ᠵᠡᠬᠦᠳᠤᠨ ᠲᠤᠮᠳᠠ ᠵᠤᠨ ᠢᠷᠡᠴᠢᠬᠡᠭ᠌ᠰᠡᠨ ᠪᠠᠢᠯ᠎ᠠ
ᠵᠦᠳᠡᠷᠡᠭ᠌ᠰᠡᠨ ᠬᠠᠪᠤᠷ ᠢᠷᠭᠤᠢ᠎ᠶ᠋ᠢᠨ ᠲᠠᠯᠪᠢᠨ ᠲᠡᠬᠡᠷ᠎ᠡ ᠡᠪᠱᠢᠶᠡᠵᠥ᠍ ᠪᠠᠢᠳᠠᠯ᠎ᠠ
ᠵᠡᠬᠦᠳᠤᠨᠤ ᠮᠤᠳᠤᠳ ᠨᠠᠪᠴᠢᠰ᠎ᠢᠶᠠᠨ ᠲᠡᠯᠬᠡᠬᠡᠳ ᠴᠡᠯᠬᠡᠷᠡᠵᠥ᠍ ᠪᠠᠢᠯ᠎ᠠ
ᠵᠡᠬᠦᠨ ᠬᠦᠨᠲᠡᠢ᠎ᠶ᠋ᠢᠨ ᠱᠢᠰᠢ ᠵᠤᠷᠬ᠎ᠠ᠎ᠲᠠᠭᠠᠨ ᠱᠢᠪᠦᠬᠡᠯᠡᠵᠥ᠍ ᠪᠠᠢᠲᠠᠯ᠎ᠠ
ᠵᠢᠬᠦᠷ᠎ᠲᠠᠢ ᠶᠤᠮ ᠱᠢᠭ ᠤᠩᠭᠠᠷᠢᠯ ᠰᠠᠯᠬᠢᠨ᠎ᠤ ᠠᠶ᠎ᠠ᠎ᠪᠠᠷ ᠬᠦᠪᠴᠤ᠌ ᠪᠠᠢᠯ᠎ᠠ
ᠵᠢᠷᠤᠬᠡᠨ ᠤᠷᠤᠢ᠎ᠪᠠᠷ ᠪᠡᠷᠢ ᠴᠡᠴᠡᠭ ᠲᠡᠭ᠌ᠷᠢ᠎ᠪᠠᠨ ᠦᠨᠤᠰᠤᠨ ᠴᠡᠴᠡᠷᠬᠢᠨᠡᠨ ᠪᠠᠢᠳᠠᠯ᠎ᠠ
ᠵᠦᠩᠳᠡᠭᠡᠨ ᠬᠠᠷᠠᠬ᠍ᠳᠠᠬᠤ ᠴᠠᠭᠠᠨ ᠴᠢᠯᠠᠭᠤᠳ ᠡᠪᠡᠰᠤᠨ ᠲᠤᠮᠳᠠ ᠨᠢᠭᠤᠴᠢᠬᠠᠬ᠍ᠰᠠᠨ ᠪᠠᠢᠯ᠎ᠠ
ᠡᠮᠤᠨ᠎ᠡ ᠲᠠᠷᠢᠶᠠᠨ᠎ᠤ ᠤᠯᠠᠭᠠᠨ ᠱᠢᠰᠢ ᠲᠠᠪᠠᠭ᠎ᠠ ᠦᠭ᠌ᠰᠣᠨ ᠱᠤᠤᠬᠢᠵᠥ᠍ ᠪᠠᠢᠳᠠᠯ᠎ᠠ
ᠦᠨᠳᠤᠷ ᠲᠡᠭ᠌ᠷᠢ᠎ᠶ᠋ᠢᠨ ᠴᠠᠭᠠᠨ ᠡᠬᠦᠯᠡᠰ ᠲᠦᠷᠦᠬᠦᠦ᠍ᠶ᠋ᠢᠨᠢ ᠢᠯᠪᠢᠨ ᠨᠡᠬᠦᠵᠥ᠍ ᠪᠠᠢᠯ᠎ᠠ
ᠵᠡᠬᠦᠳᠤᠨ ᠲᠤᠮᠳᠠ ᠵᠤᠨ ᠢᠷᠡᠴᠢᠬᠡᠭ᠌ᠰᠡᠨ ᠪᠠᠢᠯ᠎ᠠ
ᠲᠡᠷᠡᠰᠤᠳᠤᠶ᠋ᠢᠨ ᠨᠠᠮᠤᠭ᠎ᠢᠶᠠᠷ ᠪᠠᠷᠬᠢᠷᠠᠭ᠎ᠠ ᠠᠯᠠᠭ ᠵᠢᠵᠢᠬᠢᠨᠡᠵᠥ᠍ ᠪᠠᠢᠲᠠᠯ᠎ᠠ
ᠲᠡᠭᠡ᠎ᠶ᠋ᠢᠨ ᠬᠠᠳᠠᠨ᠎ᠤ ᠤᠯᠠᠭᠠᠨ ᠦᠨᠡᠭᠡ ᠭᠠᠵᠠᠷ ᠦᠨᠤᠷᠯᠡᠨ ᠱᠤᠬ᠍ᠰᠢᠵᠥ᠍ ᠪᠠᠢᠯ᠎ᠠ
ᠲᠡᠷᠬᠡᠯ ᠨᠠᠭᠤᠷ᠎ᠲᠤ ᠰᠡᠬᠦᠯ ᠰᠠᠵᠢᠩᠬᠠᠨ ᠰᠦᠷᠦᠭ ᠠᠳᠤᠭᠤᠳ ᠵᠤᠬ᠍ᠰᠤᠵᠥ᠍ ᠪᠠᠢᠲᠠᠯ᠎ᠠ
ᠲᠡᠷᠳᠡᠭᠡ ᠬᠤᠯᠠ᠎ᠠᠴᠠ ᠨᠢᠬᠡᠨ ᠮᠤᠷᠢᠳᠠᠨ ᠵᠡᠷᠬᠡᠯᠬᠡᠨ ᠲᠤᠮᠳᠠᠭᠤᠷ ᠨᠠᠭᠠᠱᠢᠯᠠᠨ ᠪᠠᠢᠯ᠎ᠠ
ᠬᠠᠷᠠᠭ᠎ᠠ ᠲᠡᠯᠡᠬᠦ᠌ ᠴᠡᠩᠬᠡᠷ ᠢᠳᠠᠭᠤᠳᠤ᠎ᠶ᠋ᠢᠨ ᠰᠡᠷᠢᠬᠦᠬᠡᠨ ᠤᠷᠤᠢ ᠲᠡᠬᠡᠷ᠎ᠡ ᠵᠤᠬ᠍ᠰᠤᠨ ᠪᠠᠢᠲᠠᠯ᠎ᠠ
ᠬᠠᠷᠠᠭᠠᠨᠠᠳᠤᠶ᠋ᠢᠨ ᠠᠭᠤᠯᠠ᠎ᠶ᠋ᠢᠨ ᠤᠨᠢᠶᠠᠷ ᠬᠦᠪᠦᠨ ᠬᠦᠪᠦᠨ ᠨᠠᠭᠠᠱᠢᠯᠠᠵᠥ᠍ ᠪᠠᠢᠯ᠎ᠠ
ᠬᠠᠷᠠᠬᠠᠨ ᠪᠠᠭ᠎ᠠ ᠨᠠᠰᠤ᠎ᠪᠠᠨ ᠨᠤᠭᠤᠭᠠᠨ ᠬᠦᠢᠯᠡᠰᠤᠲᠠᠢᠨᠢ ᠲᠤᠷᠠᠰᠤᠨ ᠪᠠᠢᠲᠠᠯ᠎ᠠ
ᠬᠠᠮᠤᠭ᠎ᠤᠨ ᠢᠷᠠᠭᠤ ᠨᠢᠬᠡᠨ ᠲᠠᠭᠤᠤ ᠮᠦᠷᠦᠬᠡᠳᠤᠯ ᠬᠦᠨᠳᠠᠨ ᠰᠤᠨᠤᠷᠳᠠᠵᠥ᠍ ᠪᠠᠢᠯ᠎ᠠ
ᠵᠡᠬᠦᠳᠤᠨ ᠲᠤᠮᠳᠠ ᠵᠤᠨ ᠢᠷᠡᠴᠢᠬᠡᠭ᠌ᠰᠡᠨ ᠪᠠᠢᠯ᠎ᠠ
ᠰᠠᠷᠠᠪᠴᠢᠨ᠎ᠳᠤ ᠡᠬᠦᠷᠯᠡᠭ᠌ᠰᠡᠨ ᠬᠠᠷᠢᠶᠠᠴᠠᠢ ᠠᠩᠭᠠᠬᠠᠢ᠎ᠪᠠᠨ ᠲᠡᠵᠢᠬᠡᠵᠥ᠍ ᠪᠠᠢᠲᠠᠯ᠎ᠠ
ᠰᠠᠪᠠᠭ᠎ᠠ ᠦᠬᠡᠢᠳᠡᠭ᠌ᠰᠡᠨ ᠪᠤᠷᠤ ᠪᠤᠯᠵᠤᠮᠤᠷ ᠡᠬᠦᠷ᠎ᠤᠨ ᠬᠢᠨᠢ ᠬᠠᠪᠢ᠎ᠪᠠᠷ ᠱᠤᠯᠤᠭᠠᠨᠠᠨ ᠪᠠᠢᠯ᠎ᠠ
ᠰᠠᠯᠠᠭ᠎ᠠ᠎ᠨᠢ ᠮᠤᠷᠤᠢᠬ᠍ᠰᠠᠨ ᠵᠢᠮᠢᠰ᠎ᠤᠨ ᠮᠤᠳᠤ ᠨᠠᠮᠤᠷ᠎ᠢ ᠬᠦᠰᠡᠨ ᠨᠠᠢᠭᠤᠵᠥ᠍ ᠪᠠᠢᠳᠠᠯ᠎ᠠ
ᠰᠧᠨᠳᠡᠨ ᠮᠤᠳᠤᠨ᠎ᠤ ᠴᠠᠢᠪᠤᠷ ᠴᠡᠴᠡᠭ᠎ᠠᠴᠠ ᠵᠤᠨ᠎ᠤ ᠦᠯᠢᠬᠡᠷ ᠵᠤᠯᠭᠠᠷᠠᠵᠥ᠍ ᠪᠠᠢᠯ᠎ᠠ
ᠰᠠᠯᠬᠢᠨ᠎ᠤ ᠵᠦᠬᠡᠯᠡᠨ ᠢᠯᠪᠢᠯᠳᠠ᠎ᠪᠠᠷ ᠴᠡᠩᠬᠡᠷᠬᠡᠨ ᠪᠠᠩᠵᠠᠯ ᠬᠠᠷᠠᠬ᠍ᠳᠠᠨ ᠪᠠᠢᠲᠠᠯ᠎ᠠ
ᠰᠠᠨᠠᠭᠠᠨ᠎ᠳᠤ ᠦᠬᠡᠢ ᠨᠢᠬᠡ ᠬᠦᠮᠤᠨ ᠢᠷᠡᠴᠢᠬᠡᠬᠡᠳ ᠴᠡᠴᠡᠭ᠎ᠤᠨ ᠲᠤᠮᠳᠠ ᠢᠨᠢᠶᠡᠵᠥ᠍ ᠪᠠᠢᠯ᠎ᠠ
ᠰᠠᠯᠵᠥ᠍ ᠶᠠᠳᠠᠬ᠍ᠰᠠᠨ ᠴᠡᠩᠬᠡᠷ ᠡᠷᠪᠡᠬᠡᠢ ᠮᠦᠷᠦᠨ ᠲᠡᠭᠡᠷ᠎ᠡ᠎ᠨᠢ ᠡᠷᠬᠡᠯᠡᠵᠥ᠍ ᠪᠠᠢᠲᠠᠯ᠎ᠠ
ᠰᠠᠢᠬᠠᠨ ᠵᠢᠬᠦᠷ᠎ᠤᠨ ᠬᠢᠨᠢ ᠬᠤᠶᠠᠷ ᠲᠠᠯ᠎ᠠ᠎ᠳᠤ ᠬᠠᠢᠷ᠎ᠠ᠎ᠶ᠋ᠢᠨ ᠵᠤᠨ ᠰᠤᠯᠤᠩᠭᠠᠷᠠᠵᠥ᠍ ᠪᠠᠢᠯ᠎ᠠ