ᠵᠢᠷᠬᠢᠵᠤ ᠢᠷᠡᠭ᠌ᠰᠠᠨ ᠵᠤᠨ ᠵᠢᠷᠦᠭᠡᠨ ᠲᠤᠯᠳᠤ᠎ᠳᠤ ᠡᠭᠡᠨᠡᠭ᠌ᠰᠢᠬᠦᠢ
ᠵᠠᠭᠤᠨ ᠴᠡᠴᠡᠭᠡᠰ᠎ᠤᠨ ᠲᠠᠯᠪᠢ ᠵᠦᠢᠯ᠎ᠤᠨ ᠦᠡᠭ᠌ᠭᠡ᠎ᠪᠠᠷ ᠮᠢᠷᠠᠯᠵᠠᠬᠤᠢ
ᠵᠦᠭᠡᠯᠡᠨ ᠵᠦᠭᠡᠯᠡᠨ ᠪᠤᠷᠤᠭᠠᠨ᠎ᠤ ᠲᠤᠰᠤᠯ ᠴᠡᠭᠡᠨ ᠮᠡᠯᠮᠡᠢ᠎ᠳᠤ ᠪᠦᠵᠢᠬᠦᠢ
ᠵᠢᠬᠦᠷ ᠲᠠᠪᠢᠭ᠌ᠰᠡᠨ ᠮᠢᠩᠭᠠᠨ ᠱᠢᠪᠠᠭᠤᠳ ᠵᠦᠡᠭ ᠰᠤᠪᠢᠡᠭ ᠠᠨᠢᠷᠯᠠᠬᠤᠢ
ᠨᠠᠷᠠᠨ᠎ᠤ ᠠᠯᠳᠠᠩᠬᠠᠨ ᠲᠤᠶᠠᠭ᠎ᠠ ᠨᠠᠪᠴᠢᠰ᠎ᠤᠨ ᠭᠡᠯ᠎ᠠ᠎ᠪᠠᠷ ᠲᠠᠭᠤᠯᠠᠬᠤᠢ
ᠨᠠᠳᠠ᠎ᠳᠤ ᠱᠢᠪᠡᠨᠡᠭ᠌ᠰᠠᠨ ᠪᠢᠴᠢᠯ ᠵᠠᠬᠢᠶ᠎ᠠ ᠨᠠᠭᠤᠷ᠎ᠤᠨ ᠬᠦᠪᠡᠭᠡᠨ᠎ᠳᠤ ᠴᠡᠴᠡᠭ᠌ᠯᠡᠬᠦᠢ
ᠨᠠᠭᠠᠳᠴᠤ ᠦᠰᠦᠭ᠌ᠰᠠᠨ ᠪᠤᠷᠤ ᠪᠠᠭᠤᠴᠠ᠎ᠶ᠋ᠢᠨ ᠰᠠᠯᠬᠢ ᠭᠡᠨᠡᠨ ᠨᠠᠰᠤ᠎ᠶ᠋ᠢ ᠦᠬᠦᠯᠠᠬᠦᠢ
ᠨᠠᠢᠷ᠎ᠲᠤ ᠲᠠᠪᠬᠢᠭ᠍ᠰᠠᠨ ᠬᠦᠯᠦᠭ᠎ᠤᠨ ᠲᠤᠭᠤᠷᠠᠢ ᠲᠠᠯ᠎ᠠ᠎ᠶ᠋ᠢᠨ ᠰᠤᠨᠤᠷ᠎ᠢ ᠲᠤᠪᠱᠢᠬᠤᠢ
ᠰᠠᠷᠠ᠎ᠲᠠᠢ ᠭᠡᠭᠡᠷ ᠤᠨᠠᠭ᠎ᠠ ᠤᠨᠢᠶᠠᠷ ᠮᠠᠨᠠᠨ ᠲᠤᠮᠳᠠ ᠲᠤᠭ᠍ᠯᠠᠬᠤᠢ
ᠰᠠᠭᠠᠯᠢ ᠰᠦ᠎ᠶ᠋ᠢᠨ ᠦᠨᠦᠷ ᠲᠠᠨᠵᠢ᠎ᠶ᠋ᠢᠨ ᠵᠤᠰᠠᠭᠠᠯ᠎ᠠᠴᠠ ᠰᠠᠩᠬᠢᠨᠠᠬᠦᠢ
ᠰᠠᠷ ᠰᠠᠷ ᠨᠠᠮᠵᠢᠭᠤᠬᠠᠨ ᠵᠢᠪᠡᠷ ᠬᠠᠴᠡᠷ ᠨᠢᠭᠤᠷ᠎ᠢ ᠠᠶᠠᠷ ᠠᠶᠠᠷᠬᠠᠨ ᠢᠯᠪᠢᠬᠦᠢ
ᠰᠡᠳᠭᠢᠯ ᠢᠳᠡᠭᠡᠯ᠎ᠤᠨ ᠵᠠᠢᠴᠢᠨᠳᠤ ᠨᠠᠢᠷᠠᠭ᠎ᠤᠨ ᠤᠷᠠᠨ ᠮᠠᠳᠠᠷᠠᠮᠵᠢ ᠭᠡᠷᠡᠯᠳᠦᠬᠦᠢ
ᠡᠷᠭᠡᠰ ᠪᠦᠳᠦᠨ ᠲᠠᠯ᠎ᠠ᠎ᠶ᠋ᠢᠨ ᠦᠷᠦᠴᠠ ᠲᠤᠷᠭᠠᠨ ᠲᠤᠯᠬᠢᠶ᠎ᠠ ᠬᠠᠶᠠᠯᠠᠬᠤᠢ
ᠡᠴᠢᠭᠡ᠎ᠶ᠋ᠢᠨ ᠬᠠᠢᠷᠠᠳᠠᠢ ᠨᠤᠳᠤᠭ ᠲᠤᠯᠤᠭᠠᠨ ᠦᠡᠭ᠌ᠭᠡ᠎ᠪᠠᠷ ᠰᠤᠯᠤᠩᠭᠠᠷᠠᠬᠤᠢ
ᠡᠩᠬᠦᠷᠠᠢ ᠵᠢᠭᠠᠬᠠᠨ ᠪᠤᠷᠮ᠎ᠠ᠎ᠶ᠋ᠢᠨ ᠲᠤᠷᠳᠤᠩ ᠠᠯᠴᠢᠭᠤᠷ ᠬᠠᠷᠠᠴᠠᠨ᠎ᠳᠤ ᠲᠠᠷᠪᠡᠬᠦᠢ
ᠡᠭᠡᠱᠢᠭ᠌ᠯᠡᠵᠤ ᠤᠶᠠᠷᠠᠭ᠍ᠰᠠᠨ ᠪᠤᠳᠤᠯ᠎ᠤᠨ ᠴᠠᠩᠭᠡᠷ ᠵᠤᠨ ᠭᠤᠴᠤ᠌ ᠦᠵᠠᠮᠵᠢ ᠤᠷᠠᠯᠠᠬᠤᠢ!