄ ᠬᠦᠭ ᠠᠶᠠᠯᠭᠤ ᠨᠢ ᠦᠬᠡᠳᠡᠷᠬᠡᠭ ᠤᠶᠠᠷᠠᠭᠤᠨ ᠵᠦᠬᠡᠯᠡᠨ
ᠳᠠᠭᠤᠤ ᠵᠢᠨ ᠲᠦᠷᠦᠯ ᠄ ᠵᠤᠬᠢᠶᠠᠯ ᠤᠨ ᠲᠦᠷᠦᠯ
ᠦᠯᠢᠭᠡᠷ —
— ᠤᠢᠳᠠᠩ ᠬᠤᠸᠠᠷ ᠴᠢᠨᠢ ᠭᠡᠨ ᠪᠤᠢ? ᠭᠡᠵᠦ ᠨᠠᠳᠠ ᠡᠴᠡ ᠠᠰᠠᠭᠤᠭᠰᠠᠨ ᠬᠦᠮᠦᠨ ᠤᠯᠠᠨ ᠪᠠᠢᠭᠰᠠᠨ᠃ ᠮᠠᠨᠤ ᠰᠦᠨᠢᠳᠴᠤᠳ ᠮᠦᠳᠠᠨ ᠬᠤᠸᠠᠷ(ᠮᠠᠨᠳᠠᠷᠡᠸᠠ ᠴᠡᠴᠡᠭ) ᠢ᠋《ᠤᠢᠳᠠᠩ ᠬᠤᠸᠠᠷ》 ᠭᠡᠵᠦ ᠬᠡᠯᠡᠳᠡᠭ᠃ ᠮᠠᠨ ᠤ᠋ ᠨᠤᠳᠤᠭᠤᠨ ᠬᠢᠨ ᠬᠠᠩᠵᠧᠦ ᠰᠦᠵᠧᠦ ᠡᠴᠡ ᠤᠷᠤᠭᠤᠯᠳᠠᠭ ᠳᠤᠪᠤᠭᠤᠷ ᠬᠡ ᠳᠠᠢ ᠳᠤᠷᠭ᠎ᠠ ᠵᠢ ᠤᠢᠳᠠᠩ ᠬᠤᠸᠠᠷ ᠳᠠᠢ ᠳᠤᠷᠭ᠎ᠠ ᠬᠡᠳᠡᠭ᠃ ᠳᠤᠷᠭᠠᠨᠤ ᠰᠠᠢᠨᠨᠢ ᠤᠢᠳᠠᠩ ᠬᠤᠸᠠᠷᠲᠠᠢ ᠳᠤᠷᠭ᠎ᠠ ᠬᠡᠮᠡᠨ ᠭᠠᠩᠭᠠᠩ ᠵᠠᠯᠠᠭᠤ ᠬᠡᠦᠬᠡᠨᠴᠤᠳ ᠭᠠᠩᠭᠠᠷᠠᠬᠤ ᠳᠤᠷᠠᠳᠠᠢ᠃ ᠮᠢᠨᠦ ᠳᠠᠭᠤᠤ ᠳ᠋ᠡᠬᠢ 《ᠤᠢᠳᠠᠩ ᠬᠤᠸᠠᠷ》 ᠪᠤᠯ ᠭᠠᠩᠭᠠᠩ ᠬᠡᠬᠡᠮᠰᠦᠭ ᠪᠦᠰᠡᠬᠦᠢᠶ᠋ᠢᠨ ᠲᠦᠯᠦᠬᠡᠨ ᠤ᠋ ᠨᠡᠷ᠎ᠡ᠂ ᠵᠠᠯᠠᠭᠤᠴᠤᠳ ᠤ᠋ᠨ ᠲᠤᠷᠠᠯᠠᠯ ᠬᠠᠢᠷ᠎ᠠ ᠵᠢ ᠪᠡᠯᠭᠡᠳᠡᠵᠦ ᠪᠤᠢ᠃ ᠦᠨᠡᠨᠳᠡᠭᠡᠨ ᠬᠡᠨ ᠪᠦᠬᠦᠨᠤ ᠵᠢᠷᠤᠭᠡᠨᠳᠤ ᠨᠢᠭᠡ ᠪᠠᠭᠴᠠ ᠵᠤᠯᠭᠠᠷᠠᠰᠢ ᠦᠭᠡᠢ ᠦᠵᠡᠰᠬᠦᠯᠡᠩ ᠲᠠᠢ《ᠤᠢᠳᠠᠩ ᠬᠤᠸᠠᠷ》 ᠪᠠᠢᠳᠠᠭ ᠪᠢᠵᠠ᠁ ᠶᠤ·ᠡᠷᠳᠡᠨᠢᠳᠤᠭ᠍ᠳᠠᠬᠤ ᠪᠠᠭᠰᠢᠳᠠᠨᠤ ᠡᠨᠡ ᠦᠭᠡ ᠦᠨᠡᠭᠡᠷ ᠴᠦ᠍ 《ᠤᠢᠳᠠᠩ ᠬᠤᠸᠠᠷ》 ᠲᠠᠭᠤᠤ ᠲᠠᠢ ᠪᠠᠨ ᠠᠳᠠᠯᠢᠬᠠᠨ ᠬᠦᠮᠦᠨ ᠪᠦᠬᠦᠨᠤ ᠰᠡᠳᠬᠢᠯᠳᠤ ᠬᠦᠷᠦᠭᠰᠡᠨ ᠪᠢᠰᠢᠦ!
ᠲᠠᠮᠤᠴᠢ ᠵᠢᠨ ᠠᠭᠤᠳᠠᠮ ᠲᠠᠯᠠᠳᠤ ᠨᠤᠲᠤᠭ ᠲᠠᠢ ᠮᠠᠨᠤ ᠤᠷᠤᠨᠤ ᠨᠡᠷᠡᠳᠤ ᠢᠷᠠᠭᠤ ᠨᠠᠢᠷᠠᠭᠴᠢ ᠶᠤ·ᠡᠷᠳᠡᠨᠢᠳᠤᠭ᠍ᠳᠠᠬᠤ ᠬᠦᠮᠦᠨ ᠠᠷᠠᠳᠤᠨ ᠵᠢᠡᠨ ᠰᠡᠳᠬᠢᠯᠳᠤ ᠰᠠᠭᠤᠭᠳᠠᠭᠰᠠᠨ ᠤᠯᠠᠨ ᠰᠠᠢᠬᠠᠨ ᠰᠢᠯᠦᠭ ᠲᠤᠭᠤᠷᠪᠢᠭᠰᠠᠨ ᠪᠦᠭᠡᠳ 《ᠲᠠᠭᠤᠤ ᠲᠠᠢ ᠦᠢᠯᠡᠰ ᠲᠠᠢ ᠬᠠᠨᠢᠯᠠᠶ᠎ᠠ》 ᠲᠠᠭᠤᠤ ᠵᠢᠨ ᠲᠤᠰᠬᠠᠢ ᠲᠡᠭᠦᠪᠦᠷᠢ ᠲᠠᠢ ᠡᠯᠪᠡᠭ ᠪᠦᠲᠦᠭᠡᠯ ᠲᠠᠢ ᠨᠢᠭᠡᠨ᠃ ᠲᠡᠭᠦᠨᠤ ᠵᠤᠬᠢᠶᠠᠭᠰᠠᠨ ᠡᠳᠡᠭᠡᠷ ᠲᠠᠭᠤᠤ ᠵᠢᠨ ᠲᠤᠳᠤᠷ᠎ᠠ ᠵᠠᠯᠠᠭᠤ ᠬᠠᠷ᠎ᠠ ᠬᠦᠦ ᠵᠢᠨ ᠵᠢᠷᠦᠭᠡᠨᠤ ᠠᠮᠠᠷᠠᠭ ᠲᠠᠭᠠᠨ ᠦᠭᠭᠦᠭᠰᠡᠨ ᠰᠡᠳᠬᠢᠯᠤᠨ ᠰᠢᠪᠡᠨᠡᠭᠡ ᠪᠤᠶᠤ ᠢᠨᠠᠬᠤᠨ ᠵᠠᠬᠢᠳᠠᠯ ᠭᠡᠮᠡᠷ ᠠᠭᠤᠯᠭ᠎ᠠ ᠲᠠᠢ《ᠤᠢᠳᠠᠩ ᠬᠤᠸᠠᠷ》 ᠲᠠᠭᠤᠤ ᠨᠢ ᠵᠠᠯᠠᠭᠤᠰᠤᠨ ᠲᠤᠮᠳᠠ ᠶᠡᠭᠡᠭᠡᠨ ᠬᠦᠷᠢᠶᠡᠯᠡᠯ ᠲᠠᠢ ᠪᠦᠭᠡᠳ ᠪᠦᠬᠦ ᠤᠯᠤᠰᠤᠨ ᠭᠡᠪᠴᠢᠶᠡᠨᠳᠤ ᠲᠠᠷᠬᠠᠨ ᠲᠠᠭᠤᠯᠠᠭᠳᠠᠭᠰᠠᠨ ᠰᠠᠢᠬᠠᠨ ᠲᠠᠭᠤᠤ ᠪᠤᠯᠤᠭᠰᠠᠨ ᠶᠤᠮ᠃

ᠠᠯᠠᠭ ᠴᠡᠴᠡᠭ ᠰᠢᠭ ᠦᠵᠡᠰᠬᠦᠯᠠᠡᠭ ᠶᠤᠮ ᠡ ᠴᠢ
ᠠᠶᠠᠯᠭᠤ ᠲᠠᠭᠤᠤ ᠰᠢᠬ ᠢᠷᠠᠭᠤᠬᠠᠨ ᠶᠤᠮ ᠡ ᠴᠢ
ᠠᠷᠪᠠᠨ ᠲᠠᠪᠤᠨᠤ ᠰᠠᠷᠠᠨ ᠡᠴᠡ ᠲᠤᠡᠭᠭᠠᠯᠠᠭ
ᠠᠷᠢᠭᠤᠬᠠᠨ ᠵᠠᠶᠠᠭᠠᠬᠰᠠᠨ ᠦᠢᠳᠡᠡᠭ ᠬᠤᠸᠠᠷ ᠡ ᠬᠦᠢ
ᠠᠢ ᠠᠢ ᠬᠦᠢ ᠠᠷᠭ᠎ᠠ ᠴᠸ᠋ ᠦᠬᠡᠢ ᠶᠸ
ᠠᠷᠢᠭᠤᠬᠠᠨ ᠵᠠᠶᠠᠭᠠᠬᠰᠠᠨ ᠦᠢᠳᠡᠡᠭ ᠬᠤᠸᠠᠷ ᠡ ᠬᠦᠢ
ᠵᠡᠬᠦᠳᠤᠨ ᠲᠤᠮᠳᠠ ᠮᠢᠨᠢ ᠡᠷᠬᠡᠯᠡᠬᠦ ᠶᠤᠮ ᠡ ᠴᠢ
ᠵᠦᠯᠭᠡᠨᠤ ᠴᠡᠴᠡᠭᠡᠰ ᠰᠢᠭ ᠠᠡᠭᠬᠢᠯᠬᠤ ᠶᠤᠮ ᠡ ᠴᠢ
ᠰᠡᠳᠬᠢᠯ ᠰᠠᠮᠠᠷᠠᠳᠠᠯᠠ ᠰᠠᠨᠠᠬᠳᠠᠭᠠᠳ ᠪᠠᠢᠳᠠᠭ
ᠰᠡᠷᠬᠦᠯᠡᠡᠭ ᠵᠠᠶᠠᠭᠠᠬᠰᠠᠨ ᠦᠢᠳᠡᠡᠭ ᠬᠤᠸᠠᠷ ᠡ ᠬᠦᠢ
ᠠᠢ ᠠᠢ ᠬᠦᠢ ᠠᠷᠭ᠎ᠠ ᠴᠸ᠋ ᠦᠬᠡᠢ ᠶᠸ
ᠰᠡᠷᠬᠦᠯᠡᠡᠭ ᠵᠠᠶᠠᠭᠠᠬᠰᠠᠨ ᠦᠢᠳᠡᠡᠭ ᠬᠤᠸᠠᠷ ᠡ ᠬᠦᠢ
ᠠᠯᠠᠭ ᠬᠤᠡᠭᠭᠤᠷ ᠨᠢᠳᠤ ᠲᠠᠢ ᠶᠤᠮ ᠡ ᠴᠢ
ᠠᠰᠬᠠᠷᠬᠠᠰᠠᠨ ᠬᠠᠷᠠᠬᠠᠨ ᠬᠡᠵᠢᠭᠡ ᠲᠠᠢ ᠶᠤᠮ ᠡ ᠴᠢ
ᠬᠤᠯᠠ ᠵᠢᠨ ᠰᠢᠪᠠᠭᠤᠳ ᠵᠢᠡᠷ ᠬᠠᠢᠷ᠎ᠠ ᠪᠡᠨ ᠰᠢᠪᠡᠨᠡᠮᠡᠷ
ᠬᠤᠡᠭᠭᠤᠷᠬᠠᠨ ᠵᠠᠶᠠᠭᠠᠬᠰᠠᠨ ᠦᠢᠳᠡᠡᠭ ᠬᠤᠸᠠᠷ ᠡ ᠬᠦᠢ
ᠠᠢ ᠠᠢ ᠬᠦᠢ ᠠᠷᠭ᠎ᠠ ᠴᠸ᠋ ᠦᠬᠡᠢ ᠶᠸ
ᠬᠤᠡᠭᠭᠤᠷᠬᠠᠨ ᠵᠠᠶᠠᠭᠠᠬᠰᠠᠨ ᠦᠢᠳᠡᠡᠭ ᠬᠤᠸᠠᠷ ᠡ ᠬᠦᠢ
ᠦᠢᠳᠡᠡᠭ ᠬᠤᠸᠠᠷ ᠡ ᠬᠦᠢ
ᠵᠠᠯᠠᠭᠤ ᠤᠷᠠᠨ ᠪᠦᠲᠦᠭᠡᠯᠴᠢ ᠪᠤᠶᠠᠨᠵᠢᠷᠭᠠᠯᠤᠨ ᠲᠤᠷᠠᠯᠠᠯᠳᠤ ᠭᠡᠦᠭᠡᠨ ᠵᠢᠡᠨ ᠲᠡᠩᠳᠡᠬᠦᠦ ᠰᠠᠨᠠᠨ ᠮᠦᠷᠦᠭᠡᠳᠴᠦ ᠪᠠᠢᠵᠦ ᠵᠤᠬᠢᠶᠠᠭᠰᠠᠨ ᠠᠶᠠᠳᠤᠨᠢ ᠶᠤ·ᠡᠷᠳᠡᠨᠢᠳᠤᠭ᠍ᠳᠠᠬᠤ ᠲᠠᠭᠤᠤ ᠵᠢᠨ ᠦᠭᠡ ᠲᠠᠭᠠᠷᠠᠭᠤᠯᠵᠦ᠂ ᠵᠠᠯᠠᠭᠤ ᠲᠠᠭᠤᠴᠢᠨ ᠬᠦᠬᠦᠬᠡᠶ᠋ᠢᠨ ᠬᠦᠭ᠌ᠵᠢᠯᠪᠠᠭᠠᠳᠤᠷ 2010 ᠤᠨᠤ ᠡᠪᠦᠯ ᠠᠩᠬ᠎ᠠ ᠲᠠᠭᠤᠯᠠᠨ᠂ ᠬᠦᠮᠦᠰ ᠤᠨ ᠰᠤᠨᠤᠷ ᠢ ᠮᠢᠯᠢᠶᠠᠭᠰᠠᠨ ᠲᠡᠳᠦᠢ ᠦᠭᠡᠢ ᠦᠶ᠎ᠡ ᠤᠯᠠᠨ ᠵᠠᠯᠠᠭᠤ ᠬᠠᠷ᠎ᠠ ᠬᠦᠦ ᠵᠢᠨ ᠰᠡᠳᠬᠢᠯᠤᠨ ᠦᠭᠡ ᠵᠢ ᠲᠠᠭᠤᠯᠠᠨ ᠢᠯᠡᠳᠭᠡᠭᠰᠡᠨ ᠵᠢᠡᠷ ᠲᠤᠷᠠᠯᠠᠯᠳᠤ ᠬᠤᠤᠰᠤᠳᠤᠨ ᠵᠢᠷᠦᠭᠡᠨᠳᠤ ᠰᠢᠩᠭᠡᠭᠰᠡᠨ ᠠᠶᠠᠯᠭᠤ ᠪᠤᠯᠤᠭᠰᠠᠨ ᠪᠠᠢᠯ᠎ᠠ᠃
— ᠲᠠᠭᠤᠤ ᠭᠡᠳᠡᠭ ᠵᠢᠷᠦᠭᠡᠨ ᠡᠴᠡ ᠵᠢᠷᠦᠭᠡᠨᠳᠤ ᠬᠦᠷᠬᠦ ᠠᠶᠠᠯᠭᠤ ᠪᠠᠢᠳᠠᠭ ᠰᠢᠦ᠃ ᠬᠦᠮᠦᠨᠤ ᠵᠢᠷᠦᠭᠡᠨ ᠡᠴᠡ ᠢᠭᠳᠦᠯᠦᠨ ᠤᠨᠳᠤᠷᠤᠭᠰᠠᠨ ᠦᠭᠡᠰ ᠲᠠᠭᠤᠤ ᠵᠢᠨ ᠠᠶ᠎ᠠ ᠲᠠᠢ ᠨᠡᠢᠯᠡᠭᠡᠳ ᠲᠠᠭᠤᠤ ᠪᠤᠯᠤᠨ ᠤᠷᠤᠰᠴᠤ᠂ ᠲᠠᠬᠢᠭᠠᠳ ᠬᠦᠮᠦᠨᠤ ᠵᠢᠷᠦᠭᠡ ᠰᠡᠳᠬᠢᠯᠢ ᠲᠤᠭᠳᠤᠯᠤᠭᠤᠯᠵᠦ ᠪᠠᠢᠳᠠᠭ ᠶᠤᠮ᠃ ᠪᠢ ᠳᠠᠭᠤᠤ ᠵᠢᠨ ᠠᠶ᠎ᠠ ᠵᠢ ᠬᠤᠶᠠᠳᠡᠬᠢ ᠤᠳᠠᠭ᠎ᠠ ᠰᠤᠨᠤᠰᠤᠭᠠᠳ《ᠠᠯᠠᠭ ᠴᠡᠴᠡᠭ ᠰᠢᠭ ᠦᠵᠡᠰᠬᠦᠯᠡᠩ ᠶᠤᠮ ᠡ ᠴᠢ᠂ ᠠᠶᠠᠯᠭᠤ ᠲᠠᠭᠤᠤ ᠰᠢᠭ᠋ ᠢᠷᠠᠭᠤᠬᠠᠨ ᠶᠤᠮ ᠡ ᠴᠢ ᠁ 》 ᠬᠡᠵᠦ ᠳᠠᠭᠤᠤ ᠵᠢᠨ ᠨᠢᠬᠡᠳᠦᠬᠡᠷ ᠪᠠᠳᠠᠭ ᠰᠡᠳᠬᠢᠯ ᠳ᠋ᠤ ᠮᠠᠨᠢ ᠠᠶᠠᠳᠠᠢᠬᠠᠨ ᠴᠠᠬᠢᠯᠤᠨ ᠪᠠᠭᠤᠭᠰᠠᠨ ᠪᠦᠭᠡᠳ 《ᠤᠢᠳᠠᠩ ᠬᠤᠸᠠᠷ》 ᠬᠡᠬᠦ ᠲᠠᠭᠤᠤ ᠵᠢᠨ ᠨᠡᠷ᠎ᠡ ᠴᠦ᠍ ᠪᠤᠳᠤᠭᠳᠠᠭᠰᠠᠨ ᠬᠡᠵᠦ ᠶᠤ·ᠡᠷᠳᠡᠨᠢᠳᠤᠭ᠍ᠳᠠᠬᠤ ᠳᠡᠭᠤᠤ ᠵᠢᠨ ᠦᠬᠡ ᠵᠢ ᠪᠢᠴᠢᠭᠰᠡᠨ ᠳᠤᠬᠠᠢ ᠪᠠᠨ ᠰᠤᠷᠪᠤᠯᠵᠢᠯᠠᠬᠴᠢᠳᠤ ᠤᠴᠢᠷᠯᠠᠨ ᠶᠠᠷᠢᠵᠦ ᠪᠠᠢᠭᠰᠠᠨ᠃
ᠤᠷᠠᠯᠢᠬᠤᠨ ᠤᠩᠭᠤᠳ ᠰᠡᠷᠡᠯ ᠭᠡᠳᠡᠭ ᠡᠢᠮᠦ ᠷᠢᠳᠢ ᠰᠢᠳᠢ ᠲᠠᠢ᠃ ᠪᠢᠳᠠ ᠰᠤᠨᠤᠰᠬᠤᠳᠤ ᠯᠡ ᠬᠡᠵᠢᠶ᠎ᠡ ᠶᠠᠵᠢᠶᠠᠨᠤ ᠰᠡᠳᠬᠢᠯ ᠵᠢᠷᠦᠭᠡᠨ ᠳᠤ ᠬᠤᠨᠤᠭᠰᠢᠵᠦ ᠪᠠᠢᠭᠰᠠᠨ ᠭᠡᠮᠡᠷ ᠰᠠᠢᠬᠠᠨ ᠠᠶᠠᠯᠭᠤ ᠲᠠᠭᠤᠤ ᠨᠢ ᠪᠦᠷ ᠴᠦ᠍ ᠤᠷᠠᠯᠢᠬᠴᠢᠳᠤᠨ ᠠᠷᠢᠭᠤᠨ ᠬᠦᠳᠡᠯᠮᠦᠷᠢ ᠵᠢᠨ ᠲᠠᠯᠠᠰᠳᠤ ᠪᠠᠢᠵᠠᠢ᠃
ᠦᠨᠡᠯᠡᠯᠳᠡ —
ᠪᠦᠷᠢᠨᠴᠡᠩᠬᠡᠯ (ᠦᠪᠦᠷ ᠮᠤᠩᠭᠤᠯᠤᠨ ᠤᠳᠬ᠎ᠠ ᠤᠷᠠᠯᠢᠭᠤᠨ ᠬᠢᠨ ᠤ᠋ ᠬᠤᠯᠪᠤᠭ᠎ᠠ ᠵᠢᠨ ᠳᠡᠬᠡᠳᠤ ᠵᠡᠷᠬᠡ ᠵᠢᠨ ᠬᠢᠨᠠᠨ ᠨᠠᠢᠷᠠᠭᠤᠯᠤᠭᠴᠢ)
《ᠤᠢᠳᠠᠩ ᠬᠤᠸᠠᠷ》 ᠬᠡᠬᠦ ᠳᠠᠭᠤᠤ ᠵᠢᠨ ᠦᠬᠡ ᠵᠢᠨ ᠬᠤᠪᠢ ᠳ᠋ᠤ ᠨᠡᠷᠡᠳᠤ ᠢᠷᠠᠭᠤ ᠨᠠᠢᠷᠠᠭᠴᠢ ᠶᠤ·ᠡᠷᠳᠡᠨᠢᠳᠤᠭ᠍ᠳᠠᠬᠤ ᠭᠤᠸᠠᠢ ᠢᠨᠠᠭ ᠬᠠᠢᠷ᠎ᠠ ᠵᠢᠨ ᠰᠡᠳᠬᠢᠯᠬᠡ ᠰᠢᠩᠬᠡᠭᠰᠡᠨ ᠬᠤᠸᠠᠷ ᠴᠡᠴᠡᠭ ᠰᠢᠭ ᠦᠵᠡᠰᠬᠦᠯᠡᠩ ᠬᠡᠬᠡᠨᠴᠢᠷ ᠪᠦᠰᠡᠬᠦᠢ ᠵᠢᠨ ᠠᠯᠢᠪᠠ ᠰᠠᠢᠨ ᠰᠠᠢᠬᠠᠨ ᠢ᠋ ᠬᠦᠮᠦᠰᠤᠨ ᠰᠡᠳᠬᠢᠯ ᠳ᠋ᠤ ᠵᠢᠷᠤᠭᠯᠠᠨ ᠪᠦᠳᠦᠬᠡᠵᠡᠢ᠃ ᠳᠠᠭᠤᠤ ᠵᠢᠨ ᠬᠦᠭ ᠠᠶᠠᠯᠭᠤ ᠨᠢ ᠦᠬᠡᠳᠡᠷᠬᠡᠭ ᠤᠶᠠᠷᠠᠭᠤᠨ ᠵᠦᠬᠡᠯᠡᠨ᠂ ᠦᠬᠡ ᠠᠶᠠᠯᠭᠤ ᠳᠠᠢ ᠪᠠᠨ ᠵᠠᠢ ᠦᠬᠡᠢ ᠰᠠᠢᠬᠠᠨ ᠨᠡᠢᠯᠡᠵᠦ᠂ 《ᠤᠢᠳᠠᠩ ᠬᠤᠸᠠᠷ》 ᠵᠢᠡᠷ ᠵᠦᠢᠷᠯᠡᠭᠰᠨᠨ ᠪᠦᠰᠡᠬᠦᠢ ᠵᠢᠨ ᠲᠦᠷᠢ ᠵᠢ ᠬᠦᠮᠦᠰᠤᠨ ᠰᠡᠳᠬᠢᠯ ᠳ᠋ᠤ ᠰᠦᠭ ᠰᠦᠨᠡᠰᠤ ᠳᠠᠢ ᠱᠤᠭᠤᠵᠠᠢ᠃ ᠡᠨᠡ ᠪᠤᠯ ᠤᠷᠠᠯᠢᠭᠤᠨ ᠰᠢᠳᠢ ᠬᠦᠴᠦᠨ᠃
ᠠᠯᠳᠠᠷ —
ᠦᠪᠦᠷ ᠮᠤᠩᠭᠤᠯᠤᠨ ᠤᠷᠤᠨ ᠨᠤᠲᠤᠭᠤᠨ ᠰᠤᠩᠭᠤᠳᠠᠭ ᠳᠠᠭᠤᠤᠶᠢᠨ ᠨᠢᠭᠡ᠃