ᠪᠤᠷᠤᠭ᠎ᠠ ᠤᠷᠤᠭᠠᠰᠠᠢ
2026-08-19 10:56:35
ᠵᠣᠬᠢᠶᠠᠭ᠍ᠴᠢ᠄
ᠲᠠᠷᠬᠠᠳ ᠤ᠋ᠨ ᠭ᠌·ᠬᠠᠰᠠᠤᠶᠠᠩᠭ᠎ᠠ
ᠣᠩᠱᠢᠭ᠍ᠰᠠᠨ ᠣᠳᠠᠭ᠎ᠠ᠄
★★★☆☆

ᠦᠷᠬᠡᠨ ᠤᠷᠴᠢᠯᠠᠩ ᠤ᠋ᠨ ᠬᠦᠨᠵᠡᠬᠡᠢ ᠶ᠋ᠢ ᠭᠠᠢᠬᠠᠭᠤᠯᠵᠤ ᠪᠤᠷᠤᠭ᠎ᠠ ᠤᠷᠤᠭᠠᠰᠠᠢ

ᠦᠬᠡ ᠬᠦᠷᠲᠡᠯ᠎ᠡ ᠬᠦᠭᠵᠢᠮ ᠲᠠᠢ ᠪᠠᠢᠲᠠᠭ ᠢ᠋ ᠮᠡᠲᠡᠷᠡᠬᠦᠯᠵᠤ ᠪᠤᠷᠤᠭ᠎ᠠ ᠤᠷᠤᠭᠠᠰᠠᠢ

ᠦᠨᠢ ᠬᠤᠯᠠ ᠵᠢᠨ ᠮᠦᠷᠦᠬᠡᠳᠦᠯ ᠮᠢᠨᠢ ᠭᠱᠠᠨ ᠪᠦᠷᠢ ᠪᠡᠶᠡᠯᠡᠵᠤ ᠪᠤᠷᠤᠭ᠎ᠠ ᠤᠷᠤᠭᠠᠰᠠᠢ

ᠦᠨᠲᠦᠷ ᠬᠦᠬᠡ ᠲᠡᠭᠷᠢ ᠵᠢᠨ ᠡᠵᠡᠳ ᠬᠦᠬᠢᠨ ᠪᠦᠵᠢᠲᠡᠯ᠎ᠡ ᠪᠤᠷᠤᠭ᠎ᠠ ᠤᠷᠤᠭᠠᠰᠠᠢ


ᠤᠨᠠᠭᠠᠨ ᠪᠠᠭ᠎ᠠ ᠨᠠᠰᠤᠨ ᠤ᠋ ᠤᠰᠤᠨ ᠪᠤᠷᠤᠭ᠎ᠠ ᠶ᠋ᠢ ᠰᠠᠨᠠᠭᠠᠨ ᠳ᠋ᠤ᠌ ᠤᠷᠤᠭᠤᠯᠵᠤ ᠤᠷᠤᠭᠠᠰᠠᠢ

ᠤᠰᠤᠨ ᠵᠢᠷᠤᠭ᠎ᠠ ᠬᠦᠯᠦᠭ ᠤ᠋ᠨ ᠡᠷᠲᠡᠨᠢᠲᠦ ᠲᠦᠷᠪᠡᠨ ᠲᠤᠭᠤᠷᠠᠢ ᠶ᠋ᠢ ᠬᠢᠯᠠᠰᠣᠭᠤᠯᠵᠤ ᠤᠷᠤᠭᠠᠰᠠᠢ

ᠤᠲᠤᠷ ᠤ᠋ᠨ ᠠᠢᠯ ᠬᠦᠨᠲᠡᠢ ᠲᠦᠬᠦᠷᠡᠩ ᠨᠡᠬᠦᠬᠡᠯᠲᠤᠨ ᠢᠷᠡᠲᠡᠯ᠎ᠡ ᠤᠷᠤᠭᠠᠰᠠᠢ

ᠤᠷᠵᠢᠨᠤᠨ ᠵᠢᠯ ᠤ᠋ᠨ ᠰᠢᠭ᠋ ᠰᠠᠭᠠᠯᠢ ᠰᠦ ᠪᠢᠯᠬᠠᠷᠠᠲᠠᠯ᠎ᠠ ᠤᠷᠤᠭᠠᠰᠠᠢ


ᠬᠠᠯᠢᠭᠤᠨ ᠲᠠᠯ᠎ᠠ ᠵᠢᠨ ᠪᠤᠭᠤ ᠰᠤᠭᠤ ᠠᠮᠢᠯᠠᠨ ᠢᠷᠡᠲᠡᠯ᠎ᠡ ᠪᠤᠷᠤᠭ᠎ᠠ ᠤᠷᠤᠭᠠᠰᠠᠢ

ᠬᠤᠯᠠ ᠵᠢᠨ ᠰᠠᠭᠠᠬᠠᠯᠲᠠ ᠮᠢᠨᠢ ᠬᠡᠷ ᠤ᠋ᠨ ᠲᠡᠷᠭᠡᠲᠡ ᠢᠷᠡᠵᠦ ᠪᠠᠭᠤᠳᠠᠯ᠎ᠠ ᠪᠤᠷᠤᠭ᠎ᠠ ᠤᠷᠤᠭᠠᠰᠠᠢ

ᠬᠠᠷᠢᠶᠠᠴᠠᠢ ᠵᠢᠨ ᠬᠦᠬᠡ ᠰᠢᠯᠢ ᠮᠢᠨᠢ ᠴᠡᠯᠡᠯᠵᠡᠨ ᠲᠤᠨᠠᠢᠲᠠᠯ᠎ᠠ ᠪᠤᠷᠤᠭ᠎ᠠ ᠤᠷᠤᠭᠠᠰᠠᠢ

ᠬᠠᠨᠢ ᠵᠢᠨ ᠮᠢᠨᠢ ᠬᠠᠲᠠᠭᠤ ᠦᠬᠡ ᠰᠡᠳᠬᠢᠯ ᠢ᠋ ᠵᠦᠬᠡᠯᠡᠯᠡᠨ ᠤᠶᠠᠰᠬᠠᠲᠠᠯ᠎ᠠ ᠪᠤᠷᠤᠭ᠎ᠠ ᠤᠷᠤᠭᠠᠰᠠᠢ


ᠠᠰᠤᠷᠢ ᠲᠡᠭᠷᠢ ᠵᠢᠨ ᠮᠦᠩᠬᠦᠨ ᠬᠤᠷ᠎ᠠ ᠨᠤᠲᠤᠭ ᠪᠤᠯᠭᠠᠨ ᠳ᠋ᠤ᠌ ᠰᠠᠨᠠᠭ᠎ᠠ ᠪᠡᠷ ᠤᠷᠤᠭᠠᠰᠠᠢ

ᠠᠯᠮᠠᠰ ᠡᠷᠲᠡᠨᠢ ᠵᠢᠨ ᠬᠡᠰᠢᠭ ᠰᠤᠶᠤᠷᠬᠠᠵᠤ ᠠᠯᠠᠭ ᠦᠭᠡᠢ ᠭᠤᠨᠲᠠᠭᠤᠨ ᠤᠷᠤᠭᠠᠰᠠᠢ

ᠠᠭᠠᠲᠠᠷ ᠤ᠋ᠨ ᠰᠢᠷᠤᠬᠦᠨ ᠢ᠋ ᠠᠮᠰᠠᠵᠤ ᠵᠤᠨ ᠤᠯᠠᠨ ᠮᠢᠨᠢ ᠪᠠᠶᠠᠷᠯᠠᠭᠠᠰᠠᠢ

ᠠᠰᠬᠠᠷᠠᠭᠰᠠᠨ ᠭᠤᠸ᠎ᠠ ᠲᠤᠤᠯᠢᠶᠠᠨ ᠢ᠋ ᠨᠢ ᠴᠢᠩᠨᠡᠵᠤ ᠡᠵᠢ ᠮᠢᠨᠢ ᠬᠡᠨᠡᠳᠲᠡ ᠢᠷᠡᠬᠦ ᠪᠤᠯᠤᠭᠠᠰᠠᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号