ᠦᠭᠡ ᠦᠨᠡᠲᠡᠢ ᠰᠠᠨᠠᠬ᠍ᠳᠠᠬᠤ᠂ ᠦᠭᠡ ᠡᠷᠳᠡᠨᠢ ᠮᠡᠳᠦ ᠰᠠᠨᠠᠬ᠍ᠳᠠᠬᠤ ᠦᠶ᠎ᠡ ᠵᠦᠡᠭ᠌ᠳᠡᠭᠡᠨ ᠪᠠᠢᠳᠠᠬ ᠴᠦ᠍ ᠶᠡᠭᠡ ᠤᠯᠠᠨ ᠤᠳᠠᠬ᠋᠎ᠠ᠂ ᠶᠡᠭᠡ ᠤᠯᠠᠨ ᠦᠭᠡ ᠶ᠋ᠢ ᠴᠢᠬᠢᠨ᠎ᠤ᠎ᠪᠠᠨ ᠲᠡᠷᠭᠡᠲᠡᠭᠦᠷ ᠰᠠᠯᠬᠢ ᠱᠢᠬ ᠦᠡᠭ᠌ᠭᠡᠷᠡᠭᠦᠯᠳᠡᠭᠨᠢ ᠬᠦᠮᠦᠨ᠎ᠤ ᠨᠦᠮᠵᠦᠭ ᠴᠦ᠍ ᠪᠢᠯᠢᠦ!
ᠬᠦᠮᠦᠨ ᠬᠡᠭ᠌ᠴᠢ ᠶᠠᠷᠤ᠎ᠨᠢ ᠬᠡᠯᠡᠬᠦ᠌ — ᠵᠠᠯᠭᠢᠬᠤ᠂ ᠴᠡᠭᠡᠵᠢᠯᠡᠬᠦ᠌ — ᠮᠠᠷᠲᠠᠬᠤ ᠶ᠋ᠢᠨ ᠲᠤᠮᠳᠠᠭᠤᠷ ᠦᠭᠡᠨ᠎ᠤ ᠬᠦᠴᠦ᠍᠂ ᠬᠡᠯᠡᠨ᠎ᠤ ᠢᠷ᠎ᠢ ᠮᠡᠳᠡᠷᠡᠨ ᠦᠷᠬᠦᠯᠵᠢᠯᠡᠭᠦᠯᠦᠭ᠌ᠰᠡᠭᠡᠷ ᠶᠠᠪᠤᠬ᠋᠎ᠠ᠎ᠨᠢ ᠪᠠᠰᠠᠴᠤ᠌ ᠤᠷᠴᠢᠯᠠᠩ᠎ᠤᠨ ᠦᠡᠭ᠌ᠭᠡ᠂ ᠤᠷᠤᠱᠢᠬᠤᠢ᠎ᠶ᠋ᠢᠨ ᠮᠦᠡᠭ᠌ᠬᠡ ᠬᠡᠯᠲᠡᠢ!
ᠦᠭᠡ ᠠᠮᠢ᠎ᠲᠠᠢ᠂ ᠦᠨᠢ ᠤᠳᠠᠭᠠᠨ᠎ᠤ ᠡᠷᠭᠢᠨ ᠴᠤᠤᠷᠢᠶᠠᠯᠠᠬᠤ ᠱᠢᠳᠢ᠎ᠲᠠᠢ᠃
ᠰᠠᠢᠬᠠᠨ ᠦᠭᠡ᠎ᠲᠠᠢ ᠬᠠᠨᠢᠯᠠᠭᠠᠳ ᠶᠠᠪᠤᠬᠤ᠎ᠳᠤ ᠪᠤᠷᠬᠠᠨ ᠨᠤᠮ ᠱᠢᠬ ᠲᠤᠳᠤᠷ᠎ᠠ᠎ᠠᠴᠠ᠎ᠪᠠᠨ ᠠᠷᠢᠭᠤᠰᠴᠤ᠌᠂ ᠲᠠᠭᠤᠤ ᠶ᠋ᠢᠨ ᠠᠶᠠᠯᠭᠤ ᠱᠢᠬ ᠵᠢᠷᠦᠬᠡᠨ᠎ᠠᠴᠠ᠎ᠪᠠᠨ ᠬᠦᠭ᠌ᠯᠡᠭ᠌ᠳᠡᠨ᠂ ᠲᠤᠯᠠᠭᠠᠨ ᠤᠷᠴᠢᠯᠠᠩ ᠱᠢᠬ ᠲᠠᠢᠵᠢᠯᠠᠴᠠᠪᠠᠨ ᠠᠶᠠᠷᠯᠠᠵᠤ ᠪᠠᠢᠳᠠᠭ᠃ ᠬᠠᠷᠢᠨ ᠭᠡᠨᠡᠳᠲᠡ ᠯᠡ ᠨᠢᠭᠡᠨ ᠡᠳᠦᠷ ᠠᠯᠳᠠᠭᠤᠯ ᠮᠡᠲᠦ ᠱᠢᠯᠢᠷᠡᠵᠦ᠍ ᠶᠠᠪᠤᠭ᠍ᠰᠠᠨ ᠦᠭᠡ ᠪᠤᠴᠠᠨ ᠢᠷᠡᠵᠦ᠍ ᠰᠤᠨᠤᠷ᠎ᠢ ᠲᠡᠯᠡᠳᠦᠨ᠂ ᠰᠡᠳᠭᠢᠯ᠎ᠢ ᠲᠤᠪᠱᠢᠬᠤᠨᠢ ᠴᠠᠬ ᠬᠤᠭᠤᠴᠠᠬ᠋᠎ᠠ ᠡᠷᠭᠢᠨ ᠤᠷᠤᠰᠭᠤ᠂ ᠴᠢᠨᠠᠲᠤ ᠦᠯᠢᠭᠡᠷ ᠠᠬᠢᠨ ᠤᠷᠤᠱᠢᠬᠤ᠎ᠶ᠋ᠢᠨ ᠰᠤᠪᠢᠩ ᠴᠦ᠍ ᠪᠤᠯᠪᠠᠤ⁈
᠁ ᠠᠭᠤᠯᠠ᠎ᠶ᠋ᠢᠨ ᠤᠷᠤᠢ᠎ᠳᠤ ᠤᠳᠠᠭᠠᠨ ᠰᠠᠭᠤᠭ᠍ᠰᠠᠨ ᠨᠠᠳᠠᠳᠣ ᠤᠷᠢᠨ ᠦᠯᠢᠶᠡᠬᠦ᠌ ᠵᠢᠪᠡᠷ᠂ ᠤᠷᠠᠨ ᠲᠠᠭᠠᠯᠠᠬᠤ ᠨᠠᠷᠠ ᠬᠤᠶᠠᠷ ᠵᠦᠭᠡᠯᠡᠨ ᠦᠨᠦᠰᠴᠦ᠍ ᠰᠠᠨᠠᠭ᠍ᠳᠠᠨ᠂ ᠶᠠᠭᠤ ᠴᠤ᠌ ᠪᠤᠳᠤᠮᠠᠷ ᠦᠬᠡᠢ᠂ ᠡᠰᠡᠭᠦᠯ᠎ᠡ ᠶᠠᠭᠤ ᠪᠦᠬᠦᠨ᠎ᠢ ᠡᠷᠭᠢᠴᠡᠭᠦᠯᠦᠨ ᠪᠤᠳᠤᠮᠠᠷ ᠁ ᠦᠬᠡᠷ ᠴᠢᠯᠠᠭᠤ ᠨᠠᠯᠠᠨ ᠲᠠᠩᠭᠠᠢᠵᠤ᠂ ᠡᠭᠦᠯᠡᠨ ᠲᠡᠭᠡᠷ᠎ᠡ ᠬᠡᠪᠲᠡᠭᠡ ᠱᠢᠭ ᠵᠢᠷᠭᠠᠨ᠎ᠠ᠃ ᠡᠬᠡ ᠪᠠᠢᠭᠠᠯᠢ᠎ᠶ᠋ᠢᠨ ᠲᠤᠮᠳᠠ ᠡᠵᠡᠨ᠎ᠨᠢ ᠶᠦ᠍ᠮ ᠱᠢᠭ ᠡᠷᠬᠢᠮᠰᠦᠭ ᠬᠠᠨᠠᠢᠵᠤ᠂ ᠬᠦᠤ᠎ᠨᠢ ᠶᠦ᠍ᠮ ᠱᠢᠭ ᠡᠷᠬᠡᠯᠡᠨ ᠨᠢᠯᠬᠠᠷᠠᠬᠤ᠎ᠨᠢ ᠬᠦᠮᠦᠨ ᠶᠡᠷᠦ᠍᠎ᠠᠴᠠ᠎ᠪᠠᠨ ᠠᠪᠤ ᠡᠵᠢ᠎ᠠᠴᠠ ᠭᠠᠷᠤᠭ᠍ᠰᠠᠳ᠂ ᠪᠠᠰᠠᠴᠤ᠌ ᠡᠬᠡ ᠪᠠᠢᠭᠠᠯᠢ ᠠᠴᠠ ᠲᠦᠷᠦᠭ᠌ᠰᠡᠳ ᠠᠵᠢ!
ᠪᠢ ᠬᠠᠵᠠᠭᠤ ᠳᠤ ᠪᠠᠢᠬ᠋ᠠ ᠨᠠᠷᠠ ᠰᠠᠯᠬᠢᠨ᠎ᠤ ᠠᠮᠲᠠ ᠱᠢᠩᠭᠡᠭ᠌ᠰᠡᠨ ᠵᠢᠵᠢᠭ᠌ᠬᠡᠨ ᠠᠯᠠᠬ ᠴᠢᠯᠠᠭᠤ᠎ᠶ᠋ᠢ ᠠᠪᠴᠤ᠌ ᠠᠮᠠᠨ᠎ᠳᠠᠭᠠᠨ ᠬᠢᠬᠦ᠌᠎ᠳᠤ ᠦᠨᠢ ᠤᠵᠠᠭᠤᠷ᠎ᠤᠨ ᠠᠪᠤ᠎ᠶ᠋ᠢᠨ ᠦᠭᠡ ᠬᠠᠨᠭ᠌ᠭᠢᠨᠠᠪᠠ᠃
《ᠠᠷᠤ ᠶ᠋ᠢᠨ ᠠᠭᠤᠯᠠᠨ᠎ᠤ᠎ᠪᠠᠨ ᠴᠢᠯᠠᠭᠤ᠎ᠶ᠋ᠢ ᠱᠢᠮᠡᠭᠡᠷᠡᠢ᠂ ᠬᠦᠦ ᠮᠢᠨᠢ ᠤᠷᠢᠳᠤ ᠬ᠋ᠠᠵᠠᠷ᠎ᠤᠨ ᠦᠵᠦᠮ᠎ᠤᠨ ᠱᠢᠬᠢᠷ᠎ᠠᠴᠠ ᠠᠮᠲᠠᠲᠠᠢ ᠪᠠᠢᠳᠠᠭ ᠶᠤᠮ ᠱᠢᠦ》
ᠬᠡᠤᠬᠡᠳ ᠨᠠᠰᠤ᠎ᠶ᠋ᠢ ᠬᠠᠭᠤᠷᠣᠨ ᠦᠡᠭ᠌ᠭᠡᠷᠡᠭᠡᠭ᠌ᠰᠡᠨ ᠡᠨᠡ ᠦᠭᠡ ᠱᠢᠷᠭᠠᠯ ᠴᠠᠭᠠᠰᠤᠲᠠᠢ ᠱᠢᠬᠢᠷ ᠱᠢᠭ ᠤᠯᠠᠨ ᠵᠢᠯ᠎ᠢᠶᠠᠷ ᠮᠢᠨᠤ ᠰᠡᠳᠭᠢᠯ᠎ᠤᠨ ᠬᠠᠷᠮᠠᠨ᠎ᠳᠤ ᠲᠠᠭᠠᠵᠤ᠂ ᠤᠯᠠᠨ ᠵᠢᠯ ᠨᠠᠳᠠ᠎ᠳᠤ ᠲᠤᠷᠠᠰᠤᠯ᠎ᠤᠨ ᠠᠮᠲᠠ᠎ᠶ᠋ᠢ ᠬᠦᠯᠬᠦᠭᠦᠯᠵᠡᠢ᠃ ᠠᠮᠢᠳᠤᠷᠠᠯ᠎ᠤᠨ ᠬᠠᠲᠠᠭᠤ᠎ᠶ᠋ᠢ ᠶᠠᠰᠤᠨ᠎ᠤ ᠬᠠᠲᠠᠭᠤ᠎ᠪᠠᠷ᠎ᠢᠶᠠᠨ ᠲᠤᠯᠵᠤ ᠶᠠᠪᠤᠭ᠍ᠰᠠᠨ ᠠᠪᠤ ᠮᠢᠨᠢ ᠵᠦᠭᠡᠯᠡᠨ ᠠᠷᠬ᠋᠎ᠠ᠎ᠪᠠᠷ ᠨᠠᠮᠠᠶ᠋ᠢ᠎ᠪᠠᠨ ᠤᠬᠠᠭᠠᠷᠠᠭᠤᠯᠤᠨ ᠦᠰᠭᠡᠭ᠌ᠰᠡᠨ ᠪᠠᠢᠵᠤ ᠳ᠋ᠠ!
ᠤᠬ ᠤᠴᠢᠷ ᠡᠢᠮᠦ᠍᠂ ᠠᠮᠢᠳᠤᠷᠠᠯ᠎ᠤᠨ ᠶᠠᠭᠤ ᠪᠦᠬᠦᠨ ᠬ᠋ᠠᠷ ᠲᠠᠲᠠᠭᠤ ᠲᠡᠳᠡᠭᠡᠷ ᠵᠢᠯ ᠤᠳ ᠲᠤ ᠰᠠᠭᠠᠬᠠᠯᠲᠠ᠎ᠶ᠋ᠢᠨ ᠬᠦᠦ ᠬᠤᠷᠱᠢᠶᠠᠨ᠎ᠳᠤ ᠶᠠᠪᠤᠬ᠍ᠰᠠᠨ ᠠᠪᠤ ᠠᠴᠠ᠎ᠪᠠᠨ ᠬᠡᠳᠦᠨ ᠱᠢᠬᠢᠷ ᠬ᠋ᠠᠷᠳᠠᠭᠠᠳ᠂ ᠲᠡᠭᠦᠨ᠎ᠢᠶᠠᠨ ᠬ᠋ᠠᠢᠬᠠᠭᠤᠯᠬᠤᠳᠤᠨᠢ ᠮᠢᠨᠤ ᠪᠢᠴᠢᠬᠠᠨ ᠬᠡᠭᠦᠳᠡᠭ᠎ᠲᠤ ᠲᠤᠷᠠᠯᠠᠬᠤ᠂ ᠠᠲᠠᠭᠠᠷᠬᠠᠬᠤ᠂ ᠬ᠋ᠤᠮᠤᠳᠠᠬᠤᠶ᠋ᠢᠨ ᠶᠢᠰᠦᠨ ᠡᠷᠢᠶᠡᠨ ᠲᠦᠭᠦᠷᠴᠦ᠍᠂ ᠬᠠᠯᠲᠤᠰᠭᠢᠪᠠᠯ ᠬᠠᠱᠢᠯᠭ᠎ᠠ ᠰᠡᠲᠡᠯᠳᠡᠭ ᠭᠠᠱᠢᠭᠤᠨ ᠪᠤᠯᠠᠬ ᠬᠠᠮᠠᠷ᠎ᠢ ᠬᠠᠪᠴᠢᠨ ᠪᠠᠢᠬᠤ᠎ᠳᠤ ᠠᠪᠤ ᠮᠢᠨᠢ ᠮᠢᠨᠤ ᠪᠤᠷᠵᠢᠭᠢᠷ ᠦᠰᠦ᠎ᠲᠠᠢ ᠲᠤᠯᠤᠭᠠᠢ᠎ᠶ᠋ᠢ ᠢᠯᠪᠢᠨ᠂ ᠠᠷᠤ᠎ᠶ᠋ᠢᠨ ᠠᠭᠤᠯᠠᠨ᠎ᠳᠤ ᠲᠠᠭᠠᠭᠤᠯᠵᠤ ᠠᠪᠠᠴᠢᠭᠠᠳ᠂ ᠵᠢᠵᠢᠭ᠌ᠬᠡᠨ ᠴᠢᠯᠠᠭᠤ ᠡᠮᠭᠦᠭᠦᠯᠵᠦ᠍ ᠡᠨᠡ ᠬᠦ᠌ ᠦᠭᠡ᠎ᠶ᠋ᠢ ᠬᠡᠯᠡᠭ᠌ᠰᠡᠨ ᠪᠢᠯᠡ᠃
ᠠᠪᠤ᠎ᠶ᠋ᠢᠨ ᠦᠭᠡ ᠦᠨᠡᠨ ᠬᠡᠵᠦ᠍ ᠢᠲᠡᠭᠡᠳᠡᠭ ᠨᠠᠳᠠ᠎ᠳᠤ ᠦᠨᠡᠬᠡᠷ ᠱᠢᠬᠢᠷ ᠱᠢᠭ ᠰᠠᠨᠠᠭ᠍ᠳᠠᠭ᠍ᠰᠠᠨᠨᠢ᠂ ᠶᠠᠭᠤ ᠨᠢᠭᠡ᠎ᠶ᠋ᠢ ᠱᠢᠮᠡᠵᠦ᠍ ᠲᠠᠢᠳᠭᠤᠷᠠᠳᠠᠬ ᠬᠡᠤᠬᠡᠳ ᠨᠠᠰᠤᠨ᠎ᠤ ᠴᠠᠢᠯᠭᠠᠨ ᠠᠷᠠᠨᠱᠢᠨ ᠪᠤᠶᠤ ᠡᠷᠭᠢᠨ ᠲᠠᠪᠲᠠᠬ᠍ᠳᠠᠰᠢ ᠦᠬᠡᠢ ᠡᠬᠡ ᠪᠠᠢᠭᠠᠯᠢ᠎ᠶ᠋ᠢᠨ ᠠᠮᠳᠠᠶ᠋ᠢᠨᠬᠢ ᠪᠠᠢᠪᠠ᠃ ᠡᠨᠡ ᠠᠭᠤᠯᠠ ᠪᠦᠬᠦᠯᠢ᠎ᠪᠠᠷ᠎ᠢᠶᠠᠨ ᠱᠢᠬᠢᠷ ᠪᠠᠢᠵᠤ᠂ ᠦᠭᠡᠷ᠎ᠡ ᠬᠦᠮᠦᠨ᠎ᠢ ᠤᠢᠷᠠᠲᠤᠭᠤᠯᠬᠤ ᠦᠬᠡᠢ ᠬᠠᠢᠷᠠᠯᠠᠨ ᠪᠠᠢᠵᠤ ᠱᠢᠮᠡᠬᠦ᠂ ᠰᠠᠭᠠᠬᠠᠯᠲᠠ᠎ᠶ᠋ᠢᠨ ᠬᠦᠦ᠍᠎ᠶ᠋ᠢ ᠴᠦ᠍ ᠱᠢᠬᠠᠭᠤᠯᠬᠤ ᠦᠬᠡᠢ ᠬᠡᠬᠦ᠌ ᠬᠠᠷᠠᠮ᠎ᠤᠨ ᠰᠡᠳᠭᠢᠯᠭᠡ ᠡᠭᠦᠰᠦᠭ᠌ᠰᠡᠨ᠎ᠨᠢ ᠬᠠᠮᠤᠬ ᠠᠩᠬᠠᠨ᠎ᠤ ᠪᠠᠢᠭᠠᠯᠢ᠎ᠪᠠᠨ ᠬᠠᠢᠷᠠᠯᠠᠬᠤ ᠤᠬᠠᠮᠰᠠᠷ ᠪᠠᠢᠯ᠎ᠠ᠃ ᠤᠬᠠᠮᠰᠠᠷ ᠬᠡᠭ᠌ᠴᠢ ᠠᠩᠬᠠᠯᠠᠨ ᠪᠦᠷᠢᠯᠳᠦᠬᠦ᠌᠎ᠳᠡᠭᠡᠨ ᠰᠤᠨᠢᠨ ᠰᠡᠪᠡᠭᠦᠬᠡᠨ ᠠᠵᠢ᠃
《ᠪᠠᠷᠠᠭᠤᠨ ᠪᠤᠯᠠᠬᠤᠨᠢᠶᠠᠨ ᠤᠰᠤ᠎ᠶ᠋ᠢ ᠪᠠᠯᠭᠤᠭᠠᠷᠠᠢ ᠬᠦᠦ ᠮᠢᠨᠢ ᠪᠡᠭᠡᠵᠢᠩ᠂ ᠮᠦᠭ᠌ᠳᠡᠨ᠎ᠤ ᠪᠠᠯᠲᠤ ᠷᠠᠱᠢᠶᠠᠨ᠎ᠠᠴᠠ ᠠᠮᠲᠠᠲᠠᠢ ᠪᠠᠢᠳᠠᠭ ᠶᠤᠮ ᠱᠢᠦ 》
ᠠᠪᠤ᠎ᠶ᠋ᠢᠨ ᠦᠭᠡ ᠪᠠᠰᠠ ᠬᠠᠨᠭ᠌ᠭᠢᠨᠠᠨᠠ᠃
ᠬᠤᠷᠱᠢᠶᠠᠨ᠎ᠳᠤ ᠤᠴᠢᠬᠤ᠂ ᠱᠢᠬᠢᠷ ᠤᠮᠳᠠᠭᠠᠨ ᠠᠪᠬᠤ ᠬᠡᠰᠡᠨ ᠪᠠᠬ᠋᠎ᠠ ᠨᠠᠰᠤ᠎ᠶ᠋ᠢ ᠤᠬᠠᠭᠠᠯᠠᠵᠤ ᠦᠡᠭ᠌ᠭᠡᠷᠡᠭᠡᠭ᠌ᠰᠡᠨ ᠠᠪᠤ᠎ᠶ᠋ᠢᠨ ᠡᠨᠡ ᠦᠭᠡᠨ᠎ᠤ ᠱᠢᠳᠢ ᠪᠠᠷᠵᠠᠭᠠᠷ ᠠᠮᠢᠳᠤᠷᠠᠯ᠎ᠤᠨ ᠵᠢᠰᠦ᠎ᠶ᠋ᠢ ᠢᠯᠢᠵᠦ᠍᠂ ᠪᠤᠷᠭᠠᠰᠤᠨ ᠮᠤᠷᠢ᠎ᠲᠠᠢ ᠪᠤᠯᠪᠠᠷᠠᠢᠬᠠᠨ ᠵᠢᠷᠦᠬᠡ᠎ᠶ᠋ᠢ ᠮᠢᠨᠢ ᠪᠤᠯᠠᠬ ᠱᠠᠩᠳᠠ᠎ᠳᠤ ᠤᠨᠴᠠ᠎ᠶ᠋ᠢᠨ ᠬᠠᠢᠷᠠᠲᠠᠢ ᠪᠤᠯᠭᠠᠪᠠ᠃ ᠪᠠᠰᠠᠴᠤ᠌《 ᠬᠡᠭᠡᠷ᠎ᠡ᠎ᠶ᠋ᠢᠨ ᠬᠤᠷᠱᠢᠶ᠎ᠠ ᠡᠭᠦᠳᠡ᠎ᠪᠠᠨ ᠨᠡᠭᠡᠭᠡᠯ᠎ᠡ ᠬᠦᠦ ᠮᠢᠨᠢ᠂ ᠬᠦᠷᠡᠩ ᠮᠦᠢᠯ᠂ ᠴᠣᠬᠤᠷ ᠲᠤᠯᠤᠨᠤ ᠬᠦᠱᠢᠨ ᠮᠤᠨᠴᠤᠬ᠍ᠯᠠᠬ᠍ᠰᠠᠨ ᠪᠠᠢᠨ᠎ᠠ ᠱᠢᠤ 》ᠬᠡᠬᠦ᠌ ᠬᠤᠪᠳᠤᠭ ᠨᠠᠰᠤ᠎ᠶ᠋ᠢ ᠬᠠᠶᠠ ᠪᠢᠯᠠᠷᠠᠭᠤᠯᠤᠬ᠍ᠰᠠᠨ ᠡᠨᠡ ᠦᠭᠡᠨ᠎ᠤ ᠬᠢᠨᠢ ᠠᠮᠲᠠᠨ᠎ᠳᠤ ᠬᠠᠷᠠᠰᠤᠬᠠᠨ ᠠᠮᠢᠳᠤᠷᠠᠯ᠎ᠤᠨ ᠰᠦᠯ ᠨᠡᠮᠡᠭ᠌ᠳᠡᠵᠦ᠍᠂ ᠬᠠᠷ᠎ᠠ ᠲᠤᠭᠤᠭᠠᠨᠤ ᠱᠦᠯᠦ᠍ ᠨᠡᠮᠡᠭ᠌ᠳᠡᠳᠡᠭ ᠪᠠᠢᠭ᠍ᠰᠠᠨ ᠳ᠋ᠠ!
ᠡᠬᠡ ᠪᠠᠢᠭᠠᠯᠢ ᠬᠡᠭ᠌ᠴᠢ ᠶᠡᠷᠦ᠍᠎ᠳᠡᠭᠡᠨ ᠯᠠ ᠲᠤᠮᠤ ᠬᠤᠷᠱᠢᠶ᠎ᠠ᠂ ᠢᠳᠡᠭᠡᠨ ᠤᠮᠳᠠᠭᠠᠨ᠎ᠠᠴᠠ ᠡᠬᠢᠯᠡᠭᠡᠳ ᠢᠯᠴᠢ ᠲᠦᠯᠡᠭᠡᠨ᠎ᠳᠤ ᠬᠦᠷᠲᠡᠯ᠎ᠡ ᠲᠦᠯᠦᠪᠦᠷᠢ ᠦᠬᠡᠢ ᠬᠠᠨᠭ᠌ᠭᠠᠳᠠᠬ ᠬᠤᠷᠱᠢᠶ᠎ᠠ᠃ ᠬᠡᠬᠦ᠌᠎ᠳᠡᠭᠡᠨ ᠬᠦᠮᠦᠰ ᠬᠢᠮᠠᠭᠠᠳᠠᠬᠤ᠎ᠶ᠋ᠢᠨ ᠶᠤᠰᠤ᠎ᠶ᠋ᠢ ᠲᠠᠩᠴᠢ ᠬᠤᠵᠢᠭᠤ ᠤᠬᠠᠭᠠᠷᠠᠵᠤ᠂ ᠰᠠᠷᠪᠠᠢᠬᠤ᠎ᠶ᠋ᠢᠨ ᠱᠢᠨᠤᠯᠢ ᠳᠡᠩᠳᠡᠭᠦᠤ ᠬᠡᠴᠡᠭᠦᠤ ᠪᠤᠢᠵᠢᠭᠤᠯᠤᠭ᠍ᠰᠠᠨ᠎ᠠᠴᠠ ᠡᠯᠪᠡᠭ᠎ᠨᠢ ᠨᠢᠮᠭᠡᠷᠡᠵᠦ᠍᠂ ᠡᠯᠳᠡᠩ᠎ᠨᠢ ᠴᠦᠬᠡᠷᠡᠵᠦ᠍ ᠪᠠᠢᠭ᠎ᠠ ᠯᠠ ᠶᠣᠮ ᠳ᠋ᠠ!
ᠡᠬᠡ ᠪᠠᠢᠭᠠᠯᠢ᠎ᠳᠠᠭᠠᠨ ᠬᠠᠢᠷᠠᠲᠠᠢ ᠬᠦᠮᠦᠨ᠎ᠤ ᠦᠭᠡ᠎ᠨᠢ ᠪᠦᠷ ᠡᠬᠡ ᠪᠠᠢᠭᠠᠯᠢ! ᠠᠪᠤ ᠮᠢᠨᠢ ᠢᠡᠭ᠌ᠬᠢᠵᠦ᠍ ᠦᠭᠡ᠎ᠪᠠᠷ᠎ᠢᠶᠠᠨ᠂ ᠦᠢᠯᠡ ᠶᠠᠪᠤᠳᠠᠯ᠎ᠢᠶᠠᠷ᠎ᠢᠶᠠᠨ ᠦᠪᠡᠷ᠎ᠢ ᠮᠢᠨᠢ ᠡᠬᠡ ᠪᠠᠢᠭᠠᠯᠢ ᠵᠦᠭ ᠬᠦᠲᠦᠯᠦᠭ᠌ᠰᠡᠭᠡᠷ ᠪᠠᠢᠵᠤ᠂ ᠨᠢᠭᠡ ᠯᠠ ᠮᠡᠳᠡᠬᠦ᠌᠎ᠳᠤ ᠬᠠᠳᠠ ᠴᠢᠯᠠᠭᠤ᠂ ᠪᠤᠯᠠᠬ ᠱᠠᠩᠳᠠ᠂ ᠬᠡᠭᠡᠷ᠎ᠡ ᠲᠠᠯ᠎ᠠ᠎ᠳᠤ ᠬᠠᠴᠢᠨ ᠬᠠᠢᠷᠠᠲᠠᠢ ᠬᠦᠮᠦᠨ ᠪᠤᠯᠭᠠᠭ᠍ᠰᠠᠨ᠎ᠨᠢ ᠦᠨᠦᠳᠦᠷ᠎ᠤᠨ ᠦᠨᠳᠦᠷ ᠲᠤᠮᠤ ᠪᠢ!
ᠬᠠᠷᠢᠨ ᠠᠪᠤ ᠮᠢᠨᠢ ᠡᠪᠡᠰᠦ ᠱᠢᠭ ᠨᠠᠮᠠᠶ᠋ᠢ ᠮᠤᠳᠤ ᠪᠤᠯᠲᠠᠯ᠎ᠠ ᠬᠦᠲᠦᠯᠦᠭᠡᠳ ᠦᠪᠡᠷ᠎ᠢᠶᠠᠨ ᠵᠢᠮᠢᠰ ᠪᠤᠯᠬᠤ᠎ᠪᠠᠷ ᠶᠠᠪᠤᠴᠢᠬᠠᠵᠠᠢ᠃ ᠡᠷᠭᠢᠬᠦ᠌ ᠲᠦᠷᠪᠡᠨ ᠤᠯᠠᠷᠢᠯ᠎ᠳᠤ ᠡᠷᠳᠡᠨᠢᠲᠦ ᠱᠢᠯᠦᠭ ᠮᠡᠲᠦ ᠦᠭᠡ᠎ᠶ᠋ᠢ᠎ᠨᠢ ᠡᠪᠴᠢᠭᠦᠨ᠎ᠳᠡᠭᠡᠨ ᠰᠡᠢᠯᠵᠦ᠍᠂ ᠡᠩ ᠦᠬᠡᠢ ᠲᠠᠩᠰᠤᠭ ᠦᠭᠡᠨ᠎ᠤ ᠱᠢᠮ᠎ᠡ᠎ᠶ᠋ᠢ᠎ᠨᠢ ᠵᠡᠭᠦᠳᠦᠯᠡᠨ ᠵᠡᠭᠦᠳᠦᠯᠡᠨ ᠲᠠᠮᠱᠢᠶᠠᠯᠠᠬᠤᠨᠢ ᠵᠦᠯᠭᠦᠵᠦ᠍ ᠬᠠᠲᠠᠬᠤ ᠦᠬᠡᠢ ᠨᠢᠯᠪᠤᠰᠤ᠂ ᠵᠠᠯᠭᠢᠵᠤ ᠬᠠᠨᠤᠬᠤ ᠦᠬᠡᠢ ᠲᠤᠷᠠᠰᠤᠯ ᠪᠤᠶᠤ!
ᠬᠦᠮᠦᠨ᠎ᠨᠢ ᠦᠯᠡᠳᠡᠭᠡ ᠦᠬᠡᠢ ᠴᠦ᠍ ᠦᠭᠡ᠎ᠨᠢ ᠦᠯᠡᠳᠡᠬᠦ᠌ ᠶᠠᠮᠠᠷ ᠴᠤ᠌ ᠬᠡᠴᠡᠭᠦᠤ ᠬᠤᠷᠸ᠎ᠠ ᠶᠤᠮ ᠳ᠋ᠠ᠂ ᠠᠪᠤ ᠮᠢᠨᠢ!
ᠠᠪᠤ᠎ᠶ᠋ᠢᠨ ᠦᠭᠡ᠎ᠶ᠋ᠢ ᠦᠷᠬᠦᠯᠵᠢᠯᠡᠭᠦᠯᠬᠦ᠌ ᠤᠴᠢᠷᠳᠠᠢ ᠱᠠᠯᠠᠭ᠎ᠠ ᠬᠡᠨ ᠨᠢᠭᠡᠨ ᠲᠠᠯᠪᠢᠬᠤ ᠱᠢᠬ ᠰᠠᠨᠠᠬ᠍ᠳᠠᠬᠤᠪᠠᠷᠨᠢ ᠪᠢ ᠦᠨᠳᠡᠢᠪᠡ᠃
ᠠᠪᠤ᠎ᠶ᠋ᠢᠨ ᠲᠤᠬᠠᠢ ᠲᠠᠭᠤᠤ ᠲᠠᠭᠤᠯᠠᠵᠤ᠂ ᠠᠪᠤ᠎ᠶ᠋ᠢᠨ ᠠᠴᠢ ᠭᠠᠪᠢᠶ᠎ᠠ᠎ᠶ᠋ᠢ ᠲᠤᠷᠠᠰᠤᠨ ᠮᠡᠭ᠌ᠰᠢᠵᠦ᠍ ᠶᠠᠪᠤᠭ᠍ᠰᠠᠨ ᠪᠢ ᠤᠳᠤ ᠠᠪᠤ ᠱᠢᠬ᠎ᠢᠶᠠᠨ ᠠᠪᠤ᠂ ᠠᠬᠠᠳᠠᠭᠤᠯᠵᠤ ᠬᠡᠯᠡᠪᠡᠯ ᠲᠠᠭᠤᠤ ᠱᠢᠬ᠂ ᠱᠢᠯᠦᠭ ᠱᠢᠭ ᠰᠠᠢᠬᠠᠨ ᠠᠪᠤ ᠪᠤᠯᠬᠤ ᠤᠴᠢᠷ᠎ᠲᠠᠢ᠃ ᠶᠠᠬ ᠯᠠ ᠬᠡᠭᠡᠨ ᠤᠷᠴᠢᠯᠠᠩ᠎ᠢ ᠪᠠᠭ᠍ᠲᠠᠭᠠᠵᠤ ᠨᠠᠯᠠᠢᠭ᠍ᠰᠠᠨ ᠲᠡᠢᠮᠦ᠍ ᠨᠢᠭᠡ ᠰᠠᠢᠬᠠᠨ ᠠᠪᠤ! ᠲᠡᠭᠡᠭᠡᠳ ᠬᠦᠦ᠍᠎ᠪᠠᠨ ᠲᠠᠭᠠᠭᠤᠯᠵᠤ᠂ ᠬᠠᠳᠠ ᠴᠢᠯᠠᠭᠤ᠂ ᠪᠤᠯᠠᠬ ᠱᠠᠩᠳᠠ᠂ ᠬᠡᠭᠡᠷ᠎ᠡ ᠲᠠᠯ᠎ᠠ᠎ᠪᠠᠷ ᠲᠤᠭᠤᠷᠢᠵᠦ᠍᠂ ᠡᠬᠡ ᠪᠠᠢᠭᠠᠯᠢ᠎ᠶ᠋ᠢ ᠲᠠᠨᠢᠭᠤᠯᠤᠨ᠂ ᠡᠬᠡ ᠪᠠᠢᠭᠠᠯᠢ᠎ᠶ᠋ᠢ ᠬᠠᠢᠷᠠᠯᠠᠬᠤ ᠤᠬᠠᠮᠰᠠᠷ᠎ᠢ ᠪᠠᠬ᠋ᠠᠠᠴᠠᠨᠢ ᠲᠠᠪᠲᠠᠵᠤ᠂ 《ᠬᠠ ᠬᠢᠰᠭᠢᠭ᠌ᠰᠡᠨ ᠭᠠᠵᠠᠷ ᠬ᠋ᠤᠶᠠ》 ᠬᠡᠬᠦ᠌ ᠬᠦᠮᠦᠨ ᠤᠷᠴᠢᠯᠠᠩ ᠤᠨ ᠦᠨᠡᠨ᠎ᠤ ᠴᠠᠭᠠᠨ ᠵᠢᠮ᠎ᠡ᠎ᠶ᠋ᠢ ᠮᠦᠷᠳᠡᠵᠦ᠍᠂ ᠦᠷᠬᠦᠯᠵᠢᠯᠡᠬᠦᠯᠵᠦ᠍᠂ ᠭᠦᠢᠴᠡᠭᠡᠵᠦ᠍ ᠶᠠᠪᠤᠭ᠎ᠠ᠃ ᠠᠮᠢᠳᠤᠷᠠᠯ᠂ ᠠᠮᠢᠳᠤᠷᠠᠯ ᠬᠡᠭ᠌ᠴᠢ ᠶᠡᠷᠦ᠍᠎ᠠᠴᠠ᠎ᠪᠠᠨ ᠡᠢᠮᠦ᠍ ᠯᠠ ᠶᠤᠮ ᠳ᠋ᠠ!
ᠮᠢᠨᠤ ᠠᠳᠭᠣᠷᠠᠬ᠍ᠰᠠᠨ ᠪᠡᠶ᠎ᠡ ᠲᠠᠯᠪᠢᠬ᠍ᠳᠠᠵᠤ᠂ ᠠᠯᠳᠠᠭᠤᠷᠠᠭ᠍ᠰᠠᠨ ᠰᠡᠳᠭᠢᠯ ᠬᠤᠮᠢᠬ᠍ᠳᠡᠪᠠ᠃
ᠠᠪᠤ᠎ᠶ᠋ᠢᠨ ᠦᠭᠡ ᠱᠢᠳᠢ᠎ᠲᠠᠢ᠂ ᠠᠮᠢ᠎ᠲᠠᠢ᠂ ᠠᠯᠲᠠᠨ ᠴᠦᠭᠦᠴᠡ ᠮᠡᠲᠦ ᠡᠩᠬᠡ᠎ᠶ᠋ᠢᠨ ᠪᠠᠳᠮ᠎ᠠ᠎ᠲᠠᠢ᠂ ᠠᠯᠲᠠᠨ ᠲᠤᠪᠴᠢᠶᠠᠨ ᠮᠡᠳᠦ ᠮᠦᠡᠭ᠌ᠬᠡᠶ᠋ᠢᠨ ᠵᠢᠩ᠎ᠲᠠᠢ᠃
ᠠᠪᠤ᠎ᠶ᠋ᠢᠨ ᠦᠭᠡᠨ᠎ᠤ ᠬᠠᠳᠠᠭᠠᠯᠠᠬᠤ᠎ᠶ᠋ᠢᠨ ᠴᠡᠭᠡᠵᠢ᠂ ᠠᠴᠢᠶᠠᠯᠠᠬᠤ᠎ᠶ᠋ᠢᠨ ᠨᠢᠷᠤᠭᠤ᠂ ᠤᠯᠠᠮᠵᠢᠯᠠᠬᠤ᠎ᠶ᠋ᠢᠨ ᠤᠯᠠᠬ᠋ᠠ ᠪᠣᠯᠵᠣ ᠶᠠᠪᠤᠨ᠎ᠠ ᠡ ᠪᠢ᠃