ᠡᠵᠢ ᠦᠨᠥᠷᠳᠥᠭ᠌ᠰᠡᠨ ᠵᠤᠨ
2026-08-05 12:15:49
ᠵᠣᠬᠢᠶᠠᠭ᠍ᠴᠢ᠄
ᠬᠤᠨᠢᠴᠢᠨ ᠠ᠊·ᠵᠢᠷᠠ
ᠣᠩᠱᠢᠭ᠍ᠰᠠᠨ ᠣᠳᠠᠭ᠎ᠠ᠄
★★★☆☆



ᠡᠵᠢ᠎ᠶ᠋ᠢᠨ ᠨᠢᠳᠤᠨ᠎ᠠᠴᠠ ᠮᠠᠯᠮᠠᠷᠠᠬᠦ᠌

ᠪᠦᠪᠡᠢ᠎ᠶ᠋ᠢᠨ ᠠᠶᠠᠯᠭᠤᠨ᠎ᠳᠤ

ᠨᠢᠯᠬ᠎ᠠ᠎ᠶ᠋ᠢᠨ ᠳᠠᠭᠤ᠂ ᠡᠩᠬᠦᠷᠡᠢᠭᠡᠨ ᠦᠨᠥᠷ

ᠨᠢᠯ ᠭᠡᠮᠡᠨ ᠠᠢᠰᠤᠢ




ᠬᠠᠶᠠ ᠤᠬᠢᠯᠠᠵᠤ᠂ ᠬᠠᠶᠠ ᠪᠠᠶᠠᠰᠴᠤ᠌

ᠬᠠᠨ᠎ᠠ ᠴᠡᠩᠭᠡᠷᠯᠡᠬᠦᠯᠵᠤ ᠬᠠᠢᠷ᠎ᠠ ᠢᠷᠡᠨ᠎ᠡ

ᠪᠢ

ᠡᠵᠢ᠎ᠶ᠋ᠢᠨ ᠬᠠᠢᠷ᠎ᠠ᠎ᠳᠤ ᠭᠤᠶᠤ ᠪᠤᠯᠤᠨ᠎ᠠ ᠭᠡᠵᠤ

ᠮᠦᠷᠥᠭᠡᠳᠥᠯ᠎ᠢᠶᠠᠷ ᠳᠡᠯᠭᠡᠷᠡᠳᠡᠭ ᠶᠤᠮ




ᠭᠡᠰᠡᠭ ᠪᠤᠳᠠᠩ᠂ ᠭᠡᠰᠡᠭ ᠪᠤᠷᠤᠭᠠᠨ

ᠨᠤᠭᠤᠭᠠᠨ ᠳᠡᠷᠯᠢᠭ ᠡᠮᠥᠰᠭᠡᠨ᠎ᠡ ᠭᠡᠵᠤ

ᠵᠤᠨ ᠪᠤᠯᠳᠠᠭ ᠶᠤᠮ

ᠪᠢ

ᠳᠠᠷᠠᠰᠤᠨ᠎ᠤ ᠦᠯᠥᠩ᠎ᠢ ᠱᠢᠬᠢᠷ ᠱᠢᠭ ᠵᠠᠵᠢᠯᠵᠤ

ᠡᠵᠢ᠎ᠶ᠋ᠢᠨ ᠦᠨᠥᠷ᠎ᠲᠠᠢ ᠵᠤᠨ᠎ᠳᠤ

ᠴᠡᠴᠡᠭ᠌ᠭᠡᠨ ᠨᠠᠰᠤ᠎ᠪᠠᠨ ᠦᠭᠡᠢᠯᠡᠨᠡᠮ




ᠰᠦᠷᠥᠨ ᠳᠡᠭᠡᠷ᠎ᠡ ᠬᠤᠷᠤᠳ ᠳᠡᠯᠭᠡᠵᠤ ᠬᠠᠳᠠᠭᠠᠬᠤ

ᠪᠤᠷᠤᠭᠠᠨ ᠵᠦᠰᠡᠷᠡᠵᠤ ᠰᠤᠯᠤᠩᠭ᠎ᠠ ᠳᠠᠳᠠᠬᠤ᠎ᠨᠢ

ᠡᠵᠢ᠎ᠶ᠋ᠢᠨ ᠦᠨᠥᠷ᠎ᠲᠠᠢ ᠵᠤᠨ᠎ᠤ ᠦᠵᠡᠰᠭᠦᠯᠡᠩ ᠶᠤᠮ




ᠨᠠᠷᠠ᠂ ᠰᠠᠷᠠ᠂ ᠤᠳᠤᠨ᠎ᠤ ᠭᠡᠷᠡᠯ

ᠤᠷᠠᠨ ᠵᠢᠷᠤᠭ᠎ᠤᠨ ᠦᠩᠭᠡ

ᠠᠭᠠᠷ᠂ ᠪᠤᠷᠤᠭᠠᠨ᠂ ᠤᠰᠤ

ᠵᠤᠨ ᠡᠬᠢᠯᠠᠵᠤ᠂ ᠪᠠᠰᠠ ᠳᠡᠬᠦᠰᠤᠨ᠎ᠠ

ᠤᠨᠠᠭ᠎ᠠ᠂ ᠪᠤᠳᠤᠭᠤ᠂ ᠳᠤᠭᠤᠯ᠂ ᠢᠱᠢᠭᠡ᠂ ᠬᠤᠷᠠᠭ᠎ᠠ

ᠡᠵᠢ᠎ᠶ᠋ᠢᠨ ᠳᠠᠪᠤᠨ ᠬᠤᠱᠢᠭᠤ ᠮᠠᠯ

ᠳᠡᠷᠡ ᠪᠦᠬᠦᠨ

ᠡᠵᠢ᠎ᠶ᠋ᠢᠨ ᠦᠨᠥᠷ᠎ᠲᠠᠢ ᠵᠤᠨ ᠶᠤᠮ




ᠰᠦ᠂ ᠠᠢᠷᠠᠭ᠂ ᠦᠷᠥᠮ᠎ᠡ

ᠦᠨᠢᠶᠠᠨ ᠵᠠᠯᠠᠨ᠎ᠠᠴᠠ ᠦᠨᠥᠷᠳᠥᠳᠡᠭ

ᠰᠠᠴᠤᠯᠢ᠎ᠪᠠᠨ ᠡᠷᠬᠦᠵᠤ᠂ ᠪᠠᠰᠠ ᠳᠠᠯᠠᠯᠤᠨ᠎ᠠ

ᠳᠡᠷᠡ ᠪᠦᠬᠦᠨ

ᠡᠵᠢ᠎ᠶ᠋ᠢᠨ ᠦᠨᠥᠷ᠎ᠲᠠᠢ ᠵᠤᠨ ᠳᠠᠩᠰᠤᠭ᠍ᠯᠠᠵᠤ ᠨᠠᠯᠠᠢᠳᠠᠭ




ᠵᠤᠨ᠎ᠤ ᠪᠤᠷᠤᠭᠠᠨ᠎ᠠᠴᠠ

ᠰᠦ ᠠᠮᠳᠠᠭ᠍ᠳᠠᠨ᠎ᠠ᠂ ᠬᠠᠢᠷ᠎ᠠ ᠤᠷᠬᠢᠯᠤᠨ᠎ᠠ

ᠡᠵᠢ᠎ᠶ᠋ᠢᠨ ᠠᠶᠠᠭᠠᠨ᠎ᠠᠴᠠ ᠬᠤᠷᠤᠳ ᠠᠮᠳᠠᠯᠠᠭ᠍ᠳᠠᠨ᠎ᠠ

ᠳᠡᠷᠡ ᠵᠦᠪᠭᠡᠨ ᠵᠢᠷᠭᠠᠯ᠎ᠤᠨ ᠠᠮᠳᠠ

ᠪᠢ

ᠡᠵᠢ᠎ᠶ᠋ᠢᠨ ᠦᠨᠥᠷ᠎ᠲᠠᠢ ᠵᠣᠨ᠎ᠤ ᠦᠭᠢᠨ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号