ᠬᠠᠬᠢᠷᠢ ᠳᠣᠭᠣᠯᠬᠣ᠌ᠳᠤ
ᠵᠢᠷᠥᠬᠡ ᠣᠶᠠᠰᠬᠣ᠌ ᠵᠢ ᠬᠠᠪᠣᠷ ᠭᠡᠨᠡ
ᠬᠠᠢᠯᠤᠨ ᠳᠡᠨᠵᠢᠨ ᠳ᠋ᠣ᠌
ᠡᠪᠡᠰᠥ ᠠᠮᠢᠵᠢᠷᠠᠬᠣ᠌ ᠵᠢ ᠵᠣᠨ ᠭᠡᠨᠡ
ᠴᠡᠴᠡᠭᠦᠨ ᠰᠠᠨᠠᠭᠠᠨ ᠳ᠋ᠣ᠌
ᠬᠠᠢᠷᠠ ᠰᠠᠭᠣᠭᠰᠠᠨ ᠢ᠋ ᠨᠠᠮᠣᠷ ᠭᠡᠨᠡ
ᠠᠶᠠᠨᠤ ᠡᠨᠡᠳᠡᠭᠡ
ᠬᠠᠰᠠᠭ ᠠᠮᠠᠷᠠᠬᠣ᠌ ᠵᠢ ᠡᠪᠥᠯ ᠭᠡᠨᠡ
ᠨᠡᠭᠥᠳᠡᠯᠦᠨ ᠵᠢᠮᠡ ᠳᠡᠭᠡᠷᠡ
ᠰᠢᠪᠠᠭᠣᠳ ᠵᠡᠯᠡᠯᠡᠬᠥ ᠵᠢ ᠣᠯᠠᠷᠢᠯ ᠭᠡᠨᠡ
ᠬᠥᠮᠥᠨᠦ ᠵᠢᠷᠥᠬᠡᠨ ᠳ᠋ᠣ᠌
ᠬᠥᠮᠥᠨ ᠨᠢ ᠡᠷᠢᠭᠳᠡᠬᠥ ᠵᠢ ᠳᠣᠷᠠᠰᠣᠮᠵᠢ ᠭᠡᠨᠡ
ᠠᠯᠠᠭᠠᠨ ᠬᠣᠩᠬᠣᠷ ᠲᠣ᠌
ᠬᠠᠢᠷᠠ ᠵᠢᠷᠣᠬᠣ᠌ ᠵᠢ ᠠᠮᠢᠳᠣᠷᠠᠯ ᠭᠡᠨᠡ