ᠬᠥᠭ᠎ᠢᠶᠠᠨ ᠠᠯᠳᠠᠭᠰᠠᠨ ᠬᠦᠢᠲᠡᠨ ᠰᠠᠯᠬᠢ ᠦᠳᠡᠰᠢ᠎ᠶᠢᠨ ᠪᠦᠷᠦᠢ᠎ᠳᠤ ᠰᠡᠩᠭᠢᠨᠡᠨ
ᠬᠡᠶ᠋ᠢᠳ᠎ᠤᠨ ᠬᠣᠩᠬᠣᠨ ᠳᠠᠭᠤᠨ᠎ᠳᠤ ᠭᠠᠨᠢᠬᠠᠷᠠᠭᠰᠠᠨ ᠪᠣᠳᠤᠯ ᠭᠡᠨᠡᠳᠲᠡ ᠰᠡᠮᠡᠷᠡᠭᠡᠳ
ᠵᠣᠭᠤᠭᠳᠠᠵᠤ ᠬᠠᠨᠤᠭ᠎ᠠ ᠦᠭᠡᠢ ᠶᠠᠷᠢᠶ᠎ᠠ᠎ᠪᠠᠨ ᠠᠶᠠᠷᠬᠠᠨ ᠲᠡᠭᠦᠰᠭᠡᠵᠦ᠍
ᠵᠤᠭᠠᠯᠠᠵᠤ ᠶᠠᠪᠤᠭᠰᠠᠨ ᠵᠤᠨ᠎ᠤ ᠰᠦᠨᠢ᠎ᠶᠢᠨ ᠭᠡᠷᠡᠯᠲᠦ᠍ ᠮᠦᠴᠡ᠎ᠪᠠᠨ ᠳᠤᠷᠠᠰᠴᠤ᠌ ᠴᠢᠮᠠᠶ᠋ᠢ ᠦᠭᠡᠶ᠋ᠢᠯᠡᠨᠡᠮ
ᠠᠷᠢᠬᠢᠨ ᠬᠤᠨᠳᠠᠭ᠎ᠠ ᠲᠤᠯᠭᠠᠵᠤ ᠨᠠᠶ᠋ᠢᠷᠯᠠᠵᠤ ᠠᠮᠵᠢᠭ᠎ᠠ ᠦᠭᠡᠢ
ᠠᠬᠢᠭᠠᠳ ᠪᠢᠳᠡ ᠬᠣᠶᠠᠷ ᠪᠣᠯᠵᠤᠭᠠᠨ᠎ᠳᠠᠭᠠᠨ ᠣᠴᠢᠬᠤ ᠦᠭᠡᠢ
ᠠᠷᠤ᠎ᠠᠴᠠ ᠴᠢᠨᠢ ᠬᠠᠷᠠᠵᠤ ᠮᠡᠯᠮᠡᠷᠡᠨ ᠤᠳᠠᠬᠤᠳ᠋ᠠᠭᠠᠨ
ᠠᠭᠠᠵᠢᠮᠬᠠᠨ ᠰᠢᠪᠡᠨᠡᠭᠰᠡᠨ ᠰᠡᠳᠭᠢᠯ᠎ᠤᠨ ᠭᠤᠨᠢᠭ᠎ᠢᠶᠠᠨ ᠰᠠᠷᠠᠨ᠎ᠤ ᠭᠡᠷᠡᠯᠳᠤ ᠠᠷᠭᠠᠳᠠᠭᠰᠠᠨ ᠶᠤᠮ
ᠡᠮᠵᠡᠭ ᠲᠣᠷᠢᠬᠠᠨ ᠰᠡᠳᠭᠢᠯ᠎ᠤᠨ ᠮᠢᠨᠢ ᠭᠡᠨᠡᠨ ᠴᠠᠭᠠᠨ᠎ᠢ ᠮᠡᠳᠡᠷᠡᠵᠦ᠍
ᠥᠭᠡᠷ᠎ᠡ ᠬᠡᠥᠬᠡᠨ᠎ᠤ ᠡᠩᠭᠡᠷᠲᠤ᠌ ᠴᠢ ᠴᠡᠴᠡᠭ ᠪᠣᠯᠭᠠᠨ ᠪᠡᠯᠡᠭᠯᠡᠭᠰᠡᠨ ᠶᠤᠮ
ᠦᠯᠢᠭᠡᠷ ᠤᠴᠢᠭ᠎ᠤᠨ ᠴᠢᠨᠢ ᠰᠠᠶ᠋ᠢᠬᠠᠨ᠎ᠳᠤ ᠪᠢ ᠦᠩᠭᠡᠷᠡᠦ ᠬᠣᠷᠭᠤᠳᠠᠭᠠ ᠦᠭᠡᠢ
ᠡᠷᠪᠡᠬᠡᠢ ᠰᠢᠭ ᠳᠠᠯᠠᠪᠴᠢ᠎ᠪᠠᠨ ᠳᠡᠯᠭᠡᠨ ᠬᠣᠯᠠᠬᠠᠨ ᠨᠢᠰᠦᠭᠰᠡᠨ ᠶᠤᠮ
ᠰᠣᠯᠢᠷ ᠣᠳᠤ ᠰᠢᠬ ᠭᠢᠯᠠᠰᠭᠢᠨ ᠦᠩᠭᠡᠷᠡᠭᠰᠡᠨ ᠡᠨᠡ ᠯᠠ ᠬᠠᠶ᠋ᠢᠷ᠎ᠠ
ᠰᠡᠮᠬᠡᠨ ᠰᠢᠷᠳᠡᠬᠦ᠌ ᠬᠠᠷᠠᠴᠠᠨ᠎ᠳᠤ ᠴᠢᠨᠢ ᠢᠪᠢᠯᠣᠨ ᠵᠡᠭᠦᠳᠦᠨ᠎ᠳᠤ ᠢᠷᠡᠬᠦ᠌᠎ᠳᠤ
ᠰᠡᠯᠡᠭᠦᠨ ᠰᠦᠨᠢ᠎ᠶᠢᠨ ᠬᠠᠷᠠᠩᠭᠤᠢ᠎ᠶᠢ ᠨᠡᠪᠲᠠ ᠲᠤᠭᠤᠯᠤᠭᠰᠠᠭᠠᠷ
ᠰᠡᠷᠳ᠋᠎ᠬᠢᠨ ᠳᠡᠭᠳᠡᠭᠰᠡᠨ ᠭᠠᠯ᠎ᠤᠨ ᠴᠣᠭ ᠮᠡᠲᠤ᠌ ᠬᠠᠷᠠᠭᠳᠠᠳᠠᠭ ᠶᠤᠮ
ᠡᠩ ᠠᠮᠢᠳᠤᠷᠠᠯ᠎ᠳᠠᠭᠠᠨ ᠣᠶ᠋ᠢᠳᠬᠣ ᠪᠦᠷᠢ ᠴᠢᠮᠠᠶ᠋ᠢ ᠰᠠᠨᠠᠳᠠᠭ
ᠦᠨᠤᠬᠢ ᠬᠠᠯᠠᠭᠤᠨ ᠬᠠᠷᠠᠴᠠ ᠴᠢᠨᠢ ᠵᠢᠷᠤᠬᠡᠨ᠎ᠳᠤ ᠠᠶᠠᠲᠠᠢ ᠳᠤᠰᠤᠨ᠎ᠠ
ᠦᠨᠡᠭᠡᠨ ᠬᠠᠷᠠᠩᠭᠤᠢ᠎ᠳᠤ ᠠᠨᠢᠪᠴᠢᠯᠠᠨ ᠭᠡᠷᠡᠯᠳᠤᠬᠦ᠌ ᠣᠳᠤᠳ᠎ᠢ ᠪᠠᠷᠠᠯᠠᠵᠤ
ᠦᠩᠭᠡᠷᠡᠭᠰᠡᠨ ᠳᠤᠷᠠᠰᠤᠮᠵᠢ᠎ᠪᠠᠨ ᠬᠡᠯᠬᠢᠨ ᠰᠡᠳᠭᠢᠯ ᠰᠡᠷᠭᠦᠵᠦ᠍ ᠰᠠᠭᠤᠬᠤ ᠰᠠᠨ