ᠨᠠᠷᠠᠨ᠎ᠤ ᠦᠭᠢᠨ
2026-07-01 11:05:18
ᠵᠣᠬᠢᠶᠠᠭ᠍ᠴᠢ᠄
ᠦ᠋ ᠵᠸᠩ ᠶᠣᠸᠠᠢ
ᠣᠩᠱᠢᠭ᠍ᠰᠠᠨ ᠣᠳᠠᠭ᠎ᠠ᠄
★★★☆☆

ᠪᠢ ᠨᠠᠷᠠᠨ᠎ᠤ ᠦᠭᠢᠨ᠃ ᠨᠠᠢᠷᠠᠮᠳᠠᠭᠤ ᠤᠷᠤᠱᠢᠬᠤ ᠡᠭᠡ ᠤᠷᠤᠨ᠎ᠤ᠎ᠪᠠᠨ ᠦᠷ᠎ᠡ ᠰᠠᠳᠤᠨ᠃ ᠦᠷᠯᠦᠭᠡ ᠪᠤᠯᠭᠠᠨ ᠦᠷᠦᠮᠡᠨ ᠱᠢᠷᠭᠠᠯ ᠰᠦ᠎ᠲᠠᠢ ᠴᠠᠢ᠎ᠪᠠᠨ ᠪᠠᠯᠭᠤᠬᠤ᠎ᠳᠠᠭᠠᠨ ᠨᠠᠷᠠᠨ᠎ᠤ ᠪᠤᠳᠤᠭ ᠱᠢᠩᠭᠡᠭ᠌ᠰᠡᠨ ᠴᠦ᠍ ᠶᠤᠮ ᠤᠤ? ᠭᠡᠵᠦ᠍ ᠰᠠᠨᠠᠬᠤ᠎ᠠᠴᠠ ᠦᠪᠡᠷ᠎ᠤᠨ ᠡᠷᠭᠡ ᠦᠭᠡᠢ ᠵᠢᠷᠦᠭᠡ ᠲᠤᠭ᠍ᠳᠤᠯᠵᠦ᠍ ᠪᠡᠶ᠎ᠡ ᠰᠡᠳᠭᠢᠯ ᠬᠦᠩᠭᠡᠷᠡᠨ᠎ᠡ᠃

ᠲᠡᠯᠡᠭᠡᠢ ᠨᠠᠷᠠ᠎ᠲᠠᠢ᠎ᠳᠠᠭᠠᠨ ᠰᠠᠢᠬᠠᠨ᠃ ᠡᠪᠡᠰᠦ ᠨᠠᠪᠴᠢ᠎ᠠᠴᠠ ᠡᠭᠢᠯᠡᠭᠡᠳ ᠤᠢ ᠮᠤᠳᠤ᠂ ᠠᠭᠤᠯᠠ ᠴᠢᠯᠠᠭᠤ ᠂ ᠭᠤᠤᠯ ᠭᠤᠷᠤᠬ᠎ᠠ᠂ ᠦᠴᠦᠭᠡᠨ ᠱᠢᠷᠭᠤᠯᠵᠢ ᠬᠦᠷᠳᠡᠯ᠎ᠡ ᠨᠠᠷᠠᠨ᠎ᠤ ᠭᠡᠷᠡᠯ ᠢᠯᠴᠢ᠎ᠪᠠᠷ ᠠᠮᠢᠳᠤᠷᠠᠵᠦ᠍ ᠤᠷᠤᠱᠢᠳᠠᠭ᠃ ᠭᠡᠬᠦ᠌᠎ᠳᠡᠭᠡᠨ ᠠᠮᠢ᠎ᠲᠠᠢ ᠪᠦᠬᠦᠨ ᠨᠠᠷᠠᠨ ᠵᠦᠭ ᠵᠢᠳᠬᠦᠵᠦ᠍ ᠲᠡᠮᠡᠣᠯᠦᠨ᠎ᠡ᠃ ᠭᠡᠷᠡᠯ ᠭᠡᠭᠡ᠎ᠳᠤ ᠲᠤᠷᠠᠳᠠᠢ᠎ᠶ᠋ᠢᠨ᠎ᠬᠢ ᠪᠢᠵᠡ⁈

ᠤᠶᠠᠭᠠᠨ᠎ᠤ ᠬᠦᠯᠦᠭ ᠦᠤᠷᠰᠡᠨ ᠴᠤᠪᠬᠤᠴᠢᠵᠦ᠍ ᠦᠷᠯᠦᠭᠡ ᠪᠤᠯᠭᠠᠨ ᠨᠠᠷᠠ᠎ᠶ᠋ᠢ ᠤᠭ᠍ᠳᠤᠨ᠎ᠠ᠃ ᠦᠷ᠎ᠢᠶᠠᠷ ᠵᠢᠷᠭᠢᠭ᠌ᠰᠡᠨ ᠱᠢᠪᠠᠭᠤᠳ ᠤᠷᠭᠤᠵᠦ᠍ ᠰᠠᠴᠤᠷᠠᠬᠤ ᠨᠠᠷᠠᠨ ᠵᠦᠭ ᠨᠢᠰᠦᠨ᠎ᠡ᠃ ᠡᠵᠢ᠎ᠶ᠋ᠢᠨ ᠮᠢᠨᠢ ᠡᠷᠭᠦᠭ᠌ᠰᠡᠨ ᠰᠠᠴᠤᠯᠢ ᠴᠦ᠍ ᠨᠠᠷᠠᠨ᠎ᠳᠤ ᠬᠦᠷᠴᠦ᠍ ᠬᠠᠩᠬᠤᠯᠵᠦ᠍ ᠰᠡᠩᠭᠢᠨᠡᠨ᠎ᠡ᠃ ᠲᠤᠭᠤᠭ᠎ᠠ᠎ᠲᠠᠢ ᠬᠤᠨᠢᠨ ᠮᠢᠬ᠎ᠠ ᠬᠠᠪᠬᠠᠭᠠᠰᠤ᠎ᠪᠠᠨ ᠡᠷᠬᠦᠵᠦ᠍ ᠠᠭᠤᠷ᠎ᠨᠢ ᠠᠩᠭᠢᠯᠵᠦ᠍ ᠦᠭᠡᠳᠡ᠎ᠪᠠᠨ ᠰᠠᠪᠰᠠᠯᠠᠨ᠎ᠠ᠃

ᠨᠠᠷᠠ ᠪᠤᠯ ᠬᠠᠢᠷ᠎ᠠ᠃ ᠢᠯᠴᠢ ᠭᠡᠷᠡᠯ᠎ᠢᠶᠠᠨ ᠶᠢᠷᠳᠢᠨᠴᠦ᠍᠎ᠳᠤ ᠲᠦᠭᠡᠭᠡᠭ᠌ᠰᠡᠨ ᠦᠭ᠌ᠭᠢᠶᠡᠮᠦᠷ ᠰᠡᠳᠭᠢᠯ᠎ᠲᠠᠢ ᠡᠵᠢ᠎ᠶ᠋ᠢᠨ ᠠᠷᠢᠭᠤᠨ ᠴᠠᠭᠠᠨ ᠬᠠᠢᠷ᠎ᠠ᠃ ᠤᠷᠴᠢᠯᠠᠩ ᠨᠠᠷᠨ᠎ᠪᠠᠷ ᠡᠭᠢᠯᠡᠵᠦ᠍ ᠲᠡᠯᠭᠡᠷᠡᠵᠦ᠍ ᠦᠷᠭᠡᠵᠢᠭ᠌ᠰᠡᠨ ᠭᠡᠬᠦ᠌᠎ᠳᠤ ᠠᠮᠢᠳᠤᠷᠠᠯ ᠨᠠᠷᠠᠨ᠎ᠤ ᠬᠠᠢᠷ᠎ᠠ ᠲᠡᠭᠡᠷ᠎ᠡ ᠲᠠᠢᠪᠤᠩ ᠰᠠᠭᠠᠳᠠᠵᠦ᠍᠂ ᠵᠢᠷᠭᠠᠯ᠎ᠢᠶᠠᠷ ᠮᠦᠱᠢᠶᠡᠨ᠎ᠡ᠃

ᠠᠽᠢᠶ᠎ᠠ᠎ᠶ᠋ᠢᠨ ᠡᠯᠢᠬᠡᠨ᠎ᠳᠤ ᠰᠡᠬᠦᠢᠵᠦ᠍ ᠰᠦᠨᠳᠡᠷᠯᠡᠭ᠌ᠰᠡᠨ ᠠᠭᠤᠤ ᠶᠡᠭᠡ ᠡᠬᠡ ᠣᠯᠣᠰ᠎ᠢ ᠮᠢᠨᠢ ᠬᠠᠷᠠᠩᠭᠤᠢ᠎ᠠᠴᠠ ᠭᠡᠢᠬᠦᠯᠵᠦ᠍᠂ ᠨᠠᠢᠭᠡᠮ ᠵᠢᠷᠤᠮᠳᠤ ᠵᠠᠮ᠎ᠢᠶᠠᠷ ᠤᠷᠤᠭ᠍ᠰᠢᠯᠠᠨ ᠲᠠᠪᠱᠢᠭᠣᠯᠣᠭ᠍ᠰᠠᠨ ᠡᠪ ᠬᠠᠮᠳᠤ ᠨᠠᠮ ᠪᠤᠯ ᠡᠷᠭᠡ ᠴᠢᠯᠦᠭᠡᠳᠦ ᠠᠷᠠᠳ ᠲᠦᠮᠡᠨ᠎ᠤ᠎ᠪᠠᠨ ᠰᠡᠳᠭᠢᠯ᠎ᠳᠤ ᠮᠦᠩᠭᠡ᠎ᠶ᠋ᠢᠨ ᠨᠠᠷᠠ ᠶᠤᠮ᠃ ᠤᠷᠭᠤᠵᠦ᠍ ᠰᠠᠴᠤᠷᠠᠬᠤ ᠨᠠᠷᠠ᠎ᠶ᠋ᠢ ᠡᠨᠡᠷᠢᠯᠳᠦ ᠨᠠᠮ᠎ᠢᠶᠠᠨ ᠭᠡᠵᠦ᠍ ᠪᠤᠳᠤᠬᠤ᠎ᠳᠤ᠂ ᠲᠡᠭ᠌ᠷᠢ ᠡᠷᠬᠦᠵᠦ᠍ ᠰᠡᠭᠦᠢᠨ ᠰᠦᠨᠳᠡᠷᠯᠡᠬᠦ᠌ ᠮᠦᠩᠭᠡ᠎ᠶ᠋ᠢᠨ ᠬᠤᠳᠤᠭ᠎ᠲᠠᠢ ᠠᠭᠤᠯᠠᠰ ᠮᠢᠨᠦ᠍ ᠰᠡᠳᠭᠢᠯ᠎ᠳᠤ ᠡᠶ᠎ᠡ ᠨᠠᠢᠷᠠᠮᠳᠠᠭᠤ᠂ ᠡᠷᠭᠡ ᠴᠢᠯᠦᠭᠡᠳᠦ᠂ ᠭᠡᠢᠮᠤᠷᠢ ᠪᠤᠰᠤᠭ᠎ᠠ ᠡᠭᠡ ᠤᠷᠤᠨ ᠪᠤᠯᠵᠦ᠍ ᠭᠡᠷᠡᠯᠳᠦᠨ᠎ᠡ᠃

《ᠡᠨᠡ ᠬᠤᠷᠸ᠎ᠠ ᠨᠠᠷᠠ᠎ᠲᠠᠢ᠎ᠳᠠᠭᠠᠨ ᠲᠤᠩᠭᠠᠯᠠᠭ᠂ ᠡᠭᠡ ᠤᠷᠤᠨ ᠮᠢᠨᠢ ᠨᠠᠮ᠎ᠲᠠᠢ᠎ᠳᠠᠭᠠᠨ ᠲᠦᠱᠢᠭ》 ᠭᠡᠰᠡᠨ ᠡᠮᠡᠭᠡ᠎ᠶ᠋ᠢᠨ ᠦᠭᠡ᠎ᠶ᠋ᠢ ᠡᠷᠭᠢᠴᠡᠬᠦᠯᠦᠨ ᠲᠤᠩᠭᠠᠬᠤ᠎ᠪᠠᠷ ᠮᠠᠰᠢ ᠤᠳᠭ᠎ᠠ ᠤᠴᠢᠷ᠎ᠲᠠᠢ ᠪᠠᠢᠯ᠎ᠠ᠃ ᠬᠠᠷᠠᠩᠭᠤᠢ ᠨᠡᠢᠭᠡᠮ᠎ᠤᠨ ᠬᠠᠯᠠ ᠲᠠᠮᠤ᠎ᠶ᠋ᠢ ᠬᠠᠱᠢᠷᠠᠳᠠᠯ᠎ᠠ ᠠᠮᠰᠠᠭ᠍ᠰᠠᠨ ᠮᠢᠨᠦ᠍ ᠡᠮᠡᠭᠡ᠎ᠳᠤ ᠲᠤᠮᠳᠠᠳᠤ ᠤᠯᠤᠰ᠎ᠤᠨ ᠡᠪ ᠬᠠᠮᠳᠤ ᠨᠠᠮ ᠭᠡᠵᠦ᠍ ᠪᠤᠷᠬᠠᠨ᠎ᠠᠴᠠ ᠢᠯᠡᠬᠦᠦ ᠡᠷᠭᠢᠮ ᠲᠡᠭᠡᠳᠦ ᠪᠤᠳᠤᠭ᠍ᠳᠠᠬᠤ᠎ᠨᠢ ᠦᠨᠡᠨ᠃ ᠵᠠᠪ ᠯᠠ ᠭᠠᠷᠤᠭ᠍ᠰᠠᠭᠠᠷ ᠪᠡᠭᠡᠵᠢᠩ ᠵᠦᠭ ᠬᠠᠨᠳᠤᠵᠦ᠍ 《ᠡᠪ ᠬᠠᠮᠳᠤ ᠨᠠᠮ ᠪᠠᠢᠭ᠍ᠰᠠᠨ᠎ᠳᠠᠭᠠᠨ ᠦᠭᠡᠳᠡ ᠡᠰᠡᠷᠡᠭ ᠡᠭᠡ ᠤᠷᠤᠨ ᠪᠤᠢ᠂ ᠦᠨᠦᠳᠦᠷ᠎ᠤᠨ ᠵᠤᠯ ᠵᠢᠷᠭᠠᠯᠳᠤ ᠠᠮᠢᠳᠤᠷᠠᠯ ᠪᠤᠢ》 ᠭᠡᠮᠡᠨ ᠵᠠᠯᠪᠠᠷᠢᠵᠦ᠍ ᠲᠠᠭᠠᠳᠭᠠᠳᠠᠭ᠃

ᠮᠢᠨᠦ᠍ ᠡᠮᠡᠭᠡ ᠬᠠᠷᠠᠬᠠᠨ ᠪᠠᠭ᠎ᠠ᠎ᠠᠴᠠ᠎ᠪᠠᠨ ᠰᠤᠷᠭᠠᠭᠤᠯᠢ᠎ᠳᠤ ᠰᠠᠭᠤᠭ᠎ᠠ ᠦᠭᠡᠢ᠃ ᠨᠤᠮ ᠪᠢᠴᠢᠭ ᠰᠤᠷᠬᠤ ᠠᠵᠠ ᠵᠠᠪᠱᠢᠶᠠᠨ ᠴᠦ᠍ ᠤᠯᠳᠠᠭ᠍ᠰᠠᠨ ᠦᠭᠡᠢ᠃ ᠭᠡᠬᠦ᠌᠎ᠳᠡᠭᠡᠨ ᠨᠠᠮᠠᠶ᠋ᠢ ᠪᠤᠭ᠍ᠴᠦ ᠡᠭᠦᠷᠦᠭᠡᠳ ᠭᠡᠷ᠎ᠠᠴᠠ ᠭᠠᠷᠬᠤ ᠪᠣᠯᠭᠠᠨ 《ᠪᠢᠴᠢᠭ ᠰᠤᠶᠤᠯ᠎ᠢᠶᠠᠨ ᠰᠠᠢᠨ ᠰᠤᠷᠴᠦ᠍ ᠲᠦᠷᠦ᠍ ᠬᠦᠷᠦᠨ᠎ᠳᠤ ᠲᠤᠰᠠᠳᠠᠢ ᠬᠦᠮᠦᠨ ᠪᠤᠯᠤᠭᠠᠷᠠᠢ》 ᠭᠡᠵᠦ᠍ ᠰᠠᠨᠠᠭᠤᠯᠵᠦ᠍ ᠶᠠᠷᠢᠬᠤ ᠪᠦᠭᠡᠳ 《ᠪᠢ ᠡᠨᠡ ᠦᠶ᠎ᠡ᠎ᠳᠤ ᠲᠦᠷᠦᠭ᠌ᠰᠡᠨ ᠪᠤᠯ ᠪᠢᠴᠢᠭ ᠨᠤᠮ᠎ᠢ ᠦᠵᠦᠬᠦᠷ᠎ᠲᠤᠨᠢ ᠭᠠᠷᠳᠠᠯ᠎ᠠ ᠰᠤᠷᠬᠤ ᠦᠭᠡᠢ᠎ᠤᠤ ᠳ᠋ᠠ!》 ᠭᠡᠮᠡᠨ ᠬᠠᠷᠠᠮᠰᠠᠨ᠎ᠠ᠃ ᠭᠡᠦᠭᠡᠳ ᠨᠠᠰᠤᠨ᠎ᠠᠴᠠ᠎ᠪᠠᠨ ᠬᠦᠮᠦᠨ᠎ᠤ ᠭᠡᠷ᠎ᠲᠤ ᠬᠦᠴᠦ᠍ ᠶᠠᠪᠤᠵᠦ᠍᠂ ᠦᠯᠦᠰᠴᠦ᠍ ᠲᠠᠭᠠᠷᠠᠬᠤ᠎ᠶ᠋ᠢ ᠪᠤᠤ ᠭᠡᠯᠡ᠂ ᠴᠤᠭᠢᠵᠦ᠍ ᠵᠤᠳᠤᠭ᠍ᠳᠠᠵᠦ᠍ ᠠᠮᠢ ᠭᠤᠤᠯ᠎ᠢᠶᠠᠨ ᠠᠷᠭᠠᠴᠠᠭ᠍ᠰᠠᠨ ᠡᠮᠡᠭᠡ᠎ᠶᠢᠨ  ᠭᠠᠱᠢᠭᠤᠨ ᠵᠤᠪᠠᠭᠤᠷᠢᠳᠦ ᠦᠯᠢᠭᠡᠷ᠎ᠨᠢ ᠨᠠᠮ᠎ᠠ᠎ᠳᠤ ᠱᠢᠨ᠎ᠠ ᠴᠠᠭ ᠦᠶ᠎ᠡ᠎ᠶ᠋ᠢᠨ ᠡᠷᠭᠡ ᠴᠢᠯᠦᠭᠡᠳᠦ᠂ ᠡᠩᠭᠡ ᠮᠡᠨᠳᠦ᠂ ᠡᠰᠡᠨᠢᠯ ᠵᠢᠷᠭᠠᠯ᠎ᠢ ᠲᠠᠨᠢᠭᠤᠯᠵᠦ᠍᠂ ᠨᠠᠮ ᠭᠢᠭᠡᠳ ᠡᠭᠡ ᠤᠷᠤᠨ᠎ᠢᠶᠠᠨ ᠬᠠᠢᠷᠠᠯᠠᠬᠤ ᠤᠬᠠᠮᠰᠠᠷ᠎ᠢ ᠮᠢᠨᠢ ᠲᠡᠭᠡᠭ᠌ᠰᠢᠯᠡᠬᠦᠯᠦᠭ᠌ᠰᠡᠨ ᠭᠡᠵᠦ᠍ ᠭᠡᠯᠡᠬᠦ᠌᠎ᠳᠤ ᠢᠯᠡᠬᠦᠳᠡᠮᠡᠷ ᠦᠭᠡᠢ᠃

ᠰᠤᠳᠤ ᠮᠡᠷᠭᠡᠨ ᠨᠠᠮ᠎ᠤᠨ᠎ᠢᠶᠠᠨ ᠵᠦᠪ ᠤᠳᠤᠷᠢᠳᠤᠯᠭ᠎ᠠ ᠲᠤᠤᠷ᠎ᠠ ᠨᠢᠰᠭᠦ ᠮᠡᠳᠦ ᠬᠦᠭ᠌ᠵᠢᠨ ᠴᠡᠴᠡᠭ᠌ᠯᠡᠬᠦ᠌ ᠡᠭᠡ ᠤᠷᠤᠨ᠎ᠤ᠎ᠪᠠᠨ ᠦᠭᠡᠳᠡ ᠦᠯᠵᠡᠢ᠎ᠲᠠᠢ᠂ ᠰᠦᠷ ᠭᠡᠷᠡᠯ᠎ᠲᠠᠢ ᠲᠦᠷᠢ ᠲᠦᠷᠬᠦ᠌᠎ᠶ᠋ᠢ ᠬᠠᠷᠠᠬᠤ᠎ᠳᠠᠭᠠᠨ ᠪᠢ ᠲᠡᠯᠡᠭᠡᠢ᠎ᠳᠤ ᠬᠠᠮᠤᠭ᠎ᠤᠨ ᠠᠵᠠ ᠪᠤᠶᠠᠨ᠎ᠲᠠᠢ ᠰᠠᠨᠠᠭ᠍ᠳᠠᠵᠦ᠍᠂ 《ᠲᠡᠯᠡᠭᠡᠢ᠎ᠳᠤ ᠡᠭᠡ ᠤᠷᠤᠨ᠎ᠠᠴᠠ ᠦᠭᠡᠷ᠎ᠡ ᠰᠠᠢᠬᠠᠨ ᠭᠠᠵᠠᠷ ᠭᠡᠵᠦ᠍ ᠠᠯᠠᠭ᠎ᠠ᠃ ᠱᠢᠷᠭᠡᠭ ᠡᠪᠡᠰᠦ᠂ ᠲᠤᠰᠤᠯ ᠤᠰᠤ᠂ ᠭᠡᠰᠡᠭ ᠴᠢᠯᠠᠭᠤ᠎ᠨᠢ ᠴᠦ᠍ ᠮᠢᠨᠦ ᠵᠢᠷᠦᠭᠡᠨ᠎ᠠᠴᠠ ᠬᠤᠯᠪᠤᠭ᠎ᠠ᠎ᠲᠠᠢ ᠁》 ᠭᠡᠰᠡᠨ ᠲᠠᠭᠤᠤ ᠵᠢᠨ ᠦᠭᠡ ᠤᠢ ᠪᠢᠯᠢᠭ᠎ᠢ ᠭᠡᠢᠬᠦᠯᠵᠦ᠍ ᠰᠡᠳᠭᠢᠯ᠎ᠳᠤ ᠲᠤᠶᠠᠭᠠᠷᠠᠵᠦ᠍ ᠪᠠᠭᠤᠨ᠎ᠠ᠃

《ᠪᠢ ᠰᠤᠶᠤᠯ ᠮᠡᠳᠡᠯᠭᠡ᠎ᠪᠠᠷ ᠰᠡᠭᠡᠭᠡᠷᠡᠵᠦ᠍᠂ ᠡᠭᠡ ᠤᠷᠤᠨ᠎ᠤ᠎ᠪᠠᠨ ᠬᠦᠭ᠌ᠵᠢᠯ᠎ᠳᠤ ᠦᠪᠡᠷ᠎ᠤᠨ ᠪᠤᠢ ᠪᠦᠬᠦᠢ ᠬᠦᠴᠦᠨ ᠴᠢᠳᠠᠯ᠎ᠢᠶᠠᠨ ᠡᠷᠬᠦᠨ᠎ᠡ》 ᠭᠡᠵᠦ᠍ ᠲᠤᠳᠤᠷ᠎ᠠ᠎ᠪᠠᠨ ᠴᠢᠩᠭ᠎ᠠ ᠪᠤᠳᠤᠵᠦ᠍ ᠴᠠᠭ ᠮᠦᠴᠡ᠎ᠲᠠᠢ ᠤᠷᠤᠯᠳᠤᠨ ᠴᠢᠷᠮᠠᠢᠨ ᠲᠡᠮᠡᠦᠯᠬᠦ᠌᠎ᠳᠤ ᠨᠠᠷᠠ ᠰᠠᠷᠠ ᠬᠤᠶᠠᠷ ᠬᠦᠷᠳᠡᠯ᠎ᠡ ᠮᠦᠷᠦᠨ ᠲᠡᠭᠡᠷ᠎ᠡ ᠱᠢᠪᠠᠭᠤ ᠱᠢᠭ᠋ ᠰᠠᠭᠤᠵᠦ᠍ ᠡᠭᠡᠯᠵᠢᠯᠡᠨ ᠵᠢᠷᠭᠢᠬᠦ᠌ ᠰᠢᠣᠬᠠᠨ ᠪᠤᠯᠤᠨ᠎ᠠ᠃ ᠲᠡᠷᠡ᠎ᠬᠦ᠌ ᠬᠤᠷᠤᠮ ᠳ᠋ᠦ ᠮᠢᠨᠦ᠍ ᠡᠭᠡ ᠤᠷᠤᠨ ᠲᠡᠭ᠌ᠷᠢ ᠱᠢᠭ ᠬᠦᠭᠡᠷᠡᠵᠦ᠍᠂ ᠲᠠᠯ᠎ᠠ ᠱᠢᠭ᠋ ᠨᠤᠭᠤᠭᠠᠷᠠᠭᠠᠳ ᠦᠨᠢ ᠮᠦᠩᠭᠡ᠎ᠶ᠋ᠢᠨ᠎ᠬᠢ ᠪᠤᠯᠵᠦ᠍ ᠦᠵᠡᠭ᠌ᠳᠡᠨ᠎ᠡ᠃

ᠡᠪ ᠬᠠᠮᠳᠤ ᠨᠠᠮ᠎ᠤᠨ ᠵᠦᠪ ᠤᠳᠤᠷᠢᠳᠤᠯᠭ᠎ᠠ᠎ᠲᠤᠤᠷ᠎ᠠ᠂ ᠡᠭᠡ ᠤᠷᠤᠨ ᠮᠢᠨᠢ ᠶᠠᠳᠠᠭᠤ ᠬᠤᠴᠤᠷᠣᠩᠭᠤᠢ᠎ᠠᠴᠠ᠎ᠪᠠᠨ ᠪᠦᠷᠢᠮᠦᠰᠦᠨ ᠰᠠᠯᠵᠦ᠍ ᠲᠡᠦᠭᠡᠨ᠎ᠳᠤ ᠭᠠᠷᠤᠭ᠎ᠠ ᠦᠭᠡᠢ ᠬᠦᠴᠦᠷᠭᠡᠭ᠌ᠵᠢᠨ ᠴᠢᠨᠡᠭᠡᠯᠡᠭ᠌ᠵᠢᠭ᠌ᠰᠡᠨ᠎ᠢ ᠲᠡᠯᠡᠭᠡᠢ ᠮᠡᠳᠡᠨ᠎ᠡ᠃ ᠲᠠᠷᠤᠯᠠᠯ ᠮᠦᠯᠵᠢᠯ᠎ᠢ ᠠᠮᠰᠠᠭ᠍ᠰᠠᠨ ᠦᠩᠭᠡᠷᠡᠭ᠌ᠰᠡᠨ ᠤᠨ ᠵᠢᠯ ᠮᠡᠳᠡᠨ᠎ᠡ᠂ ᠦᠯᠦᠰᠭᠦᠯᠡᠩ ᠨᠢᠴᠦᠬᠦᠨ ᠶᠠᠪᠤᠭ᠍ᠰᠠᠨ ᠡᠳᠦᠷ ᠬᠤᠨᠤᠭ ᠮᠡᠳᠡᠨ᠎ᠡ᠃ ᠭᠡᠳᠡᠯ᠎ᠡ ᠮᠢᠨᠦ᠍ ᠱᠢᠳᠦᠳᠡᠭ ᠡᠪ ᠬᠠᠮᠳᠤ ᠨᠠᠮ ᠮᠢᠨᠢ᠂ ᠲᠠᠢᠨ᠎ᠳᠤ ᠲᠤᠷ᠎ᠠ ᠦᠭᠡᠢ᠂ ᠲᠠᠢᠪᠤᠩ᠎ᠳᠤ ᠲᠤᠷᠠᠳᠠᠢ᠃ ᠰᠦᠷᠳᠡᠬᠦᠯᠦᠯ ᠪᠤᠶᠤ ᠲᠦᠷᠢᠮᠡᠭᠡᠢᠯᠡᠯ᠎ᠳᠤ ᠨᠡᠩ ᠲᠤᠷ᠎ᠠ ᠦᠭᠡᠢ᠃ ᠲᠤᠮᠳᠠᠳᠤ᠎ᠶ᠋ᠢᠨ ᠤᠨᠴᠠᠯᠢᠭ᠎ᠢᠶᠠᠨ ᠪᠠᠳᠠᠷᠠᠭᠤᠯᠵᠦ᠍᠂ ᠨᠠᠢᠵᠠᠯᠠᠵᠦ᠍ ᠪᠤᠯᠬᠤ ᠪᠦᠬᠦᠨ᠎ᠲᠠᠢ ᠨᠦᠬᠦᠷᠰᠡᠭ ᠶᠠᠪᠤᠯᠴᠠᠵᠦ᠍᠂ ᠦᠭᠡᠷᠡᠴᠢᠯᠡᠯᠳᠡ ᠨᠡᠭᠡᠭᠡᠯᠳᠡ᠎ᠶ᠋ᠢᠨ ᠲᠦᠷᠦ᠍᠎ᠶ᠋ᠢᠨ ᠪᠤᠳᠤᠯᠭ᠎ᠠ᠎ᠪᠠᠷ᠎ᠢᠶᠠᠨ ᠤᠷᠤᠭ᠍ᠰᠢᠯᠠᠨ ᠲᠠᠪᠱᠢᠵᠦ᠍᠂ ᠦᠭᠡᠳᠡᠯᠡᠨ ᠮᠠᠨᠳᠤᠨ᠎ᠠ᠃

《ᠨᠢᠭᠡ ᠯᠡ ᠪᠦᠮᠪᠦᠷᠴᠡᠭ᠎ᠲᠤ ᠤᠷᠤᠱᠢᠨ ᠲᠤᠭ᠍ᠳᠠᠨᠢᠬᠤ᠎ᠪᠠᠷ ᠨᠢᠭᠡ ᠭᠡᠷ᠎ᠤᠨ᠎ᠬᠢ》 ᠭᠡᠳᠡᠭ ᠠᠭᠤᠳᠠᠮ ᠪᠠᠭ᠍ᠳᠠᠭᠠᠮᠵᠢ᠎ᠲᠠᠢ᠂ ᠠᠯᠤᠰ᠎ᠤᠨ ᠬᠠᠷᠠᠭ᠎ᠠ᠎ᠲᠠᠢ᠂ ᠬᠦᠰᠡᠯ ᠢᠳᠡᠭᠡᠯ᠎ᠲᠠᠢ᠂ ᠬᠦᠮᠦᠨᠴᠢ ᠴᠢᠨᠠᠷ᠎ᠲᠠᠢ ᠡᠭᠡ ᠤᠷᠤᠨ᠎ᠤ ᠮᠢᠨᠢ ᠨᠠᠷᠠ ᠪᠤᠯ ᠲᠨ ᠪᠠᠢᠬᠤ ᠶᠤᠰᠤᠳᠠᠢ!

ᠨᠠᠮ ᠮᠢᠨᠢ᠂ ᠲᠠᠨ᠎ᠢ᠎ᠪᠠᠨ ᠪᠢ ᠨᠠᠷᠠ ᠭᠡᠵᠦ᠍ ᠲᠠᠭᠤᠳᠠᠬᠤ᠎ᠳᠤ ᠲᠡᠭ᠌ᠷᠢ ᠴᠠᠭᠠᠨ᠎ᠠ᠎ᠠᠴᠠ᠎ᠪᠠᠨ ᠲᠤᠶᠠᠭᠠᠷᠠᠨ᠎ᠠ᠃ ᠲᠠᠨ᠎ᠤ ᠲᠦᠷᠦᠭ᠌ᠰᠡᠨ ᠦᠭᠢᠨ ᠭᠡᠵᠦ᠍ ᠦᠪᠡᠷ᠎ᠢ᠎ᠪᠠᠨ ᠪᠠᠭ᠍ᠠᠷᠬᠠᠬᠤ᠎ᠳᠤ ᠠᠭᠤᠯᠠ ᠲᠤᠯᠤᠭᠠᠳ ᠦᠨᠳᠡᠯᠵᠡᠨ᠎ᠡ᠂ ᠤᠷᠤᠰᠭᠠᠯ ᠭᠤᠤᠯ ᠲᠠᠭᠤᠯᠠᠨ᠎ᠠ᠃

ᠨᠠᠮ ᠮᠢᠨᠢ᠂ ᠨᠠᠷᠠ ᠮᠢᠨᠢ ᠳ᠋ᠠ! ᠪᠢ ᠡᠷᠭᠡ ᠲᠠᠩᠭᠢ ᠦᠰᠦᠭ᠌ᠰᠡᠨ ᠲᠠᠨ᠎ᠤ᠎ᠪᠠᠨ ᠦᠭᠢᠨ᠃ ᠪᠢᠳᠡ ᠲᠠᠨ᠎ᠤ᠎ᠪᠠᠨ ᠠᠵᠠ ᠪᠤᠶᠠᠨ᠎ᠢᠶᠠᠷ ᠡᠷᠭᠡ ᠴᠢᠯᠦᠭᠡ᠎ᠶ᠋ᠢ ᠡᠳ᠋ᠯᠡᠭ᠌ᠰᠡᠨ ᠭᠡᠦᠭᠡᠳ ᠡ⁈

ᠨᠠᠮ ᠮᠢᠨᠢ᠂ ᠨᠠᠮ᠎ᠠ᠎ᠶ᠋ᠢ ᠢᠳᠡᠭᠡᠭᠡᠷᠡᠢ! ᠡᠭᠡ ᠤᠷᠤᠨ ᠮᠢᠨᠢ ᠦᠷ᠎ᠡ ᠬᠤᠢᠴᠢᠰ᠎ᠢᠶᠠᠨ ᠬᠠᠷᠠᠵᠦ᠍ ᠪᠠᠶᠠᠰᠤᠭᠠᠷᠠᠢ! ᠪᠢᠳᠡ ᠪᠤᠯ ᠲᠠᠨ᠎ᠤ᠎ᠪᠠᠨ ᠦᠷᠬᠦᠯᠵᠢᠯᠡᠯ᠂ ᠨᠡᠢᠭᠡᠮ ᠵᠢᠷᠦᠮᠳᠦ ᠭᠡᠭᠡᠨ ᠰᠠᠷᠠᠭᠤᠯ ᠵᠠᠮ᠎ᠢ ᠰᠤᠩᠭᠤᠭ᠍ᠰᠠᠨ ᠡᠭᠡ ᠤᠷᠤᠨ᠎ᠤ᠎ᠪᠠᠨ ᠦᠷᠬᠦᠯᠵᠢᠯᠡᠯ ᠶᠤᠮᠰᠠᠨ᠃

ᠨᠠᠮ᠎ᠢᠶᠠᠨ ᠭᠡᠵᠦ᠍ ᠲᠠᠭᠤᠯᠠᠬᠤ᠎ᠳᠤ ᠨᠠᠷᠠ ᠤᠷᠭᠤᠨ᠎ᠠ᠃ ᠡᠭᠡ ᠤᠷᠤᠨ᠎ᠢᠶᠠᠨ ᠭᠡᠵᠦ᠍ ᠱᠢᠯᠦᠭ᠌ᠯᠡᠬᠦ᠌᠎ᠳᠤ ᠠᠭᠤᠯᠠᠰ ᠪᠦᠬᠦᠨ ᠦᠨᠳᠡᠯᠵᠡᠨ᠎ᠡ᠃

ᠢᠷᠡᠭᠡᠳᠦᠢ᠎ᠨᠢ ᠭᠢᠵᠠᠭᠠᠷ ᠦᠭᠡᠢ ᠴᠡᠩᠭᠡᠷᠯᠡᠭ᠌ᠰᠡᠨ ᠮᠢᠨᠦ᠍ ᠮᠦᠩᠭᠡ᠎ᠶ᠋ᠢᠨ ᠡᠭᠡ ᠤᠷᠤᠨ!

ᠮᠦᠩᠭᠡ᠎ᠶ᠋ᠢᠨ ᠨᠠᠷᠠ — ᠮᠢᠨᠦ᠍ ᠱᠢᠳᠦᠭᠡᠨ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号