ᠬᠡᠨ ᠢ᠋ ᠰᠠᠨᠠᠭᠰᠠᠨ ᠰᠡᠳᠭᠢᠯ
ᠬᠡᠭᠡᠷ᠎ᠡ ᠵᠢᠨ ᠰᠠᠯᠬᠢ ᠰᠢᠭ᠋ ᠳᠡᠷᠪᠡᠨ᠎ᠡ ᠪᠤᠢ
ᠶᠠᠭᠠᠬᠢᠭ᠍ᠰᠠᠨ ᠬᠣᠯᠠ ᠶ᠋ᠢᠨ ᠠᠮᠠᠷᠠᠭ ᠪᠤᠢ
ᠰᠠᠯᠬᠢ ᠵᠢ ᠮᠣᠷᠢ ᠪᠣᠯᠲᠠᠯ᠎ᠠ ᠬᠦᠯᠢᠶᠡᠯ᠎ᠡ
ᠬᠡᠨ ᠲᠠᠢ ᠠᠭᠣᠯᠵᠠᠨᠠ ᠭᠡᠵᠦ
ᠠᠩᠬᠠᠨ ᠤ᠋ ᠪᠣᠷᠣᠭᠠᠨ ᠰᠢᠭ᠋ ᠨᠠᠮᠢᠷᠠᠨ᠎ᠠ ᠪᠤᠢ
ᠶᠠᠭᠠᠬᠢᠭ᠍ᠰᠠᠨ ᠠᠯᠣᠰ ᠤ᠋ᠨ ᠰᠠᠳᠣᠨ ᠪᠤᠢ
ᠪᠣᠷᠣᠭᠠᠨ ᠢ᠋ ᠴᠡᠴᠡᠭ ᠪᠣᠯᠲᠠᠯ᠎ᠠ ᠬᠦᠯᠢᠶᠡᠯ᠎ᠡ
ᠬᠡᠨ ᠢ᠋ ᠮᠦᠷᠦᠭᠡᠳᠦᠨ᠎ᠡ ᠭᠡᠵᠦ
ᠲᠣᠩᠭᠠᠯᠠᠭ ᠭᠣᠣᠯ ᠰᠢᠭ᠋ ᠨᠢᠭᠡᠨ ᠵᠦᠭ ᠤᠷᠤᠰᠤᠨ᠎ᠠ ᠪᠤᠢ
ᠶᠠᠭᠠᠬᠢᠭ᠍ᠰᠠᠨ ᠬᠦᠭᠡᠷᠦᠬᠦᠢ ᠵᠢᠷᠦᠬᠡ ᠪᠤᠢ
ᠭᠣᠣᠯ ᠢ᠋ ᠳᠠᠭᠣᠣ ᠪᠣᠯᠲᠠᠯ᠎ᠠ ᠬᠦᠯᠢᠶᠡᠯ᠎ᠡ
ᠬᠡᠨ ᠢ᠋ ᠵᠡᠭᠦᠳᠦᠯᠡᠭᠰᠡᠨ ᠵᠡᠭᠦᠳᠦ
ᠬᠢᠵᠠᠭᠠᠷ ᠦᠭᠡᠢ ᠬᠣᠯᠠ ᠳ᠋ᠦ᠍ ᠬᠡᠰᠦᠨᠡ ᠪᠤᠢ
ᠶᠠᠭᠠᠬᠢᠭ᠍ᠰᠠᠨ ᠬᠡᠴᠡᠭᠦᠦ ᠳᠡᠩᠰᠡᠯᠦᠯ ᠪᠤᠢ
ᠵᠡᠭᠦᠳᠦ ᠶ᠋ᠢ ᠵᠠᠬᠢᠳᠠᠯ ᠪᠣᠯᠲᠠᠯ᠎ᠠ ᠬᠦᠯᠢᠶᠡᠯ᠎ᠡ