ᠴᠠᠭᠠᠨ ᠡᠭᠦᠯᠡ ᠳᠡᠷᠲᠡᠭᠡ ᠠ᠋ᠴᠠ ᠨᠡᠭᠦᠳᠡᠯᠯᠡᠵᠦ ᠴᠢᠭᠢᠭ ᠤ᠋ᠨ ᠠᠮᠢᠰᠬᠤᠯ ᠰᠡᠷ ᠰᠡᠷ ᠴᠤᠷᠭᠢᠨᠠ
ᠴᠤᠭᠯᠠᠷᠠᠭᠰᠠᠨ ᠰᠢᠷᠭᠤᠯᠵᠢ ᠪᠡᠬᠢᠯᠡᠯᠲᠡ ᠵᠠᠰᠠᠵᠤ ᠴᠤᠭᠤᠷᠬᠠᠢ ᠪᠠᠭᠤᠴᠠ ᠮᠡᠷ ᠮᠡᠷ ᠬᠦᠪᠦᠯᠵᠡᠨᠡ
ᠠᠭᠠᠷ ᠤ᠋ᠨ ᠵᠡᠷᠭᠡᠯᠭᠡᠨ ᠬᠦᠷᠦᠰᠦ ᠦᠨᠦᠷᠯᠡᠵᠦ ᠤᠰᠤᠨ ᠤ᠋ ᠵᠡᠷᠭᠡᠯᠭᠡᠨ ᠡᠭᠦᠯᠡ ᠬᠤᠢᠯᠠᠷᠠᠭᠤᠯᠤᠨᠠ
ᠠᠭᠤᠯᠠᠰ ᠤ᠋ᠨ ᠤᠷᠤᠢ ᠳ᠋ᠦ ᠮᠠᠨᠠᠨ ᠬᠦᠪᠦᠯᠵᠡᠵᠦ ᠠᠯᠤᠰ ᠤ᠋ᠨ ᠵᠢᠪᠠᠷ ᠨᠢ ᠠᠶᠠᠷᠬᠠᠨ ᠢᠯᠪᠢᠨ᠎ᠡ
ᠰᠢᠪᠡᠷᠡᠬᠦ ᠪᠤᠷᠤᠭᠠᠨ ᠳ᠋ᠤ᠌ ᠪᠡᠯᠴᠢᠭᠡᠷ ᠰᠡᠪᠡᠯᠵᠡᠨ ᠰᠢᠪᠰᠢᠬᠦ ᠢᠯᠪᠢᠯᠲᠡ ᠳ᠋ᠤ᠌ ᠴᠡᠴᠡᠭ ᠳᠤᠬᠢᠯᠵᠠᠨᠠ
ᠰᠢᠪᠠᠭᠤ ᠵᠢᠭᠦᠷᠲᠡᠨ ᠤᠰᠤᠨ ᠳ᠋ᠤ᠌ ᠬᠠᠯᠢᠵᠤ ᠰᠡᠪᠰᠡᠷᠡᠬᠦ ᠵᠢᠩᠰᠡ ᠳ᠋ᠤᠨᠢ ᠦᠵᠡᠮᠵᠢ ᠪᠠᠳᠮᠠᠯᠠᠨ᠎ᠠ
ᠵᠦᠭᠡᠯᠡᠨ ᠪᠡᠯᠴᠢᠭᠡᠷ ᠲᠤ᠌ ᠰᠦᠷᠦᠭ ᠵᠢᠷᠭᠠᠨ ᠵᠦᠰᠡᠷᠡᠬᠦ ᠪᠤᠷᠤᠭᠠᠨ ᠳ᠋ᠤ᠌ ᠨᠢᠷᠤᠭᠤ ᠨᠢ ᠠᠮᠠᠷᠠᠨ᠎ᠠ
ᠵᠦᠯᠭᠡᠲᠦ ᠰᠣᠵᠠᠭ ᠢ᠋ᠶ᠋ᠠᠷ ᠪᠤᠯᠠᠭ ᠰᠢᠪᠡᠷᠡᠨ ᠵᠤᠰᠠᠯᠠᠩ ᠤ᠋ᠨ ᠠᠢᠯ ᠳ᠋ᠤ᠌ ᠬᠦᠷ ᠨᠠᠷᠭᠢᠶᠠᠨ ᠪᠢᠯᠬᠠᠨ᠎ᠠ
ᠰᠠᠭᠠᠯᠢᠴᠢᠨ ᠪᠦᠰᠡᠭᠦᠢ ᠲᠤᠯᠭ᠎ᠠ ᠬᠦᠭᠵᠢᠭᠡᠵᠦ ᠰᠠᠭᠠᠯᠢ ᠶ᠋ᠢᠨ ᠦᠨᠦᠷ ᠲᠤ᠌ ᠦᠷᠦᠭᠡ ᠱᠠᠩᠳᠠᠭᠤᠷᠠᠨᠠ
ᠰᠠᠮᠣᠷᠣᠭᠰᠠᠨ ᠴᠠᠢᠪᠡᠷᠢᠶᠡᠨ ᠰᠠᠴᠤᠯᠢ ᠡᠷᠭᠦᠵᠦ ᠰᠦ ᠶ᠋ᠢᠨ ᠳᠡᠭᠡᠵᠢ ᠪᠠᠷ ᠨᠤᠲᠤᠭ ᠪᠠᠭᠤᠴᠠ ᠮᠢᠯᠢᠶᠠᠨ᠎ᠠ
ᠬᠠᠯᠠᠭᠤᠨ ᠬᠤᠷᠤᠳ ᠠ᠋ᠴᠠ ᠠᠮᠲᠠᠯᠠᠭᠰᠠᠨ ᠬᠦᠦ ᠬᠠᠷᠠᠨ ᠬᠠᠷᠠᠨ ᠤᠷᠤᠭᠤᠯ ᠶ᠋ᠢᠡᠨ ᠵᠢᠮᠢᠯᠵᠡᠭᠦᠯᠦᠨᠡ
ᠬᠠᠭᠰᠠᠷᠠᠭᠰᠠᠨ ᠬᠡᠪ ᠵᠢᠡᠨ ᠰᠢᠷᠠᠰᠤ ᠪᠠᠷ ᠳᠡᠪᠲᠦᠭᠡᠬᠦ ᠬᠠᠵᠠᠭᠤ ᠳ᠋ᠠᠬᠢ ᠡᠮᠡᠭᠡ ᠲᠤᠯᠤᠭᠠᠢ ᠳᠤᠬᠢᠨᠠ
ᠲᠠᠯ᠎ᠠ ᠶ᠋ᠢᠨ ᠬᠦᠪᠡᠭᠡ ᠪᠠᠷ ᠰᠦᠷᠦᠭ ᠨᠢ ᠴᠤᠪᠤᠷᠠᠨ ᠲᠡᠭᠷᠢ ᠶ᠋ᠢᠨ ᠬᠠᠨ᠎ᠠ ᠪᠠᠷ ᠡᠭᠦᠯᠡ ᠨᠡᠭᠦᠳᠡᠯᠯᠡᠨ᠎ᠡ
ᠳᠡᠷᠲᠡᠭᠡ ᠪᠡᠯᠴᠢᠭᠡᠷ ᠲᠤ᠌ ᠠᠳᠤᠭᠤᠳ ᠳᠤᠷᠭᠢᠯᠳᠤᠵᠤ ᠲᠡᠯᠡᠮᠡᠨ ᠠᠭᠲᠠ ᠭᠠᠵᠠᠷ ᠨᠦᠷᠵᠢᠭᠢᠨᠡᠭᠦᠯᠦᠨᠡ
ᠵᠤᠨ ᠤ᠋ ᠪᠤᠷᠤᠭᠠᠨ ᠨᠤᠲᠤᠭ ᠵᠢᠡᠨ ᠪᠠᠶᠠᠰᠬᠠᠵᠤ ᠵᠤᠰᠠᠭᠠᠯ ᠤ᠋ᠨ ᠠᠢᠯ ᠬᠤᠲᠠ ᠲᠠᠢᠪᠤᠩ ᠡᠩᠨᠡᠷᠡᠨᠡ
ᠵᠤᠣᠮᠠᠯᠵᠠᠬᠤ ᠴᠡᠴᠡᠭᠡᠰ ᠲᠠᠯ᠎ᠠ ᠪᠠᠨ ᠴᠢᠮᠡᠵᠦ ᠵᠢᠷᠤᠭ ᠤ᠋ᠨ ᠦᠵᠡᠰᠭᠦᠯᠡᠩ ᠬᠠᠷᠠᠭ᠎ᠠ ᠶ᠋ᠢ ᠮᠢᠯᠢᠶᠠᠨ᠎ᠠ