ᠨᠢᠭᠡ ᠨᠢᠭᠡᠨ ᠡᠴᠡ ᠪᠠᠨ ᠦᠨᠳᠥᠷ ᠠᠭᠤᠯᠠ ᠬᠠᠢᠷᠬᠠᠨ ᠨᠤᠭᠤᠳ ᠦᠷᠯᠥᠭᠡ ᠶ᠋ᠢᠨ ᠨᠠᠷᠠᠨ ᠤ᠋ ᠳᠤᠶᠠᠭᠠᠨ ᠳ᠋ᠤ᠌ ᠦᠴᠥᠭᠡᠨ ᠰᠢᠷᠭᠠᠯᠳᠤᠬᠤ ᠮᠠᠨᠠᠨ ᠳᠤᠮᠳᠠ ᠰᠦᠮᠡᠯᠵᠡᠨ᠎ᠡ᠃
ᠶᠤᠯᠳᠤᠷᠮᠠ ᠳᠠᠷᠬᠠᠨ ᠤ᠋ ᠤᠷᠠᠨ ᠳᠦᠰᠢ ᠶ᠋ᠢᠨ ᠨᠤᠶᠠᠨ ᠨᠢᠷᠤᠭᠤᠨ ᠳᠡᠭᠡᠷ᠎ᠡ ᠭᠠᠯ ᠴᠤᠭ ᠪᠠᠳᠠᠷᠠᠭᠠᠨ ᠢᠯᠳᠤ ᠰᠠᠯᠠᠮ᠎ᠠ ᠳᠠᠪᠳᠠᠬᠤ ᠠᠪᠤᠷᠭᠤ ᠳᠦᠷᠢ ᠬᠠᠶᠠ ᠳᠤᠳᠤᠷᠠᠵᠤ ᠬᠠᠶᠠ ᠪᠠᠯᠠᠷᠠᠨ᠂ ᠳᠠᠢᠨ ᠤ᠋ ᠳᠠᠯᠠᠪᠤᠷ ᠲᠤ᠌ ᠤᠯᠠᠨ ᠤᠯᠠᠨ ᠵᠠᠩᠵᠤᠨ ᠴᠡᠷᠢᠭ ᠤ᠋ᠳ ᠤᠷᠠᠢ ᠬᠠᠰᠬᠢᠷᠤᠯᠴᠠᠨ ᠢᠯᠳᠤ ᠰᠠᠯᠠᠮ᠎ᠠ ᠬᠠᠷᠰᠢᠭᠤᠯᠤᠨ ᠳᠡᠥᠭᠡ ᠶ᠋ᠢᠨ ᠤᠯᠪᠠᠭᠠᠨ ᠳ᠋ᠤ᠌ ᠰᠤᠤᠳᠤ ᠠᠶᠠᠯᠭᠤᠨ ᠳᠦᠷᠢᠯᠬᠢᠯᠡᠨᠡ᠃
ᠳᠡᠥᠭᠡᠳᠤ ᠡᠬᠥᠷᠭᠡ ᠪᠠᠨ ᠪᠡᠶᠡᠯᠡᠬᠥᠯᠥᠭᠰᠡᠨ ᠳᠠᠢᠴᠢᠨ ᠪᠠᠭᠠᠳᠤᠷᠴᠤᠳ ᠮᠢᠨᠢ ᠢᠯᠳᠤ ᠰᠠᠯᠠᠮ᠎ᠠ ᠪᠠᠨ ᠳᠠᠯᠠᠢᠭᠰᠠᠨ ᠭᠡᠪ ᠢ᠋ᠶ᠋ᠠᠷ ᠢ᠋ᠶ᠋ᠠᠨ᠂ ᠮᠤᠷᠢᠨ ᠨᠢᠷᠤᠭᠤᠨ ᠳᠡᠭᠡᠷ᠎ᠡ ᠪᠠᠨ ᠠᠯᠤᠰ ᠢ᠋ ᠪᠠᠷᠠᠯᠠᠨ ᠴᠠᠭᠳᠠᠭᠰᠠᠨ ᠶᠠᠩᠵᠤ ᠪᠠᠷ ᠢ᠋ᠶ᠋ᠠᠨ ᠠᠭᠤᠳᠠᠮ ᠨᠤᠳᠤᠭ ᠤ᠋ᠨ ᠢ᠋ᠶ᠋ᠠᠨ ᠦᠷᠥᠴᠡᠨ ᠳᠡᠭᠡᠷ᠎ᠡ ᠴᠢᠯᠠᠭᠤᠵᠢᠬᠰᠠᠨ ᠳᠦᠷᠬᠥ ᠨᠢ ᠳᠤᠮᠤᠷᠠᠨ ᠳᠤᠮᠤᠷᠠᠭᠰᠠᠭᠠᠷ ᠤᠯᠠᠨ ᠤᠯᠠᠨ ᠠᠭᠤᠯᠠ ᠬᠠᠢᠷᠬᠠᠨ ᠪᠤᠯᠵᠤ ᠰᠦᠨᠳᠡᠷᠯᠡᠯ᠎ᠡ᠃ ᠡᠨᠡ ᠪᠤᠯ ᠨᠤᠳᠤᠭ ᠤᠰᠤ ᠪᠠᠨ ᠦᠨᠢ ᠮᠦᠩᠭᠡ ᠰᠠᠬᠢᠨ ᠬᠠᠷᠠᠭᠤᠯᠳᠠᠬᠤ ᠶ᠋ᠢᠨ ᠬᠠᠳᠠᠭᠤ ᠳᠠᠩᠭᠠᠷᠢᠭ᠋᠂ ᠦᠷ᠎ᠡ ᠬᠤᠢᠴᠢᠰ ᠳᠠᠭᠠᠨ ᠡᠬᠥᠷᠢᠳᠡ ᠬᠠᠳᠠᠨ ᠵᠤᠷᠢᠭ᠋᠂ ᠬᠠᠢᠷ᠎ᠠ ᠢᠪᠡᠭᠡᠯ ᠢ᠋ᠶ᠋ᠠᠨ ᠬᠦᠷᠳᠡᠭᠡᠭᠥ ᠶ᠋ᠢᠨ ᠬᠤᠯᠠ ᠶ᠋ᠢᠨ ᠬᠦᠰᠡᠯ ᠨᠢ ᠪᠢᠯᠠ !
ᠠᠭᠤᠯᠠ ᠶ᠋ᠢᠨ ᠬᠢᠷ᠎ᠡ ᠳᠠᠭᠠᠵᠤ ᠦᠰᠤ ᠨᠤᠤᠰᠤ ᠨᠢ ᠬᠢᠯᠠᠯᠵᠠᠭᠰᠠᠨ ᠶᠠᠩᠬᠢᠷ ᠤ᠋ᠨ ᠤᠳᠤᠮ ᠢᠮᠠᠭᠠᠨ ᠰᠦᠷᠥᠭ ᠵᠠᠭᠡᠷ᠎ᠡ ᠪᠤᠭᠤ ᠰᠢᠭ᠋ ᠦᠰᠥᠷᠴᠤ ᠴᠠᠮᠨᠠᠭᠰᠠᠭᠠᠷ ᠪᠠᠭᠤᠵᠤ ᠢᠷᠡᠯ᠎ᠡ᠃ ᠡᠵᠡᠨ ᠨᠢ ᠭᠡᠵᠤ ᠡᠨᠡ ᠭᠦ᠌ ᠠᠭᠤᠯᠠ ᠬᠠᠢᠷᠬᠠᠨ ᠤ᠋ ᠪᠠᠨ ᠦᠷᠬᠥᠯᠵᠢᠯᠡᠯ ᠪᠤᠯᠬᠤ ᠳᠤᠮᠤᠭ ᠤ᠋ᠨ ᠰᠢᠥᠬᠠᠨ ᠬᠦᠮᠥᠰ ᠡ !
ᠳᠠᠢᠮᠤ ᠡ᠂ ᠡᠨᠳᠡ ᠡᠴᠡ ᠤᠨᠳᠤᠷᠣᠭᠠᠳ ᠤᠨᠳᠤᠷᠣᠭᠠᠳ ᠪᠠᠷᠠᠰᠢ ᠦᠭᠡᠢ᠂ ᠤᠷᠤᠰᠤᠭᠠᠳ ᠤᠷᠤᠰᠤᠭᠠᠳ ᠳᠠᠭᠤᠰᠤᠰᠢ ᠦᠭᠡᠢ ᠦᠯᠢᠭᠡᠷ ᠳᠤᠮᠤᠭ ᠦᠷᠬᠥᠯᠵᠢᠯᠡᠨᠡ᠃ ᠶᠠᠭ ᠡᠢᠮᠥᠷᠬᠦᠦ ᠦᠯᠢᠭᠡᠷ ᠳᠤᠮᠤᠭ ᠤ᠋ᠨ ᠳᠤᠮᠳᠠ ᠪᠢᠳᠠ ᠤᠷᠠᠨ ᠳᠦᠰᠢ ᠠᠭᠤᠯᠠ ᠶ᠋ᠢᠨ ᠨᠤᠶᠠᠨ ᠤᠷᠬᠢᠯ ᠵᠦᠭ᠂ ᠤᠳᠬ᠎ᠠ ᠶ᠋ᠢᠨ ᠴᠢᠨᠠᠳᠤ ᠶᠢᠷᠳᠢᠨᠴᠤ ᠤᠷᠤᠭᠤ ᠠᠶᠠᠯᠠᠯ᠎ᠠ᠃ ᠬᠠᠳᠠᠨ ᠱᠠᠳᠤ ᠶ᠋ᠢ ᠨᠢ ᠳᠠᠭᠠᠨ ᠦᠭᠰᠥᠬᠥ ᠳ᠋ᠤ᠌ ᠶᠠᠭᠠᠬᠢᠭᠠᠳ ᠢ᠋ ᠪᠤᠤ ᠮᠠᠳᠠ᠂ ᠰᠡᠳᠬᠢᠯ ᠮᠢᠨᠢ ᠭᠡᠰᠡᠭ ᠭᠡᠰᠡᠭ ᠰᠦᠷᠡᠬᠡᠢ ᠳᠤᠭᠳᠤᠯᠵᠤ᠂ ᠭᠡᠰᠡᠭ ᠭᠡᠰᠡᠭ ᠭᠡᠴᠡᠬᠥᠥ ᠡᠮᠵᠡᠭᠯᠡᠵᠤ ᠪᠠᠢᠯ᠎ᠠ᠃ ᠶᠠᠭ ᠯᠠ ᠡᠷᠳᠡᠨ ᠤ᠋ ᠡᠪᠳᠡᠷᠭᠡᠢ ᠪᠠᠯᠪᠠᠷᠬᠠᠢ ᠬᠤᠳᠠ ᠪᠠᠯᠭᠠᠳ ᠤ᠋ᠨ ᠳᠤᠮᠳᠠᠭᠤᠷ ᠡᠰᠡᠬᠥᠯᠡ ᠡᠵᠡᠬᠥᠢ ᠶᠡᠭᠡ ᠭᠡᠭᠡᠷ᠎ᠡ ᠳᠠᠯ᠎ᠠ ᠳ᠋ᠤ᠌ ᠠᠶᠠᠯᠠᠵᠤ ᠪᠠᠢᠮᠠᠷ᠃
ᠦᠭᠰᠦᠵᠦ ᠳᠡᠭᠡᠭᠰᠢᠯᠡᠬᠥ ᠳᠤᠰᠤᠮ ᠮᠠᠨᠠᠨ ᠠᠷᠢᠯᠵᠤ᠂ ᠠᠭᠠᠷ ᠴᠡᠯᠮᠡᠭᠰᠢᠨ᠂ ᠦᠬᠠᠢ ᠬᠤᠳᠠ ᠶ᠋ᠢᠨ ᠪᠦᠬᠥ ᠦᠵᠡᠮᠵᠢ᠂ ᠬᠠᠳᠤᠨ ᠭᠤᠤᠯ ᠤ᠋ᠨ ᠤᠷᠤᠰᠬᠠᠯ᠂ ᠡᠵᠡᠨ ᠴᠢᠩᠬᠢᠰ ᠤ᠋ᠨ ᠮᠢᠨᠢ ᠠᠯᠳᠠᠨ ᠬᠦᠰᠢᠶ᠎ᠠ ᠰᠦᠨᠳᠡᠷᠯᠡᠭᠰᠡᠨ ᠭᠠᠨᠳᠠᠷᠢ ᠶ᠋ᠢᠨ ᠤᠪᠤᠭ᠎ᠠ ᠁ ᠳᠤᠳᠤ ᠠ᠋ᠴᠠ ᠳᠤᠳᠤ ᠬᠠᠷᠠᠭᠳᠠᠬᠤ ᠳ᠋ᠤ᠌ ᠪᠤᠳᠤᠯ ᠰᠡᠳᠬᠢᠯ ᠤ᠋ᠨ ᠮᠢᠨᠢ ᠬᠦᠨ ᠳ᠋ᠤ᠌ ᠳᠠᠷᠤᠭᠳᠠᠭᠠᠳ ᠤᠳᠠᠭᠰᠠᠨ ᠬᠦᠰᠡᠯ ᠮᠦᠷᠥᠭᠡᠳᠥᠯ ᠤ᠋ᠨ ᠮᠢᠨᠢ ᠭᠡᠭᠡᠨ ᠪᠠᠶᠠᠯᠠᠯ ᠨᠢᠳᠤᠨ ᠡᠮᠥᠨ᠎ᠡ ᠳᠤᠷᠮᠤᠯᠵᠠᠬᠤ ᠰᠢᠥᠬᠠᠨ ᠪᠤᠯᠵᠤ᠂ ᠴᠢᠨᠠᠭᠰᠢᠯᠠᠪᠠᠯ ᠦᠩᠭᠡᠷᠡᠭᠰᠡᠨ ᠳ᠋ᠤ᠌ ᠶᠠᠷᠤ ᠨᠢ ᠪᠠᠢᠵᠤ ᠦᠩᠭᠡᠷᠡᠭᠡ ᠦᠭᠡᠢ ᠬᠦᠰᠡᠯ ᠮᠦᠷᠥᠭᠡᠳᠥᠯ ᠤ᠋ᠨ ᠨᠢᠯᠬ᠎ᠠ ᠰᠤᠶᠤᠭ᠎ᠠ ᠨᠤᠭᠤᠳ ᠰᠠᠷᠠᠯ ᠮᠠᠳᠠᠷᠠᠮᠵᠢ ᠶ᠋ᠢᠨ ᠬᠦᠷᠥᠰᠤ ᠶ᠋ᠢ ᠴᠣᠭᠣᠴᠢᠵᠤ ᠪᠠᠢᠬᠤ ᠨᠢ ᠬᠠᠷᠠᠭᠳᠠᠪᠠ᠃ ᠳᠤᠩᠭᠠᠯᠠᠭ ᠠᠭᠠᠷ ᠰᠠᠯᠢᠨ ᠠᠭᠤᠯᠠ ᠬᠠᠢᠷᠬᠠᠨ ᠤ᠋ ᠰᠡᠵᠢᠬᠥᠷ ᠱᠦᠷᠬᠥᠨ ᠠᠯᠢᠶᠠᠯᠠᠬᠤ ᠰᠡᠪᠡᠯᠵᠡᠬᠥᠷ ᠰᠠᠯᠬᠢᠨ ᠤ᠋ ᠦᠵᠥᠬᠥᠷ ᠬᠤᠪᠢ ᠳᠠᠪᠢᠯᠠᠩ ᠤ᠋ᠨ ᠮᠢᠨᠢ ᠵᠢᠷᠤᠬᠠᠢ ᠶ᠋ᠢ ᠵᠢᠷᠥᠭᠡ ᠰᠡᠳᠬᠢᠯ ᠤ᠋ᠨ ᠬᠦᠨ ᠳ᠋ᠤ᠌ ᠳᠠᠳᠠᠯᠠᠭᠠᠳ ᠦᠩᠭᠡᠷᠡᠭᠥ ᠰᠢᠭ ᠪᠤᠯᠵᠤ᠂ ᠵᠢᠷᠤᠭ ᠤ᠋ᠨ ᠰᠢᠭ᠋ ᠦᠵᠡᠰᠬᠥᠯᠠᠩᠳᠤ ᠶᠢᠷᠳᠢᠨᠴᠤ ᠶ᠋ᠢᠨ ᠬᠠᠭᠠᠯᠭ᠎ᠠ ᠶ᠋ᠢ ᠳᠠᠳᠠᠬᠤ ᠰᠢᠣᠬᠠᠨ ᠪᠤᠯᠤᠯ᠎ᠠ᠃ ᠳᠡᠭᠡᠭᠰᠢᠯᠡᠬᠥ ᠳᠤᠳᠤᠮ ᠳᠡᠯᠡᠭᠡᠢ ᠶ᠋ᠢ ᠬᠠᠷᠠᠨ᠎ᠠ ᠭᠡᠳᠡᠭ ᠡᠨᠡ ᠪᠠᠢᠬ᠎ᠠ ᠳᠠ!
《ᠴᠢ ᠤᠷᠠᠨ ᠳᠦᠰᠢ ᠠᠭᠤᠯᠠᠨ ᠳ᠋ᠤ᠌ ᠤᠴᠢᠯ᠎ᠠ ᠭᠡᠳ ᠳᠤᠤᠷ᠎ᠠ ᠡᠴᠡ ᠨᠢ ᠪᠠᠷ᠎ᠠ ᠶ᠋ᠢ ᠨᠢ ᠯᠠ ᠬᠠᠷᠠᠬᠤ ᠶᠤᠮ ᠪᠠ᠂ ᠴᠢᠮ᠎ᠠ ᠡᠴᠡ ᠵᠠᠯᠠᠭᠤ ᠮᠦᠷᠳᠡᠭᠡᠨ ᠭᠡᠮ ᠠᠷᠬᠠᠭ ᠦᠭᠡᠢ ᠬᠦᠮᠥᠰ ᠴᠦ᠍ ᠵᠠᠷᠢᠮ ᠨᠢ ᠭᠠᠷᠴᠤ ᠳᠡᠢᠯᠳᠡᠭ ᠦᠭᠡᠢ ᠶᠤᠮ ᠪᠠᠢᠨ᠎ᠠ ᠯᠠᠢ ! 》 ᠭᠡᠵᠤ ᠭᠡᠯᠡᠭᠰᠡᠨ ᠬᠦᠮᠥᠰ ᠤ᠋ᠨ ᠡᠰᠡᠷᠬᠥ ᠬᠤᠶᠠᠷ ᠭᠠᠷ ᠳᠠᠭᠠᠨ ᠳᠠᠶᠠᠭ ᠳᠤᠯᠤᠭᠰᠠᠨ ᠬᠦᠯ ᠨᠢᠷᠤᠭᠤᠨ ᠤ᠋ ᠠᠷᠬᠠᠭ ᠳᠡᠢ ᠬᠤᠳᠠᠭᠠᠢ ᠡᠵᠢ᠄ 《ᠬᠦᠮᠥᠨ ᠭᠠᠷᠴᠤ ᠳᠠᠢᠯᠵᠤ ᠪᠠᠢᠬᠤ ᠳ᠋ᠤ᠌ ᠪᠢ ᠶᠠᠭᠠᠬᠢᠭᠠᠳ ᠭᠠᠷᠴᠤ ᠳᠡᠢᠯᠳᠡᠭ ᠦᠭᠡᠢ ᠶᠤᠮ ᠪᠤᠢ ⁈ ᠪᠤᠰᠤᠳ ᠬᠦᠮᠥᠨ ᠡᠴᠡ ᠶᠠᠭᠤ ᠨᠢ ᠳᠤᠳᠠᠭᠤ ᠪᠤᠯᠴᠢᠬᠠᠪᠠ ⁈ ᠶᠠᠭᠠᠬᠢᠯ᠎ᠠ ᠭᠡᠰᠡᠨ ᠴᠦ᠍ ᠤᠷᠳᠤᠰ ᠨᠤᠳᠤᠭ ᠤ᠋ᠨ ᠢ᠋ᠶ᠋ᠡᠨ ᠬᠠᠮᠤᠭ ᠤ᠋ᠨ ᠦᠨᠳᠥᠷ ᠤᠷᠬᠢᠯ ᠪᠤᠯᠬᠤ ᠤᠷᠠᠨ ᠳᠦᠰᠢ ᠶ᠋ᠢᠨ ᠠᠭᠤᠯᠠᠨ ᠳᠡᠭᠡᠷ᠎ᠡ ᠭᠠᠷᠴᠤ ᠦᠵᠠᠵᠤ ᠬᠠᠷᠠᠶ᠎ᠠ ᠭᠡᠰᠡᠨ ᠬᠦᠰᠡᠯ ᠢ᠋ᠶ᠋ᠠᠨ ᠵᠡᠪᠡᠯ ᠪᠡᠶᠡᠯᠡᠬᠥᠯᠥᠨᠡ !》 ᠭᠡᠰᠡᠨ ᠬᠠᠳᠠᠭᠤ ᠵᠤᠷᠢᠭ᠋ ᠤ᠋ᠨ ᠡᠷᠴᠢᠨ ᠳ᠋ᠤ᠌ ᠳᠡᠬᠥᠥ ᠪᠠᠷᠢ ᠪᠢᠳᠠ ᠭᠤᠷᠪᠠᠭᠤᠯᠠ ᠶ᠋ᠢᠨ ᠠᠶᠠᠨ ᠦᠷᠬᠥᠯᠵᠢᠯᠡᠵᠤ ᠪᠠᠢᠨ᠎ᠠ᠃ ᠡᠨᠡ ᠪᠤᠯ ᠳᠡᠭᠡᠳᠤᠰ ᠤ᠋ᠨ ᠮᠢᠨᠢ ᠬᠠᠳᠠᠨ ᠵᠤᠷᠢᠭ᠋ ᠤ᠋ᠨ ᠠᠮᠢᠳᠤ ᠭᠡᠷᠡᠴᠢ᠃
ᠠᠭᠤᠯᠠ ᠶ᠋ᠢᠨ ᠤᠷᠤᠢ ᠳ᠋ᠤ᠌ ᠭᠠᠷᠴᠤ ᠳᠡᠢᠯᠬᠥ ᠦᠭᠡᠢ ᠶᠤᠮ ᠪᠠᠢᠨ᠎ᠠ! ᠭᠡᠳ ᠵᠠᠮ ᠤ᠋ᠨ ᠳᠤᠮᠳᠠ ᠡᠴᠡ ᠪᠤᠴᠠᠮᠠᠷ ᠪᠠᠢᠭᠰᠠᠨ ᠬᠤᠶᠠᠷ ᠬᠤᠤᠰ ᠵᠠᠯᠠᠭᠤ ᠬᠤᠳᠠᠭᠠᠢ ᠡᠵᠢ ᠶ᠋ᠢᠨ ᠵᠤᠷᠢᠭ᠋ ᠲᠤ᠌ ᠡᠷᠴᠢᠯᠡᠭᠳᠡᠨ ᠵᠠᠯᠭᠠᠭᠠᠳ ᠠᠶᠠᠨ ᠢ᠋ᠶ᠋ᠠᠨ ᠦᠷᠬᠥᠯᠵᠢᠯᠡᠬᠥᠯᠥᠯᠡ ᠁ ᠳᠠᠢᠮᠤ ᠡ᠂ ᠳᠠᠳᠠᠨ ᠤ᠋ ᠠᠶᠠᠨ ᠦᠷᠬᠥᠯᠵᠢᠯᠡᠬᠥ ᠶᠤᠰᠤᠳᠠᠢ᠃ ᠨᠠᠩ ᠦᠨᠳᠥᠷ ᠲᠤ᠌ ᠭᠠᠷᠴᠤ᠂ ᠨᠠᠩ ᠢᠷᠠᠭᠤ ᠳᠡᠬᠥᠯᠳᠡᠷ ᠪᠦᠭᠡᠳ ᠡᠴᠢᠨ᠎ᠡ ᠳᠠᠯᠳᠠ ᠶ᠋ᠢᠨ ᠶᠢᠷᠳᠢᠨᠴᠤ ᠤᠷᠤᠭᠤ ᠳᠡᠬᠥᠯᠢᠨ ᠨᠢᠰᠬᠥ ᠶᠤᠰᠤᠳᠠᠢ !
ᠭᠤᠷᠪᠠᠨ ᠴᠠᠭ ᠤᠷᠴᠢᠮ ᠶᠠᠪᠤᠭᠠᠳ ᠪᠢᠳᠠ ᠤᠷᠠᠨ ᠳᠦᠰᠢ ᠠᠭᠤᠯᠠ ᠶ᠋ᠢᠨ ᠨᠤᠶᠠᠨ ᠣᠷᠬᠢᠯ ᠳ᠋ᠤ᠌ ᠭᠠᠷᠴᠤ ᠵᠤᠭᠰᠤᠯ᠎ᠠ᠃ ᠨᠤᠳᠤᠭ ᠤᠰᠤᠨ ᠤ᠋ ᠮᠢᠨᠢ ᠪᠦᠬᠥᠢᠯᠡ ᠦᠵᠡᠮᠵᠢ ᠬᠠᠷᠠᠭᠠᠨ᠎ᠠ ᠳᠤᠳᠤᠷᠠᠨ ᠰᠡᠳᠬᠢᠯ ᠭᠡᠮᠵᠢᠶᠠᠯᠠᠰᠢ ᠦᠭᠡᠢ ᠳᠤᠭᠳᠤᠯᠤᠨ ᠶᠠᠳᠠᠷᠠᠯ ᠵᠦᠳᠡᠷᠡᠯ ᠢ᠋ᠶ᠋ᠠᠨ ᠪᠦᠬᠥᠨ ᠢ᠋ ᠤᠮᠠᠷᠠᠳᠠᠯᠠ᠃
《ᠳᠦᠷᠥᠵᠤ ᠦᠰᠭᠡᠭᠰᠡᠨ ᠦᠯᠥᠭᠡᠢ ᠨᠤᠳᠤᠭ ᠮᠢᠨᠢ
ᠳᠡᠥᠭᠡ ᠳᠤᠮᠤᠭ ᠴᠢᠨᠢ ᠦᠷᠬᠥᠯᠵᠢᠯᠡᠭᠰᠡᠭᠡᠷ ᠪᠠᠢᠬᠤ ᠪᠤᠯᠤᠨ᠎ᠠ
ᠦᠷ᠎ᠡ ᠬᠤᠢᠴᠢᠰ ᠤ᠋ᠨ ᠴᠢᠨᠢ ᠢᠳᠡᠭᠡᠯ ᠵᠢᠳᠬᠥᠯ ᠤ᠋ᠨ ᠨᠠᠬᠢᠶᠠᠳ
ᠡᠩᠭᠡᠷ ᠪᠡᠯ ᠢ᠋ᠶ᠋ᠠᠷ ᠴᠢᠨᠢ ᠳᠦᠬᠥᠷᠡᠩ ᠳᠤᠶᠢᠯᠵᠠᠭᠰᠠᠭᠠᠷ ᠪᠠᠢᠬᠤ ᠪᠤᠯᠤᠨ᠎ᠠ》᠃
ᠬᠦᠰᠡᠯ ᠮᠦᠷᠥᠭᠡᠳᠥᠯ ᠤ᠋ᠨ ᠬᠦᠭᠵᠢᠯᠳᠡᠢ ᠡᠷᠪᠡᠭᠡᠢ ᠨᠤᠬᠥᠳ ᠰᠡᠳᠬᠢᠯ ᠤ᠋ᠨ ᠮᠢᠨᠢ ᠴᠤᠩᠬᠤ ᠪᠠᠷ ᠭᠠᠳᠠᠭ᠍ᠰᠢ ᠨᠢᠰᠥᠭᠰᠡᠭᠡᠷ᠂ ᠨᠢᠰᠥᠭᠰᠡᠭᠡᠷ᠃
《ᠤᠨ ᠴᠠᠭ ᠤ᠋ᠨ ᠰᠢᠷᠥᠬᠥᠨ ᠤᠷᠤᠰᠬᠠᠯ ᠳ᠋ᠤ᠌ ᠶᠠᠭᠠᠬᠢᠵᠤ ᠡᠯᠡᠭᠳᠡᠵᠤ ᠡᠮᠳᠡᠷᠡᠭᠰᠡᠨ ᠴᠦ᠍ ᠡᠨᠡ ᠨᠤᠳᠤᠭ ᠢ᠋ᠶ᠋ᠠᠨ ᠰᠠᠬᠢᠨ ᠬᠠᠮᠠᠭᠠᠯᠠᠬᠤ ᠨᠢ ᠮᠢᠨᠤ ᠳᠠᠷᠬᠠᠨ ᠡᠬᠥᠷᠭᠡ ᠰᠢᠦ !》 ᠭᠡᠵᠤ ᠭᠡᠨ ᠨᠢᠭᠡ ᠨᠢ ᠴᠢᠬᠢᠨ ᠳ᠋ᠤ᠌ ᠮᠢᠨᠢ ᠰᠢᠪᠡᠨᠡᠭᠡᠳ ᠠᠪᠤᠯ᠎ᠠ᠃ ᠤᠶᠤᠨ ᠰᠦᠨᠠᠰᠤ ᠮᠢᠨᠢ ᠤᠶᠠᠩᠭ᠎ᠠ ᠳᠠᠯᠠᠯᠤᠭᠰᠠᠨ ᠳᠤᠯᠤᠭᠠᠨ ᠨᠤᠲ ᠵᠢᠡᠨ ᠦᠰᠥᠷᠭᠡᠵᠤ ᠄
《ᠬᠠᠨᠠᠭᠠᠷ ᠳᠠᠯ᠎ᠠ ᠠᠭᠤᠯᠠ ᠤᠰᠤ ᠮᠢᠨᠢ
ᠬᠠᠨ ᠴᠦ᠍ ᠳᠡᠭᠷᠢ ᠡᠴᠡ ᠢᠪᠡᠭᠡᠯᠳᠠᠢ ᠳᠠ
ᠬᠠᠮᠤᠭ ᠪᠦᠬᠥᠳᠡ ᠶ᠋ᠢᠨ ᠮᠦᠩᠭᠡ ᠤᠷᠤᠰᠢᠬᠤ
ᠬᠠᠢᠷ᠎ᠠ ᠶ᠋ᠢᠨ ᠳᠤᠯᠠᠭᠠᠨ ᠦᠯᠥᠭᠡᠢ ᠶᠤᠮ !》 ᠭᠡᠵᠤ ᠳᠠᠭᠤᠯᠠᠬᠤ ᠳ᠋ᠤ᠌ ᠠᠭᠤᠯᠠᠰ ᠤ᠋ᠨ ᠤᠷᠤᠢ ᠳᠠᠮᠵᠢᠨ ᠠᠯᠤᠰ ᠤ᠋ᠨ ᠠᠯᠤᠰ ᠲᠤ᠌ ᠴᠤᠤᠷᠢᠶᠠᠳᠤᠯ᠎ᠠ᠃
ᠡᠨᠳᠡ ᠡᠴᠡ ᠨᠠᠷᠠ ᠳᠠᠩᠴᠤ ᠤᠢᠷᠠᠬᠠᠨ ᠬᠠᠷᠠᠭᠳᠠᠨ᠎ᠠ !