ᠦᠨᠢᠲᠡ ᠳᠤᠷᠠᠳᠭᠠᠬᠤ ᠳᠤᠯᠤᠭᠠᠨ ᠰᠠᠷ᠎ᠠ᠎ᠶ᠋ᠢᠨ ᠨᠢᠭᠡᠨ ᠭᠡᠵᠦ ᠭᠡᠷᠡᠯ ᠰᠠᠴᠤᠷᠠᠭ᠍ᠰᠠᠨ ᠡᠳᠦᠷ
ᠦᠷᠯᠦᠭ ᠨᠠᠮ᠎ᠤᠨ ᠮᠢᠨᠢ ᠮᠡᠨᠳᠦᠯᠡᠭ᠌ᠰᠡᠨ ᠦᠪᠡᠳᠡᠭ᠌ᠰᠢ ᠪᠠᠶᠠᠷᠲᠤ ᠴᠠᠭ ᠡ
ᠦᠢᠯᠡᠰ ᠵᠢᠳᠬᠦᠯ ᠶ᠋ᠢᠡᠷ ᠰᠦᠨᠳᠡᠷᠯᠡᠭ᠌ᠰᠡᠨ ᠠᠯᠮᠠᠰ ᠴᠢᠯᠠᠭᠤᠨ ᠬᠦᠱᠢᠶ᠎ᠡ
ᠭᠠᠰᠠᠯᠠᠩ ᠨᠢᠭᠦᠯᠲᠦ ᠬᠠᠷᠠᠩᠭᠤᠢ ᠶᠢᠷᠲᠢᠨᠴᠤ᠎ᠶ᠋ᠢ ᠲᠤᠢᠯᠪᠤᠷᠢᠲᠠᠢ ᠡᠴᠦᠰᠯᠡᠭᠦᠯᠬᠦ᠌ᠪᠠᠷ
ᠭᠠᠯ ᠪᠠᠳᠠᠷᠠᠭ᠍ᠰᠠᠨ ᠤᠯᠠᠭᠠᠨ ᠤᠩᠭᠤᠴᠠᠨ᠎ᠳᠤ ᠠᠭᠣᠣ ᠨᠠᠮ ᠮᠢᠨᠢ ᠮᠡᠨᠳᠦᠯᠡᠭᠡᠳ
ᠭᠠᠵᠠᠷ ᠲᠡᠭ᠌ᠷᠢ᠎ᠶ᠋ᠢᠨ ᠵᠠᠢ᠎ᠳᠤ ᠠᠪᠤᠷᠭᠤ ᠬᠦᠮᠦᠨ ᠪᠤᠯᠤᠨ ᠰᠦᠨᠳᠡᠷᠯᠡᠭᠰᠡᠨ
ᠳᠤᠮᠳᠠᠲᠤ᠎ᠶ᠋ᠢᠨ ᠲᠦᠮᠡᠨ᠎ᠢᠶᠠᠨ ᠳᠠᠭᠤᠳᠠᠨ ᠰᠡᠷᠡᠭᠡᠭᠰᠡᠨ ᠪᠠᠭᠠᠳᠤᠷ ᠢᠳᠡᠲᠡᠨ
ᠳᠤᠭ᠍ᠰᠢᠨ ᠰᠠᠯᠬᠢ ᠱᠢᠷᠦᠭᠦᠨ ᠳᠠᠪᠠᠯᠭᠠᠨ᠎ᠢ ᠰᠦᠷᠦᠨ ᠤᠷᠤᠭ᠍ᠰᠢᠯᠠᠭ᠍ᠰᠠᠨ ᠬᠠᠪᠤᠷ ᠨᠠᠮᠤᠷ ᠡ
ᠳᠡᠭᠡᠷᠡᠮ ᠲᠡᠷᠰᠯᠡᠭᠦᠴᠦᠳ᠎ᠲᠠᠢ ᠳᠤᠯᠤᠯᠳᠤᠨ ᠲᠡᠮᠡᠴᠡᠭ᠌ᠰᠡᠨ ᠬᠤᠷᠢᠨ ᠨᠠᠢ᠍ᠮᠠᠨ ᠣᠨ ᠵᠢᠯ ᠡ
ᠦᠬᠦᠯ ᠮᠦᠬᠦᠯ᠎ᠤᠨ ᠲᠠᠷᠴᠢᠯᠭᠠᠯ᠎ᠠᠴᠠ ᠬᠦᠪᠡᠭᠦᠳ ᠦᠬᠢᠳ᠎ᠢᠶᠠᠨ ᠠᠪᠤᠷᠠᠵᠤ
ᠡᠨᠡᠯᠦᠯ ᠱᠢᠨᠠᠯᠤᠯᠤᠨ ᠡᠳᠦᠷ ᠬᠤᠨᠤᠭ᠎ᠢ ᠡᠭᠡᠯᠲᠡ ᠦᠭᠡᠢ ᠡᠴᠦᠰᠯᠡᠭᠦᠯᠦᠭᠡᠳ
ᠡᠷᠬᠡ ᠴᠢᠯᠦᠭᠡ ᠡᠩᠬᠡ ᠲᠠᠢᠪᠤᠩ᠎ᠢ ᠠᠷᠠᠳ ᠲᠦᠮᠡᠨ᠎ᠳᠡᠭᠡᠨ ᠡᠳ᠋ᠯᠡᠭᠦᠯᠦᠯᠡ
ᠠᠷᠢᠭᠤᠨ ᠴᠢᠰᠤ᠎ᠪᠠᠨ ᠤᠷᠤᠰᠭᠠᠨ ᠠᠯᠲᠠᠨ ᠠᠮᠢ᠎ᠪᠠᠨ ᠦᠷᠡᠭ᠌ᠳᠡᠭᠦᠯᠦᠭ᠌ᠰᠡᠨ
ᠠᠷᠤᠤᠬᠠᠨ ᠪᠠᠭᠠᠳᠤᠷᠴᠤᠳ᠎ᠤᠨ ᠴᠠᠭᠠᠨ ᠶᠠᠰᠤ ᠡᠩᠬᠡ᠎ᠶ᠋ᠢᠨ ᠲᠠᠭ᠍ᠲᠠᠭ᠎ᠠ ᠪᠤᠯᠤᠨ ᠨᠢᠰᠦᠭᠡᠳ
ᠠᠭᠤᠳᠠᠮ ᠤᠭ᠍ᠲᠠᠷᠭᠤᠢ᠎ᠶ᠋ᠢᠨ ᠬᠦᠨᠳᠤ 《ᠨᠠᠢᠷᠠᠮᠳᠠᠯ》 ᠤ᠋ᠨ ᠠᠶ᠎ᠠ ᠴᠢᠪᠠᠭ᠍ᠳᠠᠨᠠ
ᠦᠭᠡᠷᠡᠴᠢᠯᠡᠯᠲᠡ ᠨᠡᠭᠡᠭᠡᠯᠲᠡ᠎ᠶ᠋ᠢᠨ ᠬᠠᠷᠭᠤᠢ᠎ᠪᠠᠷ ᠴᠤᠴᠠᠯᠲᠠ ᠦᠭᠡᠢ ᠵᠠᠮᠨᠠᠵᠤ
ᠦᠪᠡᠷ᠎ᠤᠨ ᠬᠦᠴᠦ᠍᠎ᠪᠠᠷ᠎ᠢᠶᠠᠨ ᠳᠡᠭ᠌ᠵᠢᠷᠡᠨ ᠲᠦᠮᠡᠨ᠎ᠤ ᠵᠣᠷᠢᠭ᠎ᠢ ᠡᠷᠴᠢᠯᠡᠭᠡᠳ
ᠦᠭᠡᠢᠭᠦᠦ ᠶᠠᠳᠠᠭᠤ᠎ᠶ᠋ᠢᠨ ᠬᠦᠴᠢᠷᠳᠡᠯ᠎ᠠᠴᠠ ᠦᠨᠢᠷ ᠤᠯᠠᠨ᠎ᠢᠶᠠᠨ ᠰᠠᠯᠭᠠᠯᠠ
ᠰᠠᠨᠰᠠᠷ᠎ᠤᠨ ᠦᠷᠲᠡᠭᠡ᠎ᠶ᠋ᠢ ᠪᠠᠢᠭᠤᠯᠤᠨ ᠬᠠᠨᠠᠭᠠᠷ ᠤᠷᠴᠢᠯᠠᠩ᠎ᠳᠤ ᠰᠠᠭᠤᠷᠢᠱᠢᠵᠤ
ᠰᠠᠷᠠᠨ ᠪᠦᠮᠪᠦᠷᠴᠡᠭ᠎ᠲᠤ ᠠᠪᠠᠷᠢᠨ ᠰᠣᠨᠢᠨ ᠭᠠᠢᠬᠠᠮᠱᠢᠭ᠎ᠢ᠎ᠨᠢ ᠨᠢᠭ᠍ᠲᠠᠯᠠᠭᠠᠳ
ᠰᠦᠨ ᠳᠠᠯᠠᠢ᠎ᠶ᠋ᠢᠨ ᠢᠷᠤᠭᠠᠷ᠎ᠲᠤ ᠰᠠᠭᠠᠳᠠᠨ ᠱᠢᠨᠵᠢᠯᠡᠭᠡ ᠰᠤᠲᠤᠯᠭ᠎ᠠ ᠬᠢᠨ᠎ᠡ
ᠬᠦᠭᠡᠮᠳᠦᠭ ᠨᠤᠭᠤᠭᠠᠨ ᠠᠭᠤᠯᠠ ᠤᠰᠤ ᠬᠦᠮᠦᠰ᠎ᠤᠨ ᠬᠠᠷᠠᠭ᠎ᠠ᠎ᠶ᠋ᠢ ᠰᠤᠭ᠍ᠲᠤᠭᠤᠷᠠᠭᠤᠯᠵᠤ
ᠬᠦᠳᠡᠭᠡ ᠲᠤᠰᠭᠤᠨ᠎ᠤ ᠬᠦᠭ᠌ᠵᠢᠯ ᠲᠡᠭ᠌ᠵᠢᠷᠡᠯ ᠲᠠᠷᠢᠶᠠᠴᠢᠨ ᠮᠠᠯᠴᠢᠨ᠎ᠢ ᠤᠮᠤᠭ᠍ᠰᠢᠭᠤᠯᠤᠨ
ᠬᠤᠳᠠ ᠪᠠᠯᠭᠠᠰᠤ᠎ᠶ᠋ᠢᠨ ᠭᠤᠶᠤᠮᠰᠤᠭ ᠬᠤᠪᠢᠷᠠᠯᠲᠠ ᠰᠠᠭᠤᠭᠠᠯᠢ ᠠᠷᠠᠳ᠎ᠢ ᠬᠦᠭ᠌ᠰᠡᠭᠦᠯᠦᠨᠡ
ᠦᠨᠳᠦᠰᠦᠲᠡᠨ ᠪᠦᠬᠦᠨ ᠪᠦᠯᠬᠦᠮᠳᠡᠨ ᠨᠢᠭᠳᠠᠷᠠᠵᠦ ᠨᠠᠮ᠎ᠢᠶᠠᠨ᠎ᠲᠠᠭᠠᠨ ᠤᠷᠤᠭ᠍ᠰᠢᠯᠠᠨ᠎ᠠ
ᠠᠷᠠᠳ ᠲᠦᠮᠡᠨ ᠪᠠᠶᠠᠵᠢᠨ ᠴᠢᠨᠡᠭᠡᠯᠢᠭ᠌ᠵᠢᠵᠦ᠍ ᠨᠠᠮ᠎ᠤᠨ᠎ᠢᠶᠠᠨ ᠠᠴᠢ᠎ᠳᠤ ᠲᠠᠯᠠᠷᠬᠠᠨ᠎ᠠ
ᠤᠯᠤᠰ ᠤᠷᠤᠨ ᠬᠦᠴᠦᠷᠭᠡᠭ᠌ᠵᠢᠨ ᠮᠠᠨᠳᠤᠵᠤ ᠨᠠᠮ᠎ᠤᠨ᠎ᠢᠶᠠᠨ ᠤᠳᠤᠷᠢᠳᠤᠯᠭ᠎ᠠ᠎ᠶ᠋ᠢ ᠬᠦᠷᠢᠶᠡᠯᠡᠨ᠎ᠡ
ᠵᠠᠭᠤᠨ ᠰᠤᠨᠳᠠᠯᠠᠭ᠍ᠰᠠᠨ ᠲᠤᠤᠯᠢᠰ ᠪᠢᠴᠢᠭ᠌ᠯᠡᠨ ᠳᠡᠯᠡᠬᠡᠢ᠎ᠳᠤ ᠦᠵᠦᠭᠦᠷᠯᠡᠭ᠌ᠰᠡᠨ ᠨᠠᠮ ᠮᠢᠨᠢ
ᠵᠤᠢᠯ᠎ᠤᠨ ᠰᠠᠭᠠᠳ᠎ᠢ ᠢᠯᠡᠨ ᠳᠠᠪᠠᠭᠠᠳ ᠳᠠᠢᠴᠢᠨ ᠰᠦᠷ᠎ᠢᠶᠠᠨ ᠭᠠᠢᠬᠠᠭᠤᠯᠤᠨ
ᠵᠣᠷᠢᠭ ᠵᠠᠩᠭᠢᠳᠴᠤ᠌ ᠵᠤᠯᠪᠤᠭ᠎ᠠ ᠪᠠᠳᠠᠷᠠᠨ ᠵᠤᠷᠢᠭ᠍ᠰᠠᠨ ᠬᠠᠷᠠᠯᠲᠠ ᠵᠦᠭᠶ᠋ᠢᠡᠨ ᠲᠡᠮᠡᠦᠯᠣᠨᠡ!