ᠵᠣᠨ
2026-08-05 12:14:11
ᠵᠣᠬᠢᠶᠠᠭ᠍ᠴᠢ᠄
ᠬᠡᠰᠢᠭ
ᠣᠩᠱᠢᠭ᠍ᠰᠠᠨ ᠣᠳᠠᠭ᠎ᠠ᠄
★★★☆☆



ᠵᠦᠭᠡᠯᠡᠨ ᠰᠢᠪᠡᠷᠡᠬᠦ ᠵᠦᠰᠡ ᠪᠡᠷ ᠵᠦᠯᠭᠡᠨ ᠲᠠᠯ᠎ᠠ ᠨᠡᠮᠡᠯᠵᠡᠵᠦ

ᠮᠣᠷᠢ ᠲᠠᠢ ᠬᠦᠮᠦᠨ᠎ᠤ ᠠᠷᠣ ᠡᠴᠡ ᠠᠶᠠᠭᠠᠨ ᠠᠯᠮ᠎ᠠ ᠴᠣᠪᠣᠨᠠᠮ

ᠪᠠᠲᠠᠷᠠᠨ ᠲᠡᠯᠭᠡᠬᠦ ᠴᠡᠴᠡᠭᠡᠰ᠎ᠤᠨ ᠭᠣᠣᠯ ᠳ᠋ᠦ ᠪᠡᠯᠲᠦ ᠵᠦᠭᠡᠢ ᠲᠣᠯᠣᠭᠠᠢ ᠰᠢᠭᠠᠵᠦ

ᠪᠠᠲᠠᠬᠯᠠᠨ ᠪᠢᠴᠢᠬᠦ ᠨᠠᠢᠷᠠᠬ᠎ᠤᠨ ᠮᠦᠷ ᠶ᠋ᠢᠡᠷ ᠰᠢᠯᠦᠭ᠎ᠤᠨ ᠣᠩᠭᠣᠳ ᠲᠣᠬᠯᠠᠨᠠᠮ




ᠬᠣᠷ᠎ᠠ᠎ᠶᠢᠨ ᠲᠠᠷᠠᠭ᠎ᠠ ᠬᠠᠷᠢᠶᠠᠴᠠᠢ ᠰᠢᠪᠠᠭᠣ ᠮᠠᠨᠠᠨ ᠵᠦᠰᠦᠵᠦ ᠲᠣᠭᠣᠣᠷ ᠬᠠᠯᠢᠬᠣ ᠨᠢ

ᠦᠵᠡᠬᠦᠯᠭᠡ᠎ᠶᠢᠨ ᠨᠢᠰᠭᠡᠯ ᠡᠬᠦᠯᠡ ᠰᠢᠪᠲᠦᠯᠦᠨ ᠡᠷᠬᠢᠵᠦ ᠬᠣᠷᠭᠣᠯᠵᠠᠬᠣ ᠮᠡᠲᠦ

ᠲᠣᠯᠭ᠎ᠠ᠎ᠶᠢᠨ ᠭᠠᠯ ᠲᠡᠭᠡᠷ᠎ᠡ ᠵᠦᠭᠡᠭᠡᠢ ᠪᠣᠴᠠᠯᠭᠠᠵᠦ ᠲᠣᠰᠣ ᠰᠢᠷᠭᠠᠬᠣ ᠨᠢ

ᠦᠨᠳᠦᠷ ᠭᠷᠡᠳᠦᠢ᠍ᠰ ᠶ᠋ᠢᠡᠷ ᠠᠯᠲᠠ᠎ᠶᠢ ᠬᠠᠯᠠᠭᠠᠵᠦ ᠰᠢᠵᠢᠷ᠎ᠢ ᠨᠢ ᠲᠣᠩᠭᠠᠬᠣ ᠠᠲᠠᠯᠢ




ᠨᠣᠭᠣᠭᠠᠨ ᠲᠠᠯ᠎ᠠ ᠣᠯᠠᠭᠠᠨ ᠲᠣᠭᠣᠰᠣᠨ ᠡᠴᠡ ᠡᠭᠡᠨᠡᠭᠲᠡ ᠠᠩᠬᠢᠵᠢᠷᠠᠨ ᠴᠡᠯᠭᠡᠷᠡᠬᠦ ᠳ᠋ᠦ

ᠡᠪᠡᠰᠦᠨ᠎ᠤ ᠰᠣᠷᠭᠣᠬ ᠶ᠋ᠢᠡᠷ ᠮᠠᠯ ᠰᠦᠷᠦᠭ ᠣᠰᠣᠨ ᠲᠠᠷᠭᠣ ᠪᠠᠷᠲᠠᠮ ᠠᠪᠣᠨᠠᠮ

ᠴᠡᠯᠮᠡᠭ ᠲᠡᠭᠷᠢ᠎ᠶᠢᠨ ᠲᠦᠭᠡᠨᠡᠮ᠎ᠡ ᠨᠠᠷᠠᠨ ᠶ᠋ᠢᠡᠷ ᠭᠡᠷ᠎ᠤᠨ ᠪᠦᠷᠢᠶᠡᠰᠦ ᠰᠢᠭᠣᠬᠲᠠᠬᠣ ᠳ᠋ᠦ

ᠴᠢᠬᠢᠭᠯᠢᠭ ᠠᠭᠠᠷ ᠰᠡᠩᠬᠢᠨᠡᠵᠦ ᠬᠠᠨ᠎ᠠ᠎ᠶᠢᠨ ᠨᠢᠲᠦ ᠪᠡᠷ ᠬᠣᠯᠠ᠎ᠶᠢᠨ ᠪᠠᠷ᠎ᠠ ᠰᠦᠮᠡᠢᠨᠡᠮ




ᠨᠠᠷᠠ ᠬᠣᠷ᠎ᠠ ᠵᠢᠩ᠎ᠤᠨ ᠲᠡᠩᠨᠡᠬᠦᠷ ᠮᠡᠲᠦ ᠲᠡᠭᠰᠢ ᠰᠠᠢᠬᠠᠨ ᠲᠡᠩᠴᠡᠭᠡᠳ

ᠡᠴᠢᠭᠡ ᠲᠡᠭᠷᠢ ᠡᠬᠡ ᠭᠠᠵᠠᠷ᠎ᠤᠨ ᠢᠪᠡᠭᠡᠯ ᠬᠡᠰᠢᠭ ᠦᠯᠡᠮᠵᠢ

ᠨᠣᠲᠣᠬ ᠣᠰᠣ ᠬᠦᠮᠦᠨ ᠵᠣᠨ ᠲᠠᠢ ᠪᠠᠨ ᠨᠢᠭᠡᠯᠡ ᠬᠦᠭ ᠲᠣᠷ ᠪᠠᠶᠠᠰᠣᠭᠠᠳ

ᠬᠦᠭᠵᠢᠬᠦᠨ ᠠᠮᠢᠲᠣᠷᠠᠯ ᠬᠦᠰᠡᠯ ᠮᠦᠷᠦᠭᠡᠲᠦᠯ ᠶ᠋ᠢᠡᠷ ᠲᠦᠬᠦᠷᠡᠩ ᠵᠢᠷᠭᠠᠵᠦ ᠲᠠᠭᠣᠯᠠᠯᠲᠣᠨᠠᠮ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号