ᠨᠠᠷᠠᠨᠤ ᠭᠡᠷᠡᠯ ᠠᠭᠣᠳᠠᠮ ᠲᠠᠯᠠ ᠶ᠋ᠢ ᠭᠡᠶ᠋ᠢᠬᠦᠯᠬᠦ᠌ ᠳ᠋ᠥ᠍
ᠨᠣᠮᠢᠨ ᠵᠡᠷᠭᠡᠯᠭᠡᠨ ᠳ᠋ᠥ᠍ ᠠᠭᠣᠯᠠ ᠬᠠᠩᠭᠠᠢ ᠮᠢᠷᠠᠯᠵᠠᠨᠠ
ᠨᠠᠮ ᠤ᠋ᠨ ᠬᠠᠶ᠋ᠢᠷᠠ ᠣᠯᠣᠰ ᠲᠠᠶᠠᠭᠠᠷ ᠢ᠋ ᠢᠪᠡᠭᠡᠬᠦ᠌ ᠳ᠋ᠥ᠍
ᠨᠠᠶ᠋ᠮᠠᠨ ᠵᠣᠪᠬᠢᠰ ᠲᠦ᠍ ᠪᠠᠶᠠᠷᠤᠨ ᠲᠠᠭᠣᠨ ᠬᠠᠩᠭᠢᠨᠠᠨᠠ
ᠰᠣᠳᠣ ᠮᠡᠷᠭᠡᠨ ᠴᠢᠭᠡᠴᠢ ᠶᠣᠰᠣᠨ ᠢ᠋ ᠲᠠᠨᠢᠭᠣᠯᠣᠨ
ᠰᠢᠨᠡ ᠲᠣᠮᠳᠠᠳᠣ ᠪᠠᠨ ᠡᠩᠭᠡ ᠰᠠᠶ᠋ᠢᠬᠠᠨ ᠶ᠋ᠢᠡᠷ ᠴᠣᠭᠴᠠᠯᠠᠵᠣ
ᠰᠢᠷᠭᠠᠭᠣ ᠬᠠᠳᠠᠭᠣᠵᠢᠯᠳᠠᠢ ᠠᠵᠢᠯᠯᠠᠵᠤ ᠠᠮᠢᠳᠣᠷᠠᠬᠣ ᠶ᠋ᠢ ᠣᠷᠢᠶᠠᠯᠠᠨ
ᠰᠢᠨᠵᠢᠯᠡᠬᠦ᠌ ᠣᠬᠠᠭᠠᠨᠴᠢ ᠪᠠᠷ ᠠᠯᠣᠰ ᠢᠷᠡᠭᠡᠳᠦᠢ ᠶ᠋ᠢ ᠵᠡᠪᠰᠡᠭᠯᠡᠭᠰᠡᠨ
ᠦᠨᠡᠨᠴᠢ ᠰᠢᠳᠣᠷᠭᠣ ᠡᠪ ᠨᠢᠭᠳᠠᠷᠠᠯ ᠢ᠋ ᠬᠢᠴᠢᠶᠡᠩᠬᠦᠶ᠋ᠢᠯᠡᠨ
ᠦᠢ ᠲᠦᠮᠡᠨ ᠠᠷᠠᠳ ᠶ᠋ᠢᠡᠨ ᠭᠦᠴᠢᠷ ᠲᠦᠪᠡᠭ ᠡᠴᠠ ᠠᠪᠣᠷᠠᠨ
ᠦᠯᠡᠮᠵᠢ ᠶ᠋ᠢᠨ ᠪᠣᠳᠣᠯᠭᠠ ᠪᠠᠷ ᠨᠡᠶ᠋ᠢᠳᠡ ᠣᠯᠠᠨ ᠶ᠋ᠢᠡᠨ ᠪᠣᠳᠣᠯᠭᠢᠯᠠᠭᠰᠠᠨ
ᠦᠷᠦᠰᠢᠶᠡᠯ ᠡᠨᠡᠷᠢᠯ ᠲᠠᠢ ᠨᠠᠮᠤᠨ ᠮᠢᠨᠢ ᠬᠠᠶ᠋ᠢᠷᠠ ᠬᠠᠯᠠᠮᠵᠢ ᠡ
ᠲᠡᠯᠡᠭᠡᠢ ᠳ᠋ᠠᠭᠢᠨ ᠳ᠋ᠠᠭᠠᠨ ᠲᠣᠷᠭᠠᠨ ᠵᠠᠮ ᠴᠢᠯᠦᠭᠡᠳᠠᠢ
ᠲᠡᠭᠡᠳᠦ ᠲᠡᠭᠷᠢ ᠳ᠋ᠥ᠍ ᠬᠣᠪᠢᠯᠭᠠᠨ ᠤᠩᠭᠤᠴᠠ ᠴᠦᠷᠭᠡᠯᠡᠭᠡᠳᠠᠢ
ᠡᠭᠡ ᠣᠯᠣᠰᠤᠨ ᠮᠢᠨᠢ ᠠᠭᠣᠯᠠ ᠬᠠᠶ᠋ᠢᠷᠬᠠᠳ ᠨᠣᠭᠣᠭᠠᠨ
ᠡᠩᠭᠡ ᠬᠦᠷᠦᠨᠤ ᠮᠢᠨᠢ ᠣᠰᠣ ᠮᠦᠷᠡᠨ ᠨᠣᠮᠢᠨ
ᠨᠠᠮ ᠮᠢᠨᠢ ᠪᠠᠶ᠋ᠢᠳᠠᠭ ᠡᠴᠠ ᠣᠯᠣᠰ ᠮᠢᠨᠢ ᠦᠭᠡᠳᠡᠯᠡᠭᠰᠡᠭᠡᠷ
ᠨᠠᠷᠠ ᠮᠢᠨᠢ ᠪᠠᠶ᠋ᠢᠳᠠᠭ ᠡᠴᠠ ᠴᠡᠴᠡᠭᠡᠰ ᠮᠢᠨᠢ ᠮᠢᠷᠠᠯᠵᠠᠭᠰᠠᠭᠠᠷ
ᠨᠠᠷᠮᠠᠢ ᠣᠷᠴᠢᠯᠠᠩᠤᠨ ᠭᠡᠭᠡᠨ ᠰᠢᠯᠦᠭ ᠪᠦᠳᠦᠭᠡᠵᠣ
ᠨᠠᠰᠣᠨ ᠲᠣᠷᠰᠢ ᠨᠠᠮ ᠶ᠋ᠢᠡᠨ ᠮᠠᠬᠲᠠᠨ ᠲᠠᠭᠣᠯᠠᠨᠠᠮ!