ᠴᠡᠴᠡᠭ ᠴᠢᠯᠠᠭᠤᠨ᠎ᠤ ᠴᠢᠨᠢ ᠥᠩᠭᠡ᠎ᠪᠡᠷ
ᠴᠠᠯᠭᠢᠵᠤ ᠬᠠᠯᠭᠢᠵᠤ ᠨᠡᠭᠦᠳᠡᠯ ᠢᠷᠡᠭᠰᠡᠨ ᠪᠣᠯᠬᠣᠷ
ᠳᠡᠪᠡᠯ᠎ᠦᠨ ᠴᠢᠨᠢ ᠬᠣᠷᠮᠣᠢ᠎ᠳᠤ
ᠪᠦᠯᠢᠶᠡᠰᠴᠦ᠍ ᠬᠣᠨᠣᠭᠰᠠᠨ ᠰᠠᠯᠬᠢ
ᠰᠢᠪᠠᠭᠤᠨ᠎ᠤ ᠬᠣᠶ᠋ᠢᠨ᠎ᠠ᠎ᠠᠴᠠ ᠨᠢᠰᠬᠦ᠌᠎ᠶᠢ ᠭᠣᠷᠢᠳᠠᠬᠤ᠎ᠳᠠᠭᠠᠨ
ᠰᠠᠨᠠᠭ᠎ᠠ ᠠᠯᠭᠠᠰᠠᠨ ᠵᠦᠰᠡᠷᠡᠩᠬᠡᠨ ᠣᠬᠢᠯᠠᠭᠰᠠᠨ ᠭᠡᠳᠡᠭ
ᠦᠨᠡᠨ ᠤᠤ? ᠠᠪᠤ ᠡ!
ᠲᠠᠯ᠎ᠠ ᠪᠢᠳᠡ ᠬᠣᠶᠠᠷ
ᠲᠡᠭᠷᠢ᠎ᠪᠡᠨ ᠰᠢᠷᠲᠡᠨ ᠮᠡᠯᠮᠡᠷᠡᠬᠦ᠌ᠳᠦ
ᠰᠠᠨᠠᠭ᠎ᠠ ᠤᠨᠤᠭ᠎ᠠ ᠬᠣᠶᠠᠷ
ᠣᠨ ᠰᠠᠷ᠎ᠠ᠎ᠶᠢᠨ ᠢᠳᠡᠷ ᠬᠦᠷᠡᠩ ᠪᠦᠭᠦᠷᠭᠡᠨ ᠳᠡᠭᠡᠷ᠎ᠡ
ᠡᠭᠦᠯᠡ ᠪᠣᠷᠣᠭ᠎ᠠ᠎ᠪᠠᠨ ᠵᠡᠭᠦᠳᠦᠯᠡᠨ ᠰᠡᠷᠡᠭᠰᠡᠨ
ᠭᠠᠯ᠎ᠤᠨ ᠡᠭᠡᠰᠢᠭᠲᠦ᠍ ᠬᠥᠯᠥᠭ ᠪᠠᠶ᠋ᠢᠵᠤ ᠁
ᠵᠡᠭᠦᠳᠦ ᠦᠨᠡᠨ᠎ᠦ ᠲᠡᠷᠲᠡᠭᠡ᠎ᠡᠴᠡ
ᠠᠭᠤᠯᠠ ᠪᠦᠷᠭᠦᠳ ᠬᠣᠶᠠᠷ᠎ᠤᠨ
ᠳᠣᠮᠣᠭ ᠲᠤᠤᠯᠢ ᠦᠭᠡᠶ᠋ᠢᠯᠡᠨ ᠤᠶᠠᠷᠠᠬᠤ᠎ᠳᠤ
ᠨᠡᠭᠦᠳᠡᠯ ᠠᠪᠤ ᠬᠣᠶᠠᠷ᠎ᠤᠨ ᠪᠠᠷ᠎ᠠ
ᠨᠢᠳᠦᠨ᠎ᠳᠦ ᠪᠠᠭᠲᠠᠬᠤ ᠦᠭᠡᠢ ᠲᠤᠷᠤᠯᠵᠠᠨᠠ
ᠨᠡᠭᠦᠬᠦ᠌᠎ᠳᠡᠭᠡᠨ ᠴᠡᠪᠡᠷᠯᠡᠵᠦ᠍ ᠣᠷᠬᠢᠭᠰᠠᠨ
ᠪᠠᠭᠤᠴᠠᠨ᠎ᠤ ᠭᠠᠵᠠᠷ᠎ᠤᠨ ᠨᠡᠷ᠎ᠡ᠎ᠶᠢ
ᠲᠠᠭᠠᠵᠤ ᠮᠡᠳᠡᠬᠦ᠌ ᠦᠭᠡᠢ ᠠᠯᠮᠠᠶ᠋ᠢᠷᠠᠬᠤᠳᠤ
ᠲᠠᠭᠠᠨ᠎ᠠ ᠮᠠᠩᠭᠢᠷ᠎ᠤᠨ ᠬᠢᠨᠢ ᠦᠨᠦᠷ
ᠲᠠᠨᠢᠯᠬᠠᠨ᠂ ᠬᠠᠮᠠᠷ ᠴᠣᠷᠭᠢᠬᠤ᠎ᠪᠡᠷ
ᠰᠡᠷᠡᠯ ᠮᠡᠳᠡᠷᠡᠮᠵᠢ᠎ᠶᠢᠨ ᠬᠣᠪᠲᠣᠯ ᠤᠷᠤᠭᠤ
ᠰᠦ ᠲᠡᠢ ᠴᠠᠢ ᠳᠠᠷᠭᠢᠯᠤᠨᠠ
ᠲᠠᠪᠢᠭᠠᠯ ᠰᠣᠷᠭᠣᠭ ᠪᠡᠯᠴᠢᠭᠡᠷ᠎ᠲᠦ᠍
ᠮᠠᠯ ᠰᠦᠷᠦᠭ᠎ᠦᠨ ᠪᠠᠷ᠎ᠠ ᠲᠠᠶ᠋ᠢᠪᠤᠩᠬᠠᠨ ᠨᠠᠯᠠᠶ᠋ᠢᠬᠤᠪᠠᠷ
ᠨᠤᠲᠤᠭ ᠡᠵᠡᠨ ᠬᠣᠶᠠᠷ᠎ᠤᠨ ᠰᠠᠨᠠᠭ᠎ᠠ
ᠲᠡᠭᠷᠢ ᠭᠠᠵᠠᠷ᠎ᠢᠶᠠᠨ ᠲᠡᠯᠡᠨ ᠢᠷᠠᠭᠤᠰᠬᠤ᠎ᠳᠤ
ᠲᠡᠰᠪᠦᠷᠢ ᠲᠡᠪᠴᠢᠶᠡᠷᠢ᠎ᠶᠢᠨ ᠢᠳᠡ
ᠨᠠᠷᠠ ᠳᠠᠭᠠᠭᠰᠠᠨ ᠨᠡᠭᠦᠳᠡᠯ᠎ᠦᠨ
ᠨᠠᠷᠢᠨ ᠵᠦᠷᠢᠭ᠎ᠦᠨ ᠳᠠᠮᠵᠢᠨ ᠬᠣᠴᠣᠷᠤᠭᠰᠠᠨ
ᠳᠤᠷᠠᠳᠬᠠᠯ ᠮᠥᠷᠥᠭᠡᠳᠦᠯ᠎ᠦᠨ ᠴᠣᠮᠣᠭ᠎ᠠᠴᠠ
ᠪᠤᠭᠤᠷᠤᠯ ᠠᠪᠤ᠎ᠪᠠᠨ ᠦᠭᠡᠶ᠋ᠢᠯᠡᠬᠦ᠌ᠳᠦ
ᠦᠨᠳᠦᠷ ᠭᠠᠵᠠᠷ᠎ᠤᠨ ᠪᠦᠯᠢᠶᠡᠨ ᠡᠭᠡᠪᠦᠷ
ᠨᠢᠯᠪᠤᠰᠤᠨ᠎ᠳᠤ ᠬᠠᠴᠢᠷᠯᠠᠨ ᠪᠦᠷᠦᠯᠵᠡᠨᠡ
ᠠᠪᠤ ᠨᠡᠭᠦᠳᠡᠯ ᠬᠤᠶᠠᠷ
ᠵᠢᠷᠦᠬᠡᠨ᠎ᠦ ᠲᠣᠯᠲᠤᠨᠳᠤ ᠭᠡᠷᠡᠯᠲᠦᠭᠰᠡᠨ
ᠵᠢᠪᠬᠤᠯᠠᠩ ᠲᠡᠭᠦᠯᠳᠡᠷ ᠣᠷᠴᠢᠯᠠᠩ᠎ᠤᠨ
ᠵᠣᠷᠢᠭ ᠵᠢᠷᠤᠮ ᠬᠣᠶᠠᠷ᠎ᠤᠨ
ᠵᠦᠩ ᠪᠢᠯᠢᠭᠲᠦ᠍ ᠵᠢᠷᠤᠬᠠᠢ
ᠭᠠᠷ᠎ᠠᠴᠠ᠎ᠪᠠᠨ ᠰᠠᠯᠭᠠᠨ ᠬᠠᠶᠠᠵᠤ ᠪᠣᠯᠣᠰᠢ ᠦᠭᠡᠢ
ᠭᠠᠶ᠋ᠢᠬᠠᠮᠰᠢᠭ᠎ᠤᠨ ᠢᠯᠡ ᠲᠣᠪᠴᠢᠶᠠᠨ
ᠪᠢ ᠪᠢᠳᠡᠨ᠎ᠦ ᠮᠥᠷᠳᠡᠵᠦ᠍ ᠶᠠᠪᠤᠬᠤ
ᠪᠢᠯᠢᠭ᠎ᠦᠨ ᠤᠬᠠᠭᠠᠨ᠎ᠤ ᠠᠯᠲᠠᠨ ᠬᠠᠷᠭᠤᠢ᠎ᠠᠴᠠ
ᠳᠡᠯᠭᠡᠵᠦ᠍ ᠳᠡᠯᠭᠡᠷᠡᠵᠦ᠍ ᠬᠦᠷᠲᠡᠬᠦ᠌
ᠲᠡᠭᠷᠢᠯᠢᠭ ᠵᠠᠬᠢᠶ᠎ᠠ ᠲᠠᠢ ᠨᠢᠭᠤᠴᠠ ᠲᠠᠷᠨᠢ
ᠬᠠᠲᠠᠭᠤ᠎ᠶᠢ ᠵᠥᠭᠡᠯᠡᠯᠡᠵᠦ᠍
ᠬᠣᠷᠸ᠎ᠠ᠎ᠶᠢᠨ ᠡᠭᠡᠳᠡᠷᠡᠭᠡᠨ᠎ᠢ ᠲᠠᠶ᠋ᠢᠯᠤᠨ
ᠶᠡᠬᠡ ᠬᠣᠯᠠ᠎ᠠᠴᠠ ᠢᠷᠡᠭᠰᠡᠨ ᠨᠡᠭᠦᠳᠡᠯ᠎ᠢᠶᠡᠨ
ᠠᠪᠤ᠎ᠶᠢᠨ᠎ᠢᠶᠡᠨ ᠭᠠᠷ᠎ᠠᠴᠠ ᠵᠠᠯᠭᠠᠭᠰᠠᠨ
ᠠᠴᠢ ᠬᠠᠭᠤᠴᠢ᠎ᠶᠢ ᠨᠢ ᠥᠨᠥ ᠪᠣᠯᠲᠠᠯ᠎ᠠ
ᠳᠤᠷᠠᠰᠤᠨ ᠴᠡᠭᠡᠵᠢᠯᠡᠵᠦ᠍ ᠤᠬᠠᠭᠠᠷᠠᠬᠤ᠎ᠳᠠᠭᠠᠨ
ᠠᠪᠤ ᠨᠡᠭᠦᠳᠡᠯ ᠬᠣᠶᠠᠷ᠎ᠤᠨ ᠪᠠᠷ᠎ᠠ᠎ᠶᠢ
ᠰᠡᠳᠬᠢᠯ᠎ᠳᠡᠭᠡᠨ ᠲᠡᠭᠡᠭᠡᠭᠰᠡᠨ
ᠨᠤᠲᠤᠭ ᠡᠵᠡᠨ ᠬᠣᠶᠠᠷ᠎ᠤᠨ ᠴᠡᠴᠡᠨ ᠬᠠᠷᠠᠭ᠎ᠠ
ᠰᠢᠯᠦᠭ ᠰᠡᠳᠬᠢᠯ᠎ᠦᠨ ᠰᠢᠪᠰᠢᠯᠭᠡ ᠲᠡᠢ
ᠪᠤᠶᠠᠨ ᠵᠠᠶᠠᠭ᠎ᠠ ᠬᠣᠶᠠᠷ ᠮᠢᠨᠢ ᠡ᠃