​ᠪᠤᠷᠤᠭ᠎ᠠ ᠱᠠᠭᠢᠵᠦ ᠪᠤᠳᠤᠯ ᠠᠷᠢᠭᠤᠰᠤᠨ᠎ᠠ
2026-08-19 11:06:54
ᠵᠣᠬᠢᠶᠠᠭ᠍ᠴᠢ᠄
ᠳᠠᠯᠠᠢ
ᠣᠩᠱᠢᠭ᠍ᠰᠠᠨ ᠣᠳᠠᠭ᠎ᠠ᠄
★★★☆☆

ᠪᠤᠷᠤᠭᠠᠨ ᠤᠷᠤᠬᠤ᠎ᠶᠢ ᠬᠦᠰᠡᠭᠰᠡᠭᠡᠷ

ᠪᠤᠳᠤᠯ᠎ᠤᠨ ᠵᠤᠨ ᠪᠤᠭᠤᠷᠤᠯᠲᠤᠨ᠎ᠠ


ᠮᠠᠯ ᠨᠤᠭᠤᠭ᠎ᠠ ᠦᠨᠦᠷᠯᠡᠵᠤ ᠴᠤᠪᠤᠯᠳᠤᠨ᠎ᠠ

ᠮᠠᠨ᠎ᠤ ᠨᠤᠲᠤᠭ ᠮᠠᠩᠬᠠᠨ ᠬᠡᠦᠷᠰᠢᠯ᠎ᠳᠦ ᠭᠠᠰᠠᠯᠣᠨ᠎ᠠ

ᠮᠠᠨᠠᠨ ᠳᠤᠮᠳᠠᠭᠤᠷ ᠪᠤᠷᠤᠭᠠᠨ᠎ᠤ ᠦᠨᠦᠷ ᠳᠠᠭᠠᠯᠴᠠᠨ

ᠮᠠᠷᠭᠠᠰᠢ᠎ᠶᠢᠨ ᠨᠠᠷᠠᠨ ᠡᠭᠦᠯᠡᠨ ᠳᠤᠮᠳᠠ᠎ᠪᠠᠨ ᠵᠡᠭᠦᠷᠮᠡᠭᠯᠡᠨ᠎ᠡ


ᠭᠠᠢᠬᠠᠮᠰᠢᠭ᠋᠎ᠢ ᠤᠷᠠᠯᠠᠭᠰᠠᠨ

ᠭᠠᠵᠠᠷ᠎ᠤᠨ ᠭᠠᠳᠠᠷᠭᠤ᠎ᠶᠢᠨ ᠦᠵᠡᠰᠭᠦᠯᠡᠩ

ᠦᠨᠳᠦᠰᠦ᠎ᠪᠡᠨ ᠭᠡᠭᠡ ᠬᠠᠳᠬᠤᠵᠤ

ᠦᠷ᠎ᠦᠨ ᠴᠢᠬᠢᠭ᠎ᠢᠶᠡᠷ ᠡᠪᠡᠰᠦᠨ᠎ᠦ ᠦᠵᠦᠭᠦᠷ

ᠮᠠᠯ᠎ᠤᠨ ᠬᠠᠮᠠᠷ ᠶᠦᠷᠭᠡᠭᠡᠨ ᠹᠦ᠎ᠶᠢᠨ ᠨᠤᠭᠤᠭ᠎ᠠ

ᠵᠤ ᠎ᠶᠢᠨ ᠡᠩᠭᠡᠷ᠎ᠢᠶᠡᠷ ᠬᠦᠷᠦᠰᠦ ᠰᠢᠪᠦᠭᠡᠯᠡᠨ᠎ᠡ


ᠪᠤᠷᠤᠭᠠᠨ᠎ᠤ ᠳᠤᠰᠤᠯ ᠭᠢᠯᠪᠠᠵᠤ

ᠪᠤᠳᠤᠯ᠎ᠤᠨ ᠴᠠᠩᠭᠠᠭ᠎ᠠ ᠲᠠᠢᠯᠤᠨ᠎ᠠ


ᠡᠬᠡ ᠪᠠᠢᠭᠠᠯᠢ᠎ᠶᠢᠨ ᠡᠭᠡᠰᠢᠭᠲᠦ ᠵᠤᠨ᠎ᠤ ᠴᠡᠩᠭᠡᠷ ᠪᠠᠩᠵᠠᠯ

ᠡᠮᠦᠰᠭᠡᠯ ᠵᠤᠬᠢᠯᠳᠤᠨ᠎ᠠ

ᠡᠴᠢᠨ᠎ᠡ᠎ᠶᠢᠨ ᠴᠠᠭᠠᠨ᠎ᠠ ᠬᠦᠩᠭᠡᠨ ᠭᠤᠨᠢᠭ᠋ ᠠᠰᠬᠠᠷᠠᠵᠤ

ᠬᠦᠳᠡᠭᠡ ᠬᠡᠭᠡᠷ᠎ᠡ᠎ᠶᠢᠨ ᠭᠠᠢᠬᠠᠮᠰᠢᠭ᠋᠎ᠢ ᠪᠦᠲᠦᠭᠡᠨ᠎ᠡ

ᠦᠩᠭᠡ ᠰᠢᠮᠡᠯᠢᠭ ᠡᠪᠡᠰᠦ ᠮᠤᠳᠤᠳ ᠦᠵᠦᠭᠦᠷ᠎ᠡᠴᠡ᠎ᠪᠡᠨ ᠨᠤᠭᠤᠭᠠᠷᠠᠵᠤ

ᠴᠡᠴᠡᠭ ᠡᠪᠡᠰᠦ ᠲᠠᠯ᠎ᠠ ᠵᠤ ᠎ᠪᠠᠷ ᠨᠠᠯᠠᠢᠯᠴᠠᠨ᠎ᠠ

ᠴᠡᠮᠴᠡᠭᠡᠷ ᠡᠷᠪᠡᠬᠡᠢ ᠦᠩᠭᠡ ᠦᠨᠦᠷ ᠲᠦ᠍ᠨᠢ ᠬᠤᠷᠭᠤᠳᠠᠨ᠎ᠠ

ᠴᠠᠭ ᠬᠤᠭᠤᠴᠠᠭ᠎ᠠ ᠪᠤᠢᠯᠠᠵᠤ ᠨᠢᠭᠡᠨ ᠵᠤᠨ᠎ᠢ ᠨᠢᠴᠦᠭᠦᠯᠡᠵᠦ ᠪᠠᠢᠭᠰᠠᠨ᠎ᠢᠶᠠᠨ

ᠴᠠᠭᠯᠠᠰᠢ ᠦᠭᠡᠢ᠎ᠶᠢᠨ ᠬᠢᠵᠠᠭᠠᠷ ᠦᠩᠭᠡ ᠦᠨᠦᠷ᠎ᠢᠶᠡᠨ  ᠵᠠᠳᠠᠯᠤᠨ

ᠴᠠᠭᠠᠨ ᠮᠠᠩᠬ᠎ᠠ ᠨᠤᠮᠢᠷᠠᠨ

ᠪᠤᠷᠭᠠᠰᠤ ᠰᠤᠨᠳᠤᠤᠯᠠ ᠭᠤᠤ ᠰᠤᠵᠠᠭ᠎ᠢᠶᠠᠷ ᠨᠢ ᠪᠦᠷᠬᠦᠨ᠎ᠡ

ᠴᠠᠭᠠᠳᠤᠬᠢ ᠤᠷᠴᠢᠯᠠᠩ ᠡᠭᠦᠯᠡ ᠪᠤᠷᠤᠭ᠎ᠠ ᠰᠦᠯᠡᠯᠳᠦᠨ

ᠠᠪᠤ᠎ᠶᠢᠨ ᠨᠤᠲᠤᠭ ᠵᠤᠨ᠎ᠤ ᠭᠤᠢᠲᠠ᠎ᠶᠢ ᠡᠰᠭᠡᠨ᠎ᠡ


ᠪᠤᠷᠤᠭ᠎ᠠ ᠱᠠᠭᠢᠵᠦ ᠪᠤᠳᠤᠯ ᠠᠷᠢᠭᠤᠰᠤᠨ᠎ᠠ

ᠪᠤᠮᠲᠤ᠎ᠶᠢᠨ ᠲᠠᠯ᠎ᠠ ᠨᠤᠭᠤᠭ᠎ᠠ ᠬᠦᠯᠪᠡᠷᠢᠵᠦ ᠨᠤᠮᠢᠨ ᠳᠠᠪᠠᠯᠭᠠᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号