ᠨᠠᠷᠢᠨ ᠭᠤᠣᠯ ᠨᠠᠷᠠᠨᠤ ᠲᠤᠣᠷ᠎ᠠ
ᠨᠠᠷᠢᠬᠠᠨ ᠮᠦᠩᠭᠦᠨ ᠤᠳᠠᠰᠤ ᠪᠢᠯᠡ
ᠨᠠᠶᠠᠨ ᠨᠢᠭᠡᠨ ᠨᠤᠭᠤᠯᠤᠭ᠎ᠠ ᠨᠢ
ᠨᠠᠷᠠᠳᠤ ᠶ᠋ᠢᠨ ᠴᠤᠯᠬᠢᠨ ᠲᠠᠭᠤᠣ ᠪᠢᠯᠡ
ᠤᠨ ᠵᠢᠯ ᠢ᠋ ᠰᠦᠪᠡᠯᠡᠨ ᠰᠦᠪᠡᠯᠡᠭᠰᠡᠭᠡᠷ
ᠡᠭᠦᠳᠡᠨ ᠡᠮᠦᠨᠡᠭᠦᠷ ᠵᠢᠷᠢᠯᠵᠡᠨ ᠤᠷᠤᠰᠤᠨᠠᠮ
ᠨᠠᠷᠢᠨ ᠭᠤᠣᠯᠤᠨ ᠪᠤᠷᠭᠠᠰᠤ ᠨᠢ
ᠨᠠᠭᠠᠰᠢ ᠪᠠᠨ ᠴᠠᠭᠠᠰᠢ ᠪᠠᠨ ᠨᠠᠢᠭᠤᠨ᠎ᠠ
ᠪᠤᠷᠭᠠᠰᠤᠨᠤ ᠬᠢᠨᠢ ᠨᠢᠭᠡᠨ ᠪᠤᠯᠵᠤᠮᠤᠷ ᠳᠠ ᠪᠢ
ᠪᠤᠳᠤᠯ ᠢ᠋ᠶ᠋ᠠᠨ ᠲᠡᠯᠭᠡᠵᠦ ᠵᠢᠷᠭᠢᠮᠡᠷ ᠪᠤᠯᠬᠤ ᠶᠤᠮ
ᠠᠭᠠᠬᠢᠮ᠎ᠠ ᠨᠠᠷᠠ ᠲᠠᠢ ᠠᠶᠠᠭᠠᠨ ᠲᠤᠭᠤᠷᠢᠮ ᠳ᠋ᠥ
ᠡᠳᠦᠷᠵᠢᠨ ᠱᠤᠩᠪᠠᠭᠰᠠᠨ ᠴᠢᠯᠳᠡᠩ ᠨᠠᠰᠤ ᠮᠢᠨᠢ
ᠡᠷᠭᠢᠴᠡᠭᠦᠯᠦᠯ ᠱᠦᠭᠦᠵᠦ ᠴᠢᠨᠦᠬᠢ ᠪᠠᠨ ᠡᠷᠭᠢ ᠳ᠋ᠥ
ᠨᠠᠮᠤᠷᠤᠨ ᠦᠳᠡᠰᠢ ᠰᠦᠨᠢᠵᠢᠨ ᠰᠠᠭᠤᠮᠠᠷ
ᠨᠠᠷᠢᠨ ᠭᠤᠣᠯ ᠰᠠᠷᠠᠨᠤ ᠲᠤᠣᠷ᠎ᠠ
ᠰᠠᠯᠠᠭᠠᠯᠠᠵᠤ ᠤᠷᠤᠰᠳᠠᠭ ᠰᠤᠳᠠᠰᠤ ᠪᠢᠯᠡ
ᠰᠦᠨᠢ ᠶ᠋ᠢᠨ ᠶᠤᠩᠬᠤᠷ ᠢ᠋ ᠴᠢᠪᠬᠠᠳᠠᠭᠰᠠᠨ
ᠰᠠᠷᠠᠨ ᠲᠠᠬᠢᠨᠢ ᠶ᠋ᠢᠨ ᠶᠠᠳᠤᠭ᠎ᠠ ᠪᠢᠯᠡ
ᠨᠠᠢ᠍ᠮᠠᠨ ᠵᠦᠭᠤᠨ ᠠᠮᠢᠳᠠᠨᠤ ᠲᠠᠪᠠᠭ
ᠨᠡᠷ᠎ᠡ ᠪᠠᠨ ᠦᠯᠡᠳᠡᠭᠡᠭᠰᠡᠨ ᠤᠷᠤᠮ ᠲᠠᠢ
ᠤᠯᠤᠮ ᠢ᠋ᠶ᠋ᠠᠷ ᠰᠢᠷᠭᠤᠭᠰᠠᠨ ᠲᠠᠷᠢᠶᠠᠨ ᠵᠠᠮ
ᠭᠤᠪᠢ ᠦᠭᠡᠳᠡ ᠰᠤᠨᠵᠢᠭᠤ
ᠭᠤᠪᠢ ᠡᠴᠡ ᠨᠠᠭᠠᠰᠢᠯᠠᠬᠤ ᠰᠦᠷᠦᠭᠤᠨ ᠴᠤᠪᠤᠭ᠎ᠠ
ᠭᠤᠣᠯ ᠤᠷᠤᠭᠤ ᠤᠨᠵᠢᠭᠤ
ᠤᠰᠤᠨᠤ ᠬᠦᠪᠡᠭᠡᠨ ᠳ᠋ᠥ ᠨᠢᠭᠤᠷ ᠢ᠋ᠶ᠋ᠠᠨ ᠱᠠᠪᠰᠢᠬᠤ ᠳ᠋ᠥ
ᠡᠯᠢᠭᠡᠨ ᠬᠠᠢᠷ᠎ᠠ ᠤᠨᠳᠤᠷᠳᠠᠭ
ᠤᠯᠠᠷᠢᠯᠤᠨ ᠰᠠᠯᠬᠢ ᠤᠷᠤᠰᠬᠠᠯ ᠢ᠋ ᠨᠢ ᠢᠯᠪᠢᠬᠦ ᠳ᠋ᠥ
ᠠᠭᠤᠯᠠᠨ ᠭᠤᠷᠤᠬ᠎ᠠ ᠪᠠᠨ ᠲᠠᠯᠠᠢ ᠳ᠋ᠥ ᠵᠠᠯᠠᠭᠰᠠᠨ ᠶᠤᠮ
ᠠᠨᠠᠪᠠᠳ ᠲᠠᠯᠠᠢ ᠲᠡᠭᠡᠬᠦ ᠳ᠋ᠡᠬᠡᠨ
ᠨᠡᠯᠦᠭᠡᠷᠤᠨ ᠨᠡᠯᠦᠭᠡᠷ ᠢ᠋ ᠬᠠᠷᠠᠭᠤᠯᠤᠭᠰᠠᠨ
ᠲᠠᠩᠭᠢᠰ ᠭᠡᠳᠦᠯᠦᠭᠰᠡᠨ ᠴᠦ᠍ ᠴᠢᠮ᠎ᠠ ᠪᠠᠨ ᠪᠢ ᠰᠠᠨᠠᠳᠠᠭ
ᠲᠢᠪ ᠠᠯᠤᠰᠯᠠᠭᠰᠠᠨ ᠴᠦ᠍ ᠴᠢᠮ᠎ᠠ ᠪᠠᠨ ᠪᠢ ᠡᠷᠢᠳᠡᠭ ᠡ
ᠨᠠᠷᠢᠨ ᠭᠤᠣᠯ ᠰᠡᠳᠭᠢᠯᠤᠨ ᠦᠨᠳᠦᠷ ᠲᠣ᠌
ᠵᠦᠪ ᠭᠠᠷ ᠡᠴᠡ ᠬᠦᠳᠦᠯᠳᠡᠭ ᠡᠵᠢ ᠮᠢᠨᠢ ᠪᠠᠢᠨᠠᠮ
ᠨᠤᠳᠤᠭ ᠡᠵᠢ ᠬᠤᠶᠠᠷ ᠪᠠᠶᠠᠷ ᠭᠤᠨᠢᠭ᠋ ᠢ᠋ ᠬᠦᠪᠦᠷᠢᠳᠴᠤ
ᠵᠦᠳᠡᠭᠦᠷᠢ ᠲᠡᠭᠡᠭᠡᠭᠰᠡᠨ ᠠᠮᠢᠳᠤᠷᠠᠯ ᠳ᠋ᠥ
ᠠᠶᠠᠨᠤ ᠵᠢᠯᠤᠭᠤ ᠡᠷᠴᠢᠮᠯᠡᠭᠰᠡᠨ
ᠵᠢᠷᠤᠭ ᠲᠠᠢᠯᠪᠤᠷᠢ ᠳ᠋ᠥ ᠨᠡᠷ᠎ᠡ ᠦᠭᠡᠢ ᠴᠢ ᠮᠢᠨᠢ
ᠵᠢᠷᠦᠬᠡ ᠰᠡᠳᠭᠢᠯ ᠳ᠋ᠥ ᠰᠡᠢᠯᠦᠭᠡᠰᠦᠳᠡᠢ ᠴᠢ ᠮᠢᠨᠢ
ᠨᠠᠮᠵᠢᠭᠤᠨ ᠰᠤᠳᠠᠯ ᠰᠢᠭ᠋ ᠤᠷᠤᠰᠬᠠᠯ ᠴᠢᠨᠢ
ᠨᠠᠷᠢᠰᠤᠭᠰᠠᠭᠠᠷ ᠠᠪᠠᠴᠤ ᠲᠠᠰᠤᠷᠠᠰᠢ ᠦᠭᠡᠢ
ᠨᠠᠢ᠍ᠮᠠᠨ ᠵᠠᠭᠤᠨᠤ ᠲᠡᠷᠳᠡᠭᠡ ᠡᠴᠡ ᠰᠢᠨᠳᠠᠰᠤ ᠰᠤᠷᠢᠭ᠍ᠰᠠᠨ
ᠲᠡᠦᠭᠡ ᠶ᠋ᠢᠨ ᠭᠤᠣᠯ ᠮᠢᠨᠢ
ᠨᠠᠷᠠᠯᠢᠭ ᠪᠤᠷᠤᠯᠠᠭ ᠡᠳᠦᠷᠤ᠋ᠤᠨ ᠢ᠋ ᠡᠯᠢᠭᠡᠨ ᠳ᠋ᠡᠬᠡᠨ ᠰᠢᠩᠭᠡᠭᠡᠭᠰᠡᠨ
ᠠᠮᠢᠨ ᠭᠤᠣᠯ ᠮᠢᠨᠢ
ᠨᠠᠷᠢᠨ ᠭᠤᠣᠯ
ᠮᠦᠷᠡᠨ ᠲᠠᠩᠭᠢᠰᠤᠨ ᠨᠢᠭᠡᠨ ᠰᠠᠯᠠᠭ᠎ᠠ
ᠮᠢᠨᠦ ᠨᠤᠳᠤᠭᠤᠨ ᠵᠢᠷᠤᠨ ᠭᠤᠣᠯ ᠡ !