ᠴᠡᠴᠡᠭᠡᠰ᠎ᠢ ᠠᠷᠭᠠᠳᠠᠭ᠍ᠰᠠᠨ ᠰᠠᠯᠬᠢ ᠪᠤᠷᠤᠭᠠᠨ᠎ᠤ ᠴᠢᠮᠡᠭᠡ᠎ᠶ᠋ᠢ ᠠᠨᠢᠷᠳᠤᠭᠤᠯᠬᠤᠳᠤ
ᠴᠢᠭᠢᠭ᠎ᠤᠨ ᠦᠨᠦᠷ᠎ᠢ ᠨᠤᠭᠤᠭ᠎ᠠ ᠦᠨᠦᠰᠦᠨ ᠵᠤᠰᠠᠯᠠᠩ᠎ᠤᠨ ᠲᠡᠨᠵᠢ ᠨᠢᠯᠬᠠᠷᠠᠨ᠎ᠠ
ᠴᠠᠳᠳᠠᠯ᠎ᠠ ᠬᠡᠪᠳᠡᠭ᠌ᠰᠡᠨ ᠦᠨᠢᠶᠡᠳ ᠰᠤᠨᠢᠶᠠᠨ ᠪᠤᠰᠴᠦ᠍ ᠵᠡᠯᠡᠨᠤ ᠲᠤᠭᠤᠯ ᠲᠠᠯᠪᠢᠭ᠍ᠳᠠᠬᠤᠳᠤ
ᠴᠡᠭᠡᠯ᠎ᠤᠨ ᠦᠨᠳᠦᠷ᠎ᠠᠴᠠ ᠨᠠᠷᠠᠨ ᠤᠷᠭᠤᠵᠦ᠍ ᠰᠠᠭᠠᠯᠢᠴᠢᠨᠤ ᠴᠢᠷᠠᠢ ᠪᠤᠳᠤᠭ᠍ᠰᠢᠨᠠ
ᠴᠢᠬᠢᠪᠴᠢᠨ ᠭᠡᠷ᠎ᠤᠨ ᠰᠠᠷᠠᠪᠴᠢᠨ᠎ᠤ ᠡᠭᠦᠷ᠎ᠠᠴᠠ ᠭᠡᠳᠦᠨ ᠠᠩᠭᠠᠬᠠᠢ ᠱᠤᠯᠤᠭᠠᠨᠠᠬᠤ᠎ᠳᠤ
ᠴᠤᠩᠬᠤᠨ ᠨᠠᠭᠠᠨ᠎ᠠ᠎ᠠᠴᠠ ᠪᠢᠴᠢᠬᠠᠨ ᠮᠤᠤᠷ ᠬᠤᠭᠤᠰᠤᠨ ᠰᠠᠮᠣᠷᠳᠠᠭᠠᠳ ᠬᠤᠷᠬᠢᠷᠠᠨᠠ
ᠴᠢᠩᠭᠢᠨᠠᠳᠠᠯᠠ ᠲᠠᠭᠤᠯᠠᠬᠤ ᠬᠤᠨᠢᠴᠢᠨ᠎ᠤ ᠲᠠᠭᠤᠣ᠎ᠳᠤ ᠮᠠᠩᠬᠠᠨ ᠲᠠᠤᠯᠠᠢ ᠪᠤᠰᠤᠭᠠᠳ
ᠴᠡᠭ ᠴᠡᠭ ᠪᠦᠵᠢᠭ ᠦᠰᠦᠷᠦᠭᠡᠳ ᠵᠠᠷᠭᠡᠯᠭᠡᠨ ᠲᠤᠮᠳᠠ ᠠᠭᠤᠰᠤᠨ᠎ᠠ
ᠴᠢᠷᠠᠮᠠᠨ ᠨᠢᠴᠦᠬᠦᠨ ᠬᠡᠳᠦᠨ ᠵᠢᠭᠠᠯ ᠠᠢᠯ ᠪᠤᠯᠤᠨ ᠨᠠᠭᠠᠳᠴᠤ ᠪᠠᠢᠭ᠍ᠰᠠᠨ᠎ᠢᠶᠠᠨ
ᠴᠠᠭᠠᠨ᠎ᠠ᠎ᠠᠴᠠ ᠢᠷᠡᠬᠦ᠌ ᠵᠠᠮ᠎ᠤᠨ ᠬᠦᠮᠦᠨ᠎ᠠᠴᠠ ᠨᠢᠭᠤᠷ᠎ᠢᠶᠠᠨ ᠪᠢᠳᠡᠭᠦᠯᠡᠨ ᠪᠦᠱᠦᠭᠦᠷᠬᠡᠨᠡ
ᠴᠢᠬᠢ ᠬᠠᠢᠴᠢᠯᠠᠭ᠍ᠰᠠᠨ ᠠᠳᠤᠭᠤᠳ᠎ᠤᠨ ᠲᠤᠷᠭᠢᠯᠳᠠᠳᠤ ᠭᠤᠤᠯ᠎ᠤᠨ ᠡᠷᠭᠢ ᠢᠪᠡᠷᠡᠭᠡᠳ
ᠴᠡᠯᠮᠡᠭ ᠲᠡᠭ᠌ᠷᠢ᠎ᠶ᠋ᠢ ᠬᠠᠷᠠᠵᠦ᠍ ᠬᠡᠪᠳᠡᠭ᠌ᠰᠡᠨ ᠠᠳᠤᠭᠤᠴᠢᠨ ᠵᠠᠯᠠᠭᠤ᠎ᠶ᠋ᠢ ᠰᠤᠴᠢᠭᠠᠨᠠ
ᠴᠠᠯᠠᠢᠭ᠍ᠰᠡᠨ ᠰᠠᠢᠬᠠᠨ ᠡᠳᠦᠷ᠎ᠤᠳ ᠦᠷᠭᠦᠯᠵᠢᠯᠡᠨ ᠬᠡᠤᠬᠡᠨᠴᠤᠳ ᠲᠦᠷᠬᠦᠮ᠎ᠢᠶᠠᠨ ᠰᠠᠨᠠᠬᠤ᠎ᠳᠤ
ᠴᠢᠮᠡᠭᠡ ᠰᠤᠪᠢᠩ᠎ᠤᠨ ᠪᠠᠶᠠᠷ ᠮᠡᠳᠡᠭ᠌ᠳᠡᠨ ᠪᠠᠷᠠᠭᠤᠨ ᠨᠢᠳᠦ᠍᠎ᠨᠢ ᠲᠠᠳᠠᠨ᠎ᠠ
ᠴᠢᠰ ᠴᠠᠰ ᠴᠠᠷᠴᠠᠬᠠᠢ ᠬᠠᠰᠭᠢᠴᠠᠨ ᠬᠤᠳᠠ ᠵᠡᠭᠡᠯᠢ ᠪᠦᠳᠡᠩᠱᠢᠬᠦ᠌ᠳᠤ
ᠴᠠᠭ᠎ᠢ ᠠᠮᠵᠢᠨ ᠵᠢᠭᠤᠯᠴᠢᠯᠠᠷᠠ ᠮᠤᠷᠳᠠᠶ᠎ᠠ ᠭᠡᠵᠦ᠍ ᠭᠡᠷ ᠪᠦᠯᠢ᠎ᠪᠠᠷ᠎ᠢᠶᠠᠨ ᠪᠤᠯᠵᠤᠨᠠ
ᠴᠡᠨ᠎ᠡ ᠦᠨ᠎ᠡ ᠬᠡᠯᠡᠯᠴᠡᠬᠦ᠌ ᠵᠠᠢ ᠦᠭᠡᠢ ᠵᠠᠬ᠎ᠠ᠎ᠶ᠋ᠢᠨ ᠪᠠᠩᠵᠠᠯ ᠴᠦ᠍ ᠦᠰᠦᠭᠡᠳ
ᠴᠡᠪᠡᠷᠬᠡᠨ ᠲᠦᠷᠦᠭ᠌ᠰᠡᠨ ᠵᠠᠯᠠᠭᠤᠴᠤᠳ᠎ᠢ ᠦᠳᠡᠰᠢ᠎ᠶ᠋ᠢᠨ ᠪᠤᠯᠵᠤᠭᠠᠨ᠎ᠳᠤᠨᠢ ᠬᠦᠯᠢᠶᠡᠯᠭᠡᠨ᠎ᠡ
ᠴᠡᠩᠭᠡᠷ ᠠᠭᠤᠯᠠᠰ᠎ᠲᠤ ᠮᠠᠨᠠᠨ ᠬᠦᠱᠢᠭᠡᠯᠡᠵᠦ᠍ ᠰᠠᠢᠬᠠᠨ ᠵᠤᠨ ᠪᠤᠯᠬᠤ᠎ᠳᠤ
《ᠴᠢᠮ᠎ᠡ᠎ᠪᠠᠨ ᠵᠡᠭᠦᠳᠦᠯᠡᠬᠦ᠌ ᠰᠦᠨᠢ ᠪᠤᠭᠤᠨᠢᠰᠤᠯᠠ》 ᠭᠡᠵᠦ᠍ ᠬᠠᠶᠠ ᠪᠠᠰᠠ ᠨᠢᠭᠡ᠎ᠨᠢ ᠱᠢᠯᠦᠭ᠌ᠯᠡᠨᠡ᠃