ᠡᠵᠢ᠎ᠶ᠋ᠢᠨ ᠬᠠᠪᠤᠷ
2026-07-15 11:57:45
ᠵᠣᠬᠢᠶᠠᠭ᠍ᠴᠢ᠄
ᠰᠡᠴᠡᠨᠳᠦ᠋ᠭᠦᠷᠡᠩ
ᠣᠩᠱᠢᠭ᠍ᠰᠠᠨ ᠣᠳᠠᠭ᠎ᠠ᠄
★★★☆☆

ᠮᠢᠨᠦ᠍ ᠡᠵᠢ ᠲᠠᠤᠯᠠᠢ ᠵᠢᠯ᠎ᠲᠠᠢ᠃

ᠴᠠᠭᠠᠨ ᠪᠠᠷᠰ ᠵᠢᠯ ᠎ᠤᠨ ᠬᠠᠪᠣᠷ ᠡᠵᠢ ᠮᠢᠨᠢ ᠰᠠᠨᠠᠵᠤ ᠬᠠᠢᠷᠠᠯᠠᠭ᠍ᠰᠠᠨ ᠡᠨᠡ ᠬᠤᠷᠸ᠎ᠠ᠎ᠠᠴᠠ᠎ᠪᠠᠨ ᠰᠠᠯᠵᠤ ᠶᠠᠳᠠᠨ ᠬᠤᠷᠭᠤᠳᠠᠭ᠍ᠰᠠᠭᠠᠷ ᠶᠢᠷᠲᠢᠨᠴᠦ᠍᠎ᠶ᠋ᠢᠨ ᠤᠯᠠᠭᠠᠨ ᠲᠣᠭᠤᠰᠣᠨ ᠡᠴᠠ ᠠᠶᠠᠷᠯᠠᠭ᠍ᠰᠠᠨ ᠪᠢᠯᠡ᠃ ᠲᠡᠷᠡ ᠡᠳᠦᠷ᠂ ᠮᠠᠨ᠎ᠤ ᠲᠡᠷᠡ ᠬᠦ᠌ ᠵᠢᠵᠢᠭ ᠮᠠᠩᠬᠠᠨ ᠠᠢᠯ᠎ᠳᠤ ᠲᠤᠩ ᠴᠠᠭᠠᠨ ᠴᠠᠰᠤᠨ ᠯᠠᠪᠰᠠ ᠨᠢᠳᠤ ᠨᠡᠭᠡᠭᠡᠮ᠎ᠡ ᠦᠭᠡᠢ ᠬᠠᠶᠠᠯᠠᠵᠤ᠂ ᠵᠠᠷᠢᠮ᠎ᠳᠠᠭᠠᠨ ᠴᠥᠮ ᠴᠠᠰᠤᠨ ᠳᠡᠪᠢᠰᠭᠡᠷ ᠴᠦ᠍ ᠬᠡᠮᠡᠷ ᠠᠭᠤᠯᠠ᠂ ᠲᠠᠯ᠎ᠠ᠂ ᠮᠣᠳᠣ᠂ ᠬᠥᠮᠦᠨ ᠠᠮᠢᠲᠠᠨ᠂ ᠶᠠᠭᠤ ᠪᠦᠬᠦᠨ᠎ᠤ ᠳᠡᠭᠡᠷ᠎ᠡ ᠴᠢᠮᠡᠭᠡ ᠦᠭᠡᠢᠬᠡᠨ ᠪᠠᠭᠤᠵᠤ ᠯᠠ ᠪᠠᠢᠯ᠎ᠠ᠃ ᠡᠢᠮᠦ᠍ ᠶᠡᠭᠡ ᠴᠠᠰᠤ ᠮᠠᠨ᠎ᠤ ᠠᠢᠯ᠎ᠳᠤ ᠤᠷᠤᠭ᠎ᠠ ᠦᠭᠡᠢ ᠲᠤᠩ ᠣᠯᠠᠨ ᠵᠢᠯ ᠪᠣᠯᠵᠤ ᠪᠠᠢᠨ᠎ᠠ ᠭᠡᠳᠡᠭ᠃ ᠠᠢᠯ᠎ᠤᠨ ᠲᠣᠮᠣᠴᠤᠤᠯ᠎ᠤᠨ ᠬᠡᠯᠡᠬᠦ᠌᠎ᠪᠠᠷ᠂ ᠮᠢᠨᠦ᠍ ᠡᠵᠢ ᠵᠢᠯ᠎ᠢᠶᠠᠨ ᠤᠭ᠍ᠲᠤᠭᠠᠳ ᠨᠤᠲᠤᠭ ᠠᠷᠠᠳ᠎ᠠᠴᠠ᠎ᠪᠠᠨ ᠰᠠᠯᠵᠤ ᠶᠠᠳᠠᠨ ᠮᠥᠷ᠎ᠢᠶᠠᠨ ᠪᠠᠯᠠᠯᠤᠭᠠᠳ ᠶᠠᠪᠤᠯ᠎ᠠ ᠭᠡᠨ᠎ᠡ᠃ ᠪᠣᠶᠠᠨ ᠢᠷᠦᠭᠡᠯ᠎ᠤᠨ ᠤᠯᠠ ᠮᠥᠷ᠎ᠢᠶᠠᠨ ᠨᠤᠲᠤᠭ ᠤᠰᠤᠨ᠎ᠳᠠᠭᠠᠨ᠂ ᠬᠥᠮᠦᠨ ᠠᠷᠠᠳ᠎ᠲᠠᠭᠠᠨ᠂ ᠠᠮᠢᠳᠤᠷᠠᠯ ᠬᠠᠢᠷ᠎ᠠ᠎ᠶ᠋ᠢᠨ ᠬᠠᠷᠭᠤᠶ ᠪᠦᠬᠦᠨ᠎ᠳᠡᠭᠡᠨ ᠦᠯᠡᠳᠡᠭᠡᠨ ᠬᠤᠴᠣᠷᠭᠠᠵᠦ᠍ ᠶᠠᠪᠤᠯ᠎ᠠ ᠭᠡᠳᠡᠭ᠎ᠢ ᠶᠡᠭᠡ ᠲᠩᠷᠢ ᠴᠦ᠍ ᠭᠡᠷᠡᠴᠢᠯᠡᠵᠦ᠍ ᠪᠠᠢᠨᠠᠮ!

ᠪᠣᠷᠬᠠᠨ ᠰᠡᠳᠭᠢᠯᠲᠦ ᠡᠵᠢ ᠮᠢᠨᠢ ᠠᠮᠣᠷᠯᠢᠩᠭᠤᠢ ᠨᠣᠢᠷᠰᠤᠬᠤ ᠪᠣᠯᠲᠤᠭᠠᠶ!

ᠨᠢᠭᠡ

1950 ᠣᠨ᠎ᠤ 5 ᠰᠠᠷ᠎ᠠ᠎ᠶ᠋ᠢᠨ25᠎ᠤ᠋ ᠡᠳᠦᠷ᠃ ᠪᠠᠭ᠎ᠠ ᠰᠤᠷᠭᠠᠭᠤᠯᠢ᠎ᠶ᠋ᠢᠨ ᠲᠠᠪᠤᠳᠤᠭᠠᠷ ᠣᠨ᠎ᠤ 《6.1》 ᠎ᠤ᠋ ᠬᠡᠦᠬᠡᠳ᠎ᠤᠨ ᠪᠠᠶᠠᠷ᠎ᠤᠨ ᠡᠳᠦᠷ ᠪᠣᠯᠬᠤ᠎ᠠᠴᠠ ᠡᠮᠦᠨᠡᠭᠡᠨ ᠪᠢ ᠡᠵᠢ ᠡᠴᠡ ᠪᠠᠨ ᠱᠢᠨ᠎ᠡ ᠥᠮᠥᠳᠥ ᠠᠪᠬᠤ ᠭᠡᠳ ᠬᠡᠳᠦᠨ ᠡᠳᠦᠷ ᠵᠢᠭᠤᠷᠨᠬᠤ᠎ᠳᠤᠨᠢ ᠡᠵᠢ ᠮᠢᠨᠢ ᠡᠳᠦᠷ᠎ᠤᠨ ᠠᠵᠢᠯ᠎ᠢᠶᠠᠨ ᠳᠠᠭᠤᠰᠭᠠᠭᠠᠳ ᠭᠤᠤᠯ᠎ᠨᠢ ᠱᠢᠷᠭᠢᠭ᠌ᠰᠡᠨ ᠲᠣᠰᠤᠨ ᠳ᠋ᠧᠩ᠎ᠤᠨ ᠳᠣᠣᠷ᠎ᠠ ᠮᠠᠨ᠎ᠤ ᠭᠡᠷ᠎ᠲᠤ ᠬᠠᠮᠤᠭ᠎ᠠᠴᠠ ᠢᠯᠡ ᠬᠠᠷᠠᠭ᠍ᠳᠠᠬᠤ ᠪᠣᠰᠤᠭ᠎ᠠ ᠪᠦᠳᠦᠴᠡᠲᠦ ᠣᠶᠣᠳᠠᠯ᠎ᠤᠨ ᠮᠠᠱᠢᠨ᠎ᠢᠶᠠᠷ ᠨᠠᠳᠠ᠎ᠳᠤ ᠱᠢᠨ᠎ᠡ ᠥᠮᠥᠳᠥ ᠣᠶᠣᠵᠦ᠍ ᠡᠬᠢᠯᠡᠯ᠎ᠡ᠃ ᠲᠣᠰᠣᠨ ᠳ᠋ᠧᠩ᠎ᠤᠨ ᠰᠦᠮᠡᠯᠵᠡᠭ᠌ᠰᠡᠨ ᠭᠡᠷᠡᠯ ᠬᠠᠷᠠᠭ᠎ᠠ᠎ᠶ᠋ᠢ᠎ᠨᠢ ᠬᠠᠯᠬᠠᠯᠠᠭ᠍ᠰᠠᠨ᠎ᠠᠴᠠ ᠪᠣᠯᠪᠠᠤ? ᠡᠰᠡᠬᠦᠯ᠎ᠡ ᠬᠦᠦ᠍᠎ᠳᠡᠭᠡᠨ ᠡᠷᠲᠡᠬᠡᠨ ᠣᠶᠣᠵᠤ ᠡᠮᠦᠰᠭᠡᠶ᠎ᠡ ᠬᠡᠮᠡᠨ ᠰᠠᠨᠳᠤᠷᠤᠭ᠍ᠰᠠᠨ᠎ᠠᠴᠠ ᠪᠣᠯᠪᠠᠤ? ᠭᠡᠨᠡᠳᠲᠡ ᠣᠶᠣᠳᠠᠯ ᠎ᠤᠨ ᠮᠠᠱᠢᠨ᠎ᠤ 《ᠲᠦᠰ》 ᠭᠡᠬᠦ᠌ ᠳᠠᠭᠤᠨ᠎ᠤ ᠬᠠᠮᠲᠤ ᠡᠵᠢ᠎ᠶ᠋ᠢᠨ ᠮᠢᠨᠢ 《ᠠᠶ᠎ᠠ》 ᠭᠡᠬᠦ᠌ ᠳᠠᠭᠤᠨ ᠬᠠᠨᠵᠤᠨ ᠳᠡᠭᠡᠷ᠎ᠡ ᠳᠠᠰᠭᠠᠯ ᠬᠢᠵᠦ᠍ ᠪᠠᠢᠭ᠍ᠰᠠᠨ ᠮᠢᠨᠦ᠍ ᠪᠦᠬᠦ᠌ ᠠᠩᠬᠠᠷᠣᠯ᠎ᠢ ᠡᠵᠢ᠎ᠶ᠋ᠢᠨ ᠪᠡᠶ᠎ᠡ ᠳᠡᠭᠡᠷ᠎ᠡ ᠱᠢᠯᠵᠢᠭᠦᠯᠬᠦ᠌᠎ᠳᠤ᠂ ᠡᠵᠢ ᠮᠢᠨᠢ ᠪᠠᠷᠠᠭᠤᠨ ᠭᠠᠷ᠎ᠢᠶᠠᠷ᠎ᠢᠶᠠᠨ ᠵᠡᠭᠦᠨ ᠭᠠᠷ᠎ᠤᠨ᠎ᠢᠶᠠᠨ ᠲᠤᠯᠣᠪᠣᠷ ᠬᠤᠷᠤᠭᠤ᠎ᠪᠠᠨ ᠠᠳᠭᠤᠨ ᠪᠣᠰᠴᠤ᠌ ᠵᠣᠭ᠍ᠰᠣᠬᠤ ᠬᠠᠷᠠᠭ᠍ᠲᠠᠯ᠎ᠠ᠃

ᠴᠢᠰᠤ᠂ ᠭᠠᠯ ᠤᠯᠠᠭᠠᠨ ᠴᠢᠰᠤ!

ᠪᠢ ᠬᠠᠨᠵᠤᠨ᠎ᠠᠴᠠ᠎ᠪᠠᠨ ᠬᠤᠷᠳᠤᠨ ᠭᠤᠯᠭᠤᠨ ᠪᠠᠭᠤᠵᠤ ᠣᠴᠢᠭᠠᠳ ᠰᠠᠶᠢ ᠡᠵᠢ᠎ᠶ᠋ᠢᠨ ᠮᠢᠨᠢ ᠵᠡᠭᠦᠨ ᠭᠠᠷ᠎ᠤᠨ ᠲᠣᠯᠣᠪᠣᠷ ᠬᠤᠷᠤᠭᠠᠨ᠎ᠳᠤ ᠣᠶᠣᠳᠠᠯ᠎ᠤᠨ ᠮᠠᠱᠢᠨ ᠎ᠤ ᠲᠠᠮᠦᠷ ᠵᠡᠭᠦᠦ ᠨᠡᠪᠳᠡ ᠬᠠᠳᠭᠤᠨ ᠬᠤᠭᠤᠷᠠᠭᠠᠳ ᠬᠤᠷᠤᠭᠣᠨ ᠎ᠤ ᠴᠡᠴᠡᠷᠡᠭᠡᠨ᠎ᠳᠤ ᠲᠡᠮᠦᠷ ᠵᠡᠭᠦᠦ᠍᠎ᠶ᠋ᠢᠨ ᠬᠤᠶᠠᠷ ᠥᠵᠦᠭᠦᠷ ᠴᠦ᠍ ᠲᠤᠰᠤᠨ ᠳ᠋ᠧᠩ᠎ᠤᠨ ᠰᠦᠮᠡᠯᠵᠡᠭ᠌ᠰᠡᠨ ᠭᠡᠷᠡᠯ᠎ᠳᠤ ᠵᠢᠮ᠎ᠡ᠎ᠪᠠᠨ ᠠᠯᠲᠠᠨ ᠴᠡᠴᠡᠷᠬᠢᠯᠡᠵᠦ᠍ ᠪᠠᠢᠭ᠍ᠰᠠᠨ᠎ᠢ ᠠᠵᠢᠶᠠᠷᠠᠵᠣ ᠮᠡᠳᠠᠯ᠎ᠡ᠃

ᠠᠷᠪᠠᠨ ᠬᠤᠷᠤᠭᠤ ᠠᠮᠢᠨ ᠰᠤᠳᠠᠰᠤ ᠱᠢᠤ ᠳ᠋ᠠ!

ᠣᠶᠣᠳᠠᠯ᠎ᠤᠨ ᠮᠠᠱᠢᠨ᠎ᠤ ᠲᠡᠮᠦᠷ ᠵᠡᠭᠦᠦ ᠡᠵᠢ᠎ᠶ᠋ᠢᠨ ᠮᠢᠨᠢ ᠭᠠᠷ᠎ᠤᠨ ᠬᠤᠷᠤᠭᠤᠨ᠎ᠳᠤ ᠬᠠᠳᠭᠤᠨ ᠣᠷᠤᠭ᠍ᠰᠠᠨ ᠲᠡᠷᠡ ᠬᠦ᠌ ᠮᠥᠴᠡ᠎ᠠᠴᠠ ᠮᠢᠨᠦ᠍ ᠪᠦᠬᠦ᠌ ᠣᠶᠣᠨ ᠮᠡᠳᠡᠷᠠᠯ ᠴᠤ᠌ ᠲᠡᠮᠦᠷ ᠵᠡᠭᠦᠦ᠍᠎ᠳᠤ ᠡᠵᠡᠮᠱᠢᠭ᠌ᠳᠡᠵᠦ᠍᠂ ᠣᠳᠣ ᠪᠣᠯᠲᠠᠯ᠎ᠠ ᠡᠨᠡ ᠬᠦ᠌ ᠤᠴᠢᠷ᠎ᠢ ᠪᠣᠳᠣᠬᠤ ᠪᠦᠷᠢ ᠵᠢᠷᠦᠬᠡ ᠰᠡᠳᠭᠢᠯ ᠱᠢᠷᠬᠠᠯᠠᠵᠤ᠂ ᠠᠷᠪᠠᠨ ᠬᠤᠷᠤᠭᠤᠨ᠎ᠤ ᠥᠵᠦᠭᠦᠷ ᠥᠪᠡᠷ᠎ᠤᠨ ᠡᠷᠬᠡ ᠦᠭᠡᠢ ᠵᠢᠮᠵᠢᠭᠢᠨᠡᠵᠦ᠍᠂ ᠲᠡᠷᠡ ᠬᠦ᠌ ᠭᠱᠠᠨ᠎ᠳᠤ ᠡᠵᠢ᠎ᠶ᠋ᠢᠨ ᠮᠢᠨᠢ ᠬᠤᠷᠤᠭᠤ ᠶᠠᠭᠠᠬᠢᠵᠤ ᠯᠡ ᠡᠪᠡᠳᠦᠭ᠌ᠰᠡᠨ ᠪᠣᠯ?  ᠶᠠᠮᠠᠷᠬᠠᠨ ᠬᠡᠴᠡᠭᠦᠦ ᠰᠥᠰᠥ᠍ ᠵᠣᠷᠢᠭ᠎ᠢᠶᠠᠷ ᠭᠠᠷ᠎ᠤᠨ ᠬᠤᠷᠤᠭᠤᠨ᠎ᠳᠠᠭᠠᠨ ᠦᠯᠡᠳᠡᠭ᠌ᠰᠡᠨ ᠣᠶᠣᠳᠠᠯ ᠤ᠋ᠨ ᠮᠠᠱᠢᠨ᠎ᠤ ᠬᠤᠭᠤᠷᠬᠠᠶ ᠵᠡᠭᠦᠦ᠍᠎ᠶ᠋ᠢ ᠱᠢᠳᠦ᠍᠎ᠪᠠᠨ ᠵᠠᠭᠤᠵᠤ ᠠᠪᠤᠭ᠍ᠰᠠᠨ ᠪᠣᠯ?ᠭᠡᠵᠦ ᠦᠷᠬᠦᠯᠵᠢ ᠠᠢᠲᠠᠰ ᠬᠦᠷᠦᠨ ᠪᠤᠳᠤᠳᠠᠭ ᠪᠤᠯᠪᠠ᠃ ᠳᠠᠷᠠᠭ᠎ᠠ ᠡᠳᠦᠷ ᠎ᠤᠨ ᠬᠢᠨᠢ ᠦᠳᠡ᠎ᠶ᠋ᠢᠨ ᠬᠤᠢᠨ᠎ᠠ ᠪᠢ ᠰᠤᠷᠭᠠᠭᠤᠯᠢ᠎ᠠᠴᠠ᠎ᠪᠠᠨ ᠬᠠᠷᠢᠬᠤ᠎ᠳᠤ ᠡᠵᠢ ᠮᠢᠨᠢ ᠱᠢᠨᠡᠬᠡᠨ ᠣᠶᠣᠭ᠍ᠰᠠᠨ ᠥᠮᠥᠳᠥ᠎ᠶ᠋ᠢ ᠨᠠᠳᠠ ᠎ᠳᠤ ᠡᠮᠦᠰᠭᠡᠯ᠎ᠡ᠃ ᠲᠡᠷᠡ ᠮᠥᠴᠡ᠎ᠳᠤ ᠡᠵᠢ᠎ᠶ᠋ᠢᠨ᠎ᠢᠶᠠᠨ ᠴᠠᠭᠠᠨ ᠪᠣᠭᠤᠯᠲᠠ᠎ᠲᠠᠢ ᠲᠡᠷᠡ ᠬᠤᠷᠤᠭᠤ᠎ᠶ᠋ᠢ ᠬᠠᠷᠠᠬᠤ᠎ᠠᠴᠠ ᠮᠡᠳᠡᠷᠡᠯ᠎ᠤᠨ ᠡᠰ ᠪᠦᠬᠦᠨ ᠲᠤᠭ᠎ᠠ ᠦᠭᠡᠢ ᠣᠯᠠᠨ ᠵᠡᠭᠦᠦ᠍᠎ᠶ᠋ᠢᠨ ᠦᠵᠦᠭᠦᠷ᠎ᠲᠤ ᠬᠠᠳᠭᠤᠭ᠍ᠳᠠᠬᠤ ᠮᠡᠲᠦ ᠱᠢᠨᠠᠯᠣᠨ᠎ᠠ᠃

ᠡᠵᠢ᠎ᠪᠠᠨ ᠪᠢ ᠢᠩᠭᠢᠵᠦ᠍ ᠨᠢᠭᠡ ᠤᠳᠠᠭ᠎ᠠ ᠱᠢᠷᠬᠠᠯᠠᠭᠤᠯᠤᠭ᠍ᠰᠠᠨ ᠶᠤᠮ᠃

ᠡᠬᠡ᠎ᠶ᠋ᠢᠨ ᠬᠠᠢᠷ᠎ᠠ᠎ᠶ᠋ᠢᠨ ᠠᠭᠤᠣ ᠭᠡᠳᠡᠭ᠎ᠨᠢ ᠡᠭᠦᠨ᠎ᠢ ᠯᠡ ᠬᠡᠯᠡᠳᠡᠭ ᠪᠢᠯᠢᠦ? 《ᠠᠭᠤᠤ ᠶᠡᠭᠡ》 ᠭᠡᠳᠡᠭ᠎ᠨᠢ ᠭᠠᠭ᠍ᠴᠠ ᠬᠦ᠌ ᠦᠷ᠎ᠡ᠎ᠪᠠᠨ ᠭᠡᠬᠦ᠌ ᠡᠵᠢ ᠬᠥᠮᠦᠨ᠎ᠤ ᠥᠷᠥᠪᠴᠢᠬᠡᠨ ᠬᠠᠢᠷ᠎ᠠ᠎ᠳᠤ ᠯᠠ ᠵᠣᠬᠢᠴᠠᠭ᠍ᠰᠠᠨ ᠪᠠᠢᠬ᠎ᠠ᠃

ᠮᠢᠨᠦ᠍ ᠡᠵᠢ ᠦᠷ᠎ᠡ᠎ᠪᠠᠨ ᠭᠡᠰᠡᠨ ᠠᠭᠤᠤ ᠶᠡᠭᠡ ᠡᠵᠢ ᠡ!


ᠬᠤᠶᠠᠷ

2001 ᠣᠨ᠎ᠤ 7 ᠰᠠᠷ᠎ᠠ᠎ᠶ᠋ᠢᠨ 18 ᠎ᠤ᠋ ᠡᠳᠦᠷ᠃ ᠪᠦᠰᠡᠭᠦᠶ ᠬᠡᠦᠬᠡᠳ᠎ᠵᠢᠡᠨ ᠲᠠᠭᠠᠭᠤᠯᠤᠨ ᠡᠵᠢ᠎ᠲᠠᠢ᠎ᠪᠠᠨ ᠬᠠᠮᠲᠤ ᠪᠡᠭᠡᠵᠢᠩ ᠤᠷᠤᠭ᠍ᠰᠠᠨ᠃ ᠨᠡᠢᠰᠯᠡᠯ ᠬᠤᠲᠠ᠎ᠶ᠋ᠢᠨ ᠬᠡᠭᠡᠨᠴᠢᠷ ᠲᠠᠭ᠍ᠲᠤ᠂ ᠰᠣᠯᠣᠩᠭᠠᠨ ᠳ᠋ᠧᠩ᠂ ᠬᠥᠭ᠌ᠵᠢᠶᠡᠨ ᠨᠠᠷᠭᠢᠶᠠᠨᠲᠤ ᠵᠡᠭᠡᠯᠢ ᠭᠤᠳᠤᠮᠵᠢ᠎ᠨᠢ ᠡᠵᠢ᠎ᠶ᠋ᠢᠨ ᠮᠢᠨᠢ ᠠᠩᠬᠠᠷᠣᠯ᠎ᠢ ᠲᠡᠳᠦᠶ ᠴᠦ᠍ ᠲᠠᠲᠠᠵᠤ ᠳᠡᠢᠯᠦᠭᠡ ᠦᠬᠡᠢ ᠴᠦ᠍ ᠠᠤᠭ᠎ᠠ ᠰᠦᠷᠯᠢᠭ ᠲᠢᠶᠠᠨ ᠠᠨ ᠮᠧᠨ ᠠᠰᠠᠷ᠂ ᠪᠣᠷᠣ ᠬᠦᠷᠢᠶᠡᠲᠦ ᠬᠠᠭᠠᠨ᠎ᠤ ᠣᠷᠳᠣᠨ᠎ᠨᠢ ᠪᠤᠭᠤᠷᠤᠯ ᠡᠵᠢ᠎ᠶ᠋ᠢᠨ ᠮᠢᠨᠢ ᠰᠡᠳᠭᠢᠯ᠎ᠤᠨ ᠪᠠᠭᠤᠴᠠ᠎ᠶ᠋ᠢ᠎ᠨᠢ ᠡᠵᠡᠮᠳᠡᠭ᠌ᠰᠡᠨ᠎ᠨᠢ ᠢᠯᠡᠷᠬᠡᠶ ᠪᠠᠢᠯ᠎ᠠ᠃

ᠲᠢᠶᠠᠨ ᠠᠨ ᠮᠧᠨ ᠠᠰᠠᠷ᠎ᠲᠠᠢ ᠵᠢᠷᠤᠭ ᠨᠢᠭᠡ ᠲᠠᠲᠠᠶ᠎ᠠ!

ᠡᠵᠢ᠎ᠶ᠋ᠢᠨ ᠮᠢᠨᠢ ᠪᠠᠶᠠᠰᠤᠯ ᠲᠤᠭᠳᠤᠯᠤᠯ ᠮᠢᠩᠭᠠᠨ ᠥᠷᠴᠢᠯᠡᠭᠡᠰᠦ᠎ᠲᠠᠢ ᠬᠠᠴᠠᠷ᠎ᠲᠤᠨᠢ ᠲᠣᠳᠣᠬᠠᠨ᠃

ᠡᠷᠲᠡᠨ᠎ᠳᠡᠭᠡᠨ ᠬᠠᠭᠠᠨ ᠡᠵᠡᠨ ᠰᠠᠶᠢ ᠶᠠᠪᠤᠵᠤ ᠪᠣᠯᠳᠠᠭ ᠡᠭᠦᠳᠡ ᠪᠠᠢᠭ᠍ᠰᠠᠨ ᠭᠡᠵᠦ᠍ ᠡᠵᠢ ᠮᠢᠨᠢ ᠬᠠᠭᠠᠨ᠎ᠤ ᠣᠷᠳᠣᠨ᠎ᠤ ᠬᠤᠶᠠᠷ ᠲᠣᠮᠣ ᠤᠯᠠᠭᠠᠨ ᠬᠠᠭᠠᠯᠭᠠᠨ᠎ᠤ ᠮᠥᠩᠭᠦᠨ ᠲᠤᠪᠤᠷᠤᠤ᠎ᠶ᠋ᠢ ᠠᠬᠢᠨ ᠳᠡᠬᠢᠨ ᠲᠡᠮᠳᠡᠷᠢᠬᠦ᠌᠎ᠶ᠋ᠢᠨ ᠳᠠᠭᠠᠤ ᠳᠦᠳᠦᠨᠡᠵᠦ᠍ ᠯᠡ ᠪᠠᠢᠯ᠎ᠠ᠃

ᠣᠳᠣ᠎ᠲᠠᠢ ᠤᠷᠤᠯᠳᠤᠨ ᠪᠣᠰᠴᠤ᠌ ᠰᠠᠷᠠ ᠬᠤᠷᠮᠣᠢᠯᠠᠨ ᠪᠣᠴᠠᠳᠠᠭ ᠬᠥᠳᠡᠭᠡ ᠠᠢᠯ᠎ᠤᠨ ᠪᠦᠬᠦ᠌ ᠠᠵᠢᠯ ᠦᠢᠯᠡ᠎ᠳᠤ ᠴᠠᠭᠠᠷᠠᠭ᠍ᠰᠠᠨ᠎ᠨᠢ ᠡᠵᠢ᠎ᠶ᠋ᠢᠨ ᠮᠢᠨᠢ ᠨᠢᠭᠡ ᠨᠠᠰᠤᠨ᠎ᠤ ᠪᠦᠬᠦ᠌ ᠬᠥᠷᠥᠩᠭᠡ ᠪᠠᠢᠭ᠍ᠰᠠᠨ ᠪᠣᠯ ᠦᠷ᠎ᠡ ᠬᠡᠦᠬᠡᠳ᠎ᠤᠨ᠎ᠢᠶᠠᠨ ᠲᠥᠯᠥᠭᠡ ᠠᠯᠢᠪᠠ᠎ᠪᠠᠨ ᠡᠷᠭᠦᠵᠦ᠍᠂ ᠦᠲᠡᠯᠦᠭᠡ ᠪᠣᠭᠤᠷᠣᠯ ᠪᠣᠯᠤᠭ᠍ᠰᠠᠨ ᠴᠤ᠌ ᠭᠡᠷ ᠪᠦᠯᠢ᠎ᠳᠡᠭᠡᠨ ᠲᠦᠱᠢᠭ ᠪᠣᠯᠵᠤ ᠪᠦᠲᠦᠨ ᠠᠮᠢᠳᠤᠷᠠᠯ᠎ᠳᠠᠭᠠᠨ ᠨᠠᠷᠠ ᠪᠣᠯᠵᠤ ᠶᠠᠪᠤᠭ᠍ᠰᠠᠨ ᠡᠵᠢ ᠮᠢᠨᠢ᠂ ᠷᠠᠳᠢᠣ᠋ ᠪᠤᠶᠤ ᠲᠧᠯᠸᠢᠰ ᠳᠡᠭᠡᠷ᠎ᠡ᠎ᠠᠴᠠ ᠰᠠᠶᠢ ᠰᠣᠨᠣᠰᠴᠤ᠌ ᠦᠵᠡᠵᠦ᠍ ᠪᠠᠢᠭ᠍ᠰᠠᠨ ᠨᠡᠢᠰᠯᠡᠯ ᠪᠡᠭᠡᠵᠢᠩ᠎ᠳᠤ ᠬᠦᠷᠦᠭ᠌ᠰᠡᠨ᠎ᠳᠡᠭᠡᠨ᠂ ᠬᠠᠭᠤᠴᠢᠨ ᠱᠢᠨ᠎ᠡ ᠨᠡᠢᠭᠡᠮ᠎ᠤᠨ ᠬᠠᠷᠢᠴᠠᠭᠤᠯᠤᠯ ᠬᠡᠲᠦ ᠲᠣᠳᠣ ᠪᠠᠢᠭ᠍ᠰᠠᠨ᠎ᠤ ᠤᠯᠠᠮ᠎ᠠᠴᠠ ᠢᠩᠭᠢᠵᠦ᠍ ᠯᠡ ᠶᠡᠭᠡ ᠬᠥᠭ᠌ᠰᠡᠵᠦ᠍ ᠲᠤᠭᠳᠤᠯᠵᠦ ᠪᠠᠢᠭᠰᠠᠨ ᠪᠠᠢᠬ᠎ᠠ᠃

ᠡᠵᠢ᠎ᠪᠠᠨ ᠪᠢ ᠢᠩᠬᠢᠵᠦ᠍ ᠨᠢᠭᠡ ᠤᠳᠠᠭ᠎ᠠ ᠪᠠᠶᠠᠷᠯᠠᠭᠤᠯᠤᠭ᠍ᠰᠠᠨ ᠶᠤᠮ᠃

ᠲᠡᠷᠡ ᠬᠦ᠌ ᠴᠠᠭ ᠮᠥᠴᠡ᠎ᠶ᠋ᠢ ᠪᠣᠳᠣᠬᠤ ᠪᠦᠷᠢ ᠡᠵᠢ᠎ᠶ᠋ᠢᠨ ᠮᠢᠨᠢ ᠬᠠᠷ᠎ᠠ ᠪᠣᠷᠣ ᠬᠦᠳᠡᠭᠡᠴᠦᠦᠯ᠎ᠤᠨ ᠪᠠᠶᠠᠰᠤᠯ ᠢᠨᠢᠶᠡᠳᠦ᠂ ᠪᠠᠶᠠᠷ ᠵᠢᠷᠭᠠᠯ ᠪᠢᠯᠬᠠᠭ᠍ᠰᠠᠨ ᠡᠯᠢᠭᠡᠰᠡᠭ ᠳᠦᠷᠢ᠂ ᠤᠭᠤᠷᠠᠭ ᠲᠠᠷᠢᠬᠢ᠂ ᠣᠢ ᠤᠬᠠᠭᠠᠨ᠂ ᠣᠶᠣᠨ ᠮᠡᠳᠡᠷᠡᠯ᠎ᠤᠨ ᠡᠰ ᠪᠦᠬᠦᠨ᠎ᠢ ᠡᠵᠡᠮᠳᠡᠵᠦ᠍᠂ ᠪᠦᠮᠪᠥᠷᠴᠡᠭ᠎ᠲᠤ ᠪᠢ ᠭᠠᠭ᠍ᠴᠠᠭᠠᠷ ᠵᠢᠷᠭᠠᠯ᠎ᠲᠠᠢ ᠪᠠᠢᠮᠠᠷ ᠰᠠᠨᠠᠭᠳᠠᠪᠠ᠃

ᠲᠦᠭ ᠲᠦᠮᠡᠨ ᠮᠣᠩᠭᠤᠯ ᠡᠬᠡᠴᠤᠤᠯ᠎ᠲᠠᠢ ᠠᠳᠠᠯᠢ᠎ᠪᠠᠷ ᠮᠢᠨᠦ᠍ ᠡᠵᠢ ᠮᠥᠨ ᠴᠦ᠍ ᠭᠡᠷ ᠪᠦᠯᠢ᠂ ᠦᠷ᠎ᠡ ᠬᠡᠦᠬᠡᠳ᠂ ᠠᠮᠢᠳᠤᠷᠠᠯ᠎ᠤᠨ ᠲᠥᠯᠥᠭᠡᠨ᠎ᠡ ᠶᠠᠳᠠᠷᠠᠯ ᠵᠥᠳᠡᠷᠡᠯ ᠎ᠢ ᠵᠢᠷᠭᠠᠯ ᠴᠡᠩᠭᠡᠯ᠎ᠢᠶᠠᠷ᠂ ᠬᠠᠯᠠ ᠪᠡᠷᠬᠡ᠎ᠶ᠋ᠢ ᠬᠠᠲᠠᠭᠤ ᠡᠭᠦᠷᠭᠡ᠎ᠪᠠᠷ ᠨᠠᠰᠤᠨ᠎ᠤ ᠬᠠᠨᠢ᠎ᠪᠠᠨ ᠪᠣᠯᠭᠠᠨ ᠥᠪᠯᠡᠵᠦ᠍ ᠶᠠᠪᠤᠭ᠍ᠰᠠᠨ ᠪᠢᠯᠨ᠃

ᠮᠢᠨᠦ᠍ ᠡᠵᠢ ᠡᠩ᠎ᠤᠨ ᠨᠢᠭᠡᠨ ᠬᠥᠳᠡᠭᠡ᠎ᠶ᠋ᠢᠨ ᠪᠦᠰᠡᠭᠦᠶ᠃


ᠭᠤᠷᠪᠠ

2010 ᠣᠨ ᠎ᠤ ᠠᠷᠭ᠎ᠠ᠎ᠶ᠋ᠢᠨ ᠤᠯᠠᠷᠢᠯ ᠎ᠤᠨ 1 ᠰᠠᠷ᠎ᠠ᠎ᠶ᠋ᠢᠨ22 ᠎ᠤ᠋ᠨ ᠡᠳᠦᠷ᠂ ᠪᠢᠲᠡᠭᠦᠨ᠃ ᠵᠤᠷᠱᠢᠯ ᠶᠣᠰᠣᠭᠠᠷ ᠴᠠᠭᠠᠯᠠᠨ᠎ᠠ ᠭᠡᠵᠦ᠍ ᠮᠣᠩᠭᠠᠨᠢᠵᠤ ᠪᠠᠢᠲᠠᠯ᠎ᠠ ᠲᠧᠯᠸᠢᠰ ᠦᠵᠡᠵᠦ᠍ ᠪᠠᠢᠭ᠍ᠰᠠᠨ ᠡᠵᠢ ᠮᠢᠨᠢ ᠲᠦᠰ ᠭᠡᠳ ᠭᠡᠨᠡᠳᠲᠡ ᠬᠥᠰᠡᠷ ᠣᠢᠴᠢᠬᠤ᠎ᠪᠠᠷ᠎ᠨᠢ ᠰᠠᠨᠳᠤᠷᠤᠨ ᠭᠦᠶᠦᠨ ᠬᠦᠷᠬᠦ᠌᠎ᠳᠤ᠂ ᠡᠵᠢ ᠮᠢᠨᠢ ᠬᠦᠰᠡᠷ ᠰᠠᠭᠤᠭᠠᠳ ᠬᠥᠯ᠎ᠢᠶᠠᠨ ᠨᠤᠬᠤᠯᠠᠵᠤ᠂ ᠬᠠᠴᠠᠷ᠎ᠢ ᠨᠢ ᠳᠠᠭᠠᠭᠠᠳ ᠬᠥᠯᠥᠰᠥ᠍ ᠤᠷᠤᠰᠴᠤ᠌ ᠪᠠᠢᠯ᠎ᠠ᠃ ᠭᠠᠷ᠎ᠢ᠎ᠨᠢ ᠠᠶᠠᠷ ᠵᠠᠢᠯᠠᠭᠤᠯᠤᠭᠠᠳ ᠦᠵᠡᠬᠦ᠌᠎ᠳᠤ ᠵᠡᠭᠦᠨ ᠬᠥᠯ᠎ᠤᠨ ᠬᠢᠨᠢ ᠱᠠᠭ᠎ᠠ ᠎ᠶ᠋ᠢᠨ ᠦᠶ᠎ᠡ ᠨᠢ ᠠᠶᠠᠭᠠᠨ ᠠᠮᠠᠰᠠᠷ ᠬᠢᠷᠢ ᠤᠯᠠᠢᠵᠤ ᠬᠠᠪᠤᠳᠤᠭᠠᠳ ᠠᠯᠬᠤᠵᠦ᠍ ᠳᠡᠢᠯᠦᠭ᠌ᠰᠡᠨ ᠦᠭᠡᠢ ᠣᠢᠴᠢᠴᠢᠬᠠᠭ᠍ᠰᠠᠨ ᠪᠠᠢᠵᠠᠢ᠃

ᠪᠢ ᠡᠵᠢ ᠎ᠪᠠᠨ ᠲᠡᠪᠡᠷᠢᠵᠦ᠍ ᠳᠣᠲᠣᠷ᠎ᠠ ᠥᠷᠥᠭᠡᠨ᠎ᠤ ᠣᠷᠣ ᠳᠡᠭᠡᠷ᠎ᠡ᠎ᠨᠢ ᠬᠡᠪᠳᠡᠭᠦᠯᠪᠡ᠃

ᠬᠠᠴᠠᠷ ᠳᠡᠭᠡᠷᠡᠬᠢ ᠬᠥᠯᠥᠰᠥ᠎ᠶ᠋ᠢ᠎ᠨᠢ ᠵᠦᠯᠭᠦᠬᠦ᠌ ᠬᠤᠭᠤᠷᠣᠨᠳᠣ᠂ ᠵᠠᠯᠠᠭᠤ᠎ᠳᠠᠭᠠᠨ ᠬᠥᠯ᠎ᠢᠶᠠᠨ ᠭᠡᠮᠲᠦᠭᠡᠵᠦ᠍ ᠥᠩᠭᠡᠷᠡᠭ᠌ᠰᠡᠨ᠂ ᠣᠷᠴᠢᠮ ᠠᠰᠠᠷ᠎ᠤᠨ ᠱᠠᠲᠤ᠎ᠪᠠᠷ ᠢᠯᠡᠭᠦᠦ ᠶᠠᠪᠤᠭ᠍ᠰᠠᠨ᠎ᠠᠴᠠ ᠬᠠᠭᠤᠴᠢᠨ ᠠᠷᠬᠠᠬ᠎ᠨᠢ ᠬᠥᠳᠡᠯᠦᠭ᠌ᠰᠡᠨ ᠵᠢᠴᠢ ᠡᠨᠡ ᠪᠠᠭ᠎ᠠ ᠰᠠᠭ᠎ᠠ ᠱᠢᠷᠬ᠎ᠠ᠎ᠳᠤ ᠡᠮ ᠤᠤᠭᠤᠬᠤ ᠴᠢᠬᠤᠯᠠ ᠦᠭᠡᠢ᠂ ᠱᠢᠨᠠᠯᠠᠵᠤ ᠴᠠᠭᠠᠯᠠᠬᠤ ᠭᠡᠵᠦ᠍ ᠪᠠᠢᠬᠤ᠎ᠳᠤ ᠡᠮ ᠳᠣᠮ ᠭᠡᠳ ᠶᠠᠭᠠᠬᠢᠬᠤ ᠪᠣᠢ ᠭᠡᠬᠦ᠌ ᠮᠡᠲᠦ᠍᠎ᠪᠠᠷ ᠠᠯᠢ ᠴᠢᠳᠠᠬᠤᠢᠴᠠ ᠥᠪᠡᠷ᠎ᠤᠨ 《ᠶᠣᠰᠣ》 ᠎ᠪᠠᠨ ᠶᠠᠷᠢᠵᠤ ᠯᠠ ᠪᠠᠢᠯ᠎ᠠ᠃

ᠡᠵᠢ ᠎ᠪᠠᠨ ᠪᠢ ᠢᠩᠭᠢᠵᠦ᠍ ᠨᠢᠭᠡ ᠤᠳᠠᠭ᠎ᠠ ᠲᠡᠪᠡᠷᠢᠭ᠌ᠰᠡᠨ ᠪᠢᠯᠡ᠃

ᠡᠵᠢ᠎ᠪᠠᠷ᠎ᠢᠶᠠᠨ ᠲᠡᠪᠡᠷᠢᠭᠦᠯᠬᠦ᠌᠎ᠨᠢ ᠦᠷ᠎ᠡ ᠬᠡᠦᠬᠡᠳ ᠪᠣᠯᠤᠭ᠍ᠰᠠᠳ᠎ᠤᠨ ᠥᠨᠢᠳᠡ᠎ᠶ᠋ᠢᠨ ᠵᠢᠷᠭᠠᠯ ᠪᠠᠢᠭ᠍ᠰᠠᠨ ᠪᠣᠯ ᠡᠵᠢ᠎ᠪᠠᠨ ᠲᠡᠪᠡᠷᠢᠬᠦ᠌᠎ᠨᠢ ᠦᠷ᠎ᠡ᠎ᠭᠡᠦᠭᠡᠳ᠎ᠤᠨ ᠬᠢᠨᠢ ᠥᠨᠢᠳᠡ᠎ᠶ᠋ᠢᠨ ᠳᠤᠷᠠᠰᠤᠯ ᠪᠠᠢᠵᠤ ᠳᠠᠭᠠᠷᠠᠨ᠎ᠠ᠃ ᠡᠨᠡ ᠬᠦ᠌ ᠪᠢᠲᠡᠭᠦᠨ᠎ᠤ ᠰᠥᠨᠢ ᠨᠠᠳᠠ᠎ᠳᠤ ᠡᠭᠦᠷᠢᠳᠡ ᠮᠠᠲᠠᠭ᠍ᠳᠠᠬᠤ ᠦᠭᠡᠢ᠃

ᠤᠬᠢᠯᠠᠵᠤ ᠢᠷᠡᠭᠡᠳ ᠤᠬᠢᠯᠠᠭᠤᠯᠵᠤ ᠶᠠᠪᠤᠬᠤ ᠬᠥᠮᠦᠨ᠎ᠤ ᠬᠤᠷᠸ᠎ᠠ᠎ᠶ᠋ᠢᠨ ᠶᠣᠰᠣ ᠳᠠᠩᠴᠢ ᠬᠠᠲᠠᠭᠤ᠃ ᠡᠵᠢ᠎ᠪᠠᠨ ᠭᠡᠬᠦ᠌᠎ᠠᠴᠠ ᠡᠷᠭᠢᠴᠡᠭᠦᠯᠦᠯ ᠲᠡᠳᠦᠶ ᠦᠯᠡᠳᠡᠯ᠎ᠡ᠃ ᠡᠷᠭᠢᠭᠡᠳ ᠲᠠᠨ᠎ᠳᠠᠭᠠᠨ ᠵᠣᠯᠭᠠᠶ᠎ᠠ ᠭᠡᠬᠦ᠌᠎ᠠᠴᠠ ᠵᠥᠪᠬᠡᠨ ᠱᠢᠷᠣᠶ᠎ᠶ᠋ᠢᠨ ᠣᠪᠣᠭ᠎ᠠ ᠯᠠ ᠬᠠᠷᠠᠭ᠍ᠳᠠᠯ᠎ᠠ᠃ ᠭᠤᠷᠪᠠᠨ ᠵᠢᠯ᠎ᠤᠨ ᠲᠤᠷᠱᠢᠬᠢ ᠵᠡᠭᠦᠳᠦ ᠪᠣᠳᠣᠯ᠂ ᠰᠠᠨᠠᠯ ᠬᠠᠢᠷ᠎ᠠ᠎ᠶ᠋ᠢᠨ ᠦᠭᠡ ᠵᠣᠭᠤᠭ᠎ᠢᠶᠠᠨ ᠵᠥᠪᠬᠡᠨ ᠪᠣᠲᠤᠯ᠎ᠤᠨ ᠪᠣᠭᠤᠳᠠᠯ ᠪᠣᠯᠭᠠᠨ ᠰᠣᠨᠢᠨ ᠭᠠᠢᠬᠠᠮᠰᠢᠭ᠍ᠲᠤ ᠨᠥᠬᠦᠭᠡ ᠶᠢᠷᠲᠢᠨᠴᠦ᠍᠎ᠳᠤ ᠭᠤᠪᠢᠭᠤᠯᠬᠤ ᠦᠦ? ᠡᠰᠡᠬᠦᠯ᠎ᠡ ᠪᠤᠩᠬᠤᠨ᠎ᠤ ᠴᠢᠨᠢ ᠡᠮᠦᠨ᠎ᠡ ᠤᠯᠠᠯᠵᠠᠨ ᠨᠣᠴᠣᠵᠤ ᠪᠠᠢᠭ᠎ᠠ ᠲᠤᠶᠢᠩ ᠲᠠᠬᠢᠯᠭ᠎ᠠ᠎ᠳᠤ ᠡᠷᠭᠦᠬᠦ᠌ ᠦᠦ? ᠠᠶ ᠳ᠋ᠠ᠂ ᠬᠥᠭᠡᠷᠦᠬᠦᠶ ᠡᠵᠢ ᠮᠢᠨᠢ! ᠨᠡᠷᠠᠨ ᠎ᠤ  ᠪᠤᠮᠠᠨ ᠰᠠᠴᠤᠷᠠᠭ ᠱᠢᠭ᠋᠎ᠢᠶᠠᠷ ᠨᠤᠲᠤᠭ ᠤᠰᠤ ᠬᠥᠮᠦᠨ ᠠᠷᠠᠳ᠂ ᠦᠷ᠎ᠡ ᠬᠡᠦᠬᠡᠳ᠎ᠢᠶᠠᠨ ᠡᠴᠢᠨ᠎ᠡ ᠬᠤᠯᠠ ᠡᠭᠦᠯᠡᠨ ᠳᠠᠯᠳᠠ᠎ᠠᠴᠠ ᠬᠡᠵᠢᠶ᠎ᠡ ᠡᠭᠦᠷᠢᠳᠡ ᠥᠷᠥᠱᠢᠶᠡᠨ ᠰᠣᠶᠣᠷᠬᠠᠬᠤ ᠪᠠᠢᠬ᠎ᠠ!

ᠮᠢᠨᠦ᠍ ᠡᠵᠢ ᠨᠤᠲᠤᠭ᠎ᠢᠶᠠᠨ ᠰᠠᠬᠢᠭ᠍ᠰᠠᠨ ᠮᠥᠩᠬᠡ᠎ᠶ᠋ᠢᠨ ᠱᠢᠲᠦᠭᠡᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号